1 2 3 4 5 6 7 8 9 10 11 12 13 14 15 16 17 18 19 20 21 22 23 24 25 26 27


ᠯᠧᠸᠢ ᠬᠣᠷᠢᠨ ᠳᠣᠯᠣᠭ᠎ᠠ

1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ ᠬᠡᠷᠪᠡ ᠬᠡᠨ ᠨᠢᠭᠡᠨ ᠨᠢ ᠥᠪᠡᠷ ᠢ ᠪᠠᠨ᠂ ᠡᠰᠡᠪᠡᠯ ᠬᠥᠮᠦᠨ ᠢ ᠶᠣᠬᠣᠸᠠ ᠳᠤ ᠵᠣᠷᠢᠭᠤᠯᠬᠤ ᠪᠠᠷ ᠣᠨᠴᠠᠭᠠᠢ ᠲᠠᠩ᠋ᠭᠠᠷᠢᠭ ᠬᠢᠬᠦ ᠭᠡᠪᠡᠯ᠂ ᠦᠨ᠎ᠡ ᠶᠢ ᠨᠢ ᠲᠣᠭᠲᠠᠭᠠᠬᠤ ᠬᠡᠷᠡᠭᠲᠡᠢ᠃ 3 ᠬᠣᠷᠢ ᠡᠴᠡ ᠵᠢᠷᠠ ᠬᠦᠷᠲᠡᠯᠡᠬᠢ ᠨᠠᠰᠤᠨ ᠤ ᠡᠷᠡᠭᠲᠡᠢ ᠶᠢᠨ ᠦᠨ᠎ᠡ ᠶᠢ ᠴᠢ ᠠᠷᠢᠭᠤᠨ ᠭᠠᠵᠠᠷ ᠤᠨ ᠪᠠᠷᠢᠮᠵᠢᠶ᠎ᠠ ᠪᠠᠷ ᠲᠠᠪᠢᠨ ᠱᠧᠺᠧᠯ 22 ᠮᠥᠩᠭᠥ ᠪᠡᠷ᠂ 4 ᠡᠮᠡᠭᠲᠡᠢ ᠶᠢᠨ ᠦᠨ᠎ᠡ ᠶᠢ ᠭᠤᠴᠢᠨ ᠱᠧᠺᠧᠯ 23 5 ᠲᠠᠪᠤ ᠠᠴᠠ ᠬᠣᠷᠢᠨ ᠨᠠᠰᠤ ᠬᠦᠷᠲᠡᠯᠡᠬᠢ ᠬᠥᠮᠦᠨ ᠦ ᠬᠤᠪᠢ ᠳᠤ᠂ ᠡᠷᠡᠭᠲᠡᠢ ᠶᠢᠨ ᠦᠨ᠎ᠡ ᠶᠢ ᠬᠣᠷᠢᠨ ᠱᠧᠺᠧᠯ 24 ᠂ ᠡᠮᠡᠭᠲᠡᠢ ᠶᠢᠨ ᠦᠨ᠎ᠡ ᠶᠢ ᠠᠷᠪᠠᠨ ᠱᠧᠺᠧᠯ 25 6 ᠨᠢᠭᠡ ᠰᠠᠷ᠎ᠠ ᠲᠠᠢ ᠠᠴᠠ ᠲᠠᠪᠤᠨ ᠨᠠᠰᠤ ᠬᠦᠷᠲᠡᠯᠡᠬᠢ ᠬᠥᠮᠦᠨ ᠦ ᠬᠤᠪᠢ ᠳᠤ᠂ ᠡᠷᠡᠭᠲᠡᠢ ᠶᠢᠨ ᠦᠨ᠎ᠡ ᠶᠢ ᠲᠠᠪᠤᠨ ᠱᠧᠺᠧᠯ 26 ᠂ ᠡᠮᠡᠭᠲᠡᠢ ᠶᠢᠨ ᠦᠨ᠎ᠡ ᠶᠢ ᠭᠤᠷᠪᠠᠨ ᠱᠧᠺᠧᠯ 27 7 ᠵᠢᠷᠠ ᠠᠴᠠ ᠳᠡᠭᠡᠭᠰᠢ ᠨᠠᠰᠤᠨ ᠤ ᠬᠥᠮᠦᠨ ᠦ ᠬᠤᠪᠢ ᠳᠤ᠂ ᠡᠷᠡᠭᠲᠡᠢ ᠶᠢᠨ ᠦᠨ᠎ᠡ ᠶᠢ ᠠᠷᠪᠠᠨ ᠲᠠᠪᠤᠨ ᠱᠧᠺᠧᠯ 28 ᠂ ᠡᠮᠡᠭᠲᠡᠢ ᠶᠢᠨ ᠦᠨ᠎ᠡ ᠶᠢ ᠠᠷᠪᠠᠨ ᠱᠧᠺᠧᠯ 29 ᠮᠥᠩᠭᠥ ᠪᠡᠷ ᠲᠣᠭᠲᠠᠭ᠎ᠠ᠃ 8 ᠬᠠᠷᠢᠨ ᠬᠡᠨ ᠨᠢᠭᠡ ᠨᠢ ᠶᠠᠳᠠᠭᠤ ᠶᠢᠨ ᠤᠯᠠᠮ ᠢᠶᠠᠷ ᠲᠣᠭᠲᠠᠭᠠᠭᠰᠠᠨ ᠦᠨ᠎ᠡ ᠶᠢ ᠴᠢᠨᠢ ᠲᠥᠯᠥᠬᠦ ᠴᠢᠳᠠᠯ ᠦᠭᠡᠢ ᠪᠠᠢᠬᠤ ᠲᠣᠬᠢᠶᠠᠯᠳᠤᠯ ᠳᠤ᠂ ᠲᠡᠭᠦᠨ ᠢ ᠲᠠᠬᠢᠯᠴᠢ ᠶᠢᠨ ᠡᠮᠦᠨ᠎ᠡ ᠠᠪᠠᠴᠢᠪᠠᠯ᠂ ᠲᠠᠬᠢᠯᠴᠢ ᠲᠡᠭᠦᠨ ᠦ ᠦᠨ᠎ᠡ ᠶᠢ ᠲᠣᠭᠲᠠᠭᠠᠬᠤ ᠪᠣᠯᠣᠨ᠎ᠠ᠃
 ᠶᠣᠬᠣᠸᠠ ᠳᠤ ᠵᠣᠷᠢᠭᠤᠯᠤᠭᠰᠠᠨ ᠡᠷᠭᠦᠯ ᠤᠳ

9 ᠬᠡᠷᠪᠡ ᠮᠠᠯ ᠠᠮᠢᠲᠠᠨ ᠢ ᠡᠷᠭᠦᠯ ᠪᠣᠯᠭᠠᠨ ᠶᠣᠬᠣᠸᠠ ᠳᠤ ᠪᠠᠷᠢᠬᠤ ᠪᠠᠷ ᠲᠠᠩ᠋ᠭᠠᠷᠢᠭ ᠬᠢᠭᠰᠡᠨ ᠪᠣᠯ᠂ ᠶᠣᠬᠣᠸᠠ ᠳᠤ ᠡᠷᠭᠦᠬᠦ ᠡᠳᠡᠭᠡᠷ ᠠᠮᠢᠲᠠᠨ ᠪᠦᠷ ᠠᠷᠢᠭᠤᠨ ᠪᠣᠯᠬᠣᠷ 10 ᠬᠥᠮᠦᠨ ᠲᠡᠭᠦᠨ ᠢᠶᠡᠨ ᠰᠣᠯᠢᠵᠤ ᠦᠯᠦ ᠪᠣᠯᠣᠨ᠎ᠠ᠂ ᠰᠠᠢᠨ ᠢ ᠮᠠᠭᠤ ᠪᠠᠷ ᠴᠤ᠂ ᠮᠠᠭᠤ ᠶᠢ ᠰᠠᠢᠨ ᠢᠶᠠᠷ ᠴᠤ ᠣᠷᠣᠯᠠᠭᠤᠯᠵᠤ ᠪᠣᠯᠬᠤ ᠦᠭᠡᠢ᠃ ᠬᠡᠷᠪᠡ ᠠᠮᠢᠲᠠᠨ ᠢ ᠠᠮᠢᠲᠠᠨ ᠢᠶᠠᠷ ᠰᠣᠯᠢᠪᠠᠯ ᠲᠡᠷᠡ ᠠᠮᠢᠲᠠᠨ ᠪᠣᠯᠣᠨ ᠰᠣᠯᠢᠭᠰᠠᠨ ᠠᠮᠢᠲᠠᠨ ᠬᠣᠶᠠᠭᠤᠯᠠ ᠪᠠᠨ ᠠᠷᠢᠭᠤᠨ ᠡᠷᠭᠦᠯ ᠪᠣᠯᠣᠨ᠎ᠠ᠃ 11 ᠬᠡᠷᠪᠡ ᠲᠡᠷᠡ ᠠᠮᠢᠲᠠᠨ ᠪᠤᠵᠠᠷ ᠤᠴᠢᠷ ᠠᠴᠠ ᠶᠣᠬᠣᠸᠠ ᠳᠤ ᠡᠷᠭᠦᠬᠦ ᠡᠷᠭᠦᠯ ᠪᠣᠯᠭᠠᠵᠤ ᠪᠣᠯᠬᠤ ᠦᠭᠡᠢ ᠪᠠᠢᠪᠠᠯ᠂ ᠲᠡᠭᠦᠨ ᠢ ᠲᠠᠬᠢᠯᠴᠢ ᠶᠢᠨ ᠡᠮᠦᠨ᠎ᠡ ᠵᠣᠭᠰᠣᠭᠠᠵᠤ᠂ 12 ᠲᠠᠬᠢᠯᠴᠢ ᠲᠡᠭᠦᠨ ᠦ ᠰᠠᠢᠨ ᠮᠠᠭᠤ ᠶᠢ ᠦᠨᠡᠯᠡᠨ᠎ᠡ᠃ ᠦᠨ᠎ᠡ ᠨᠢ ᠲᠠᠬᠢᠯᠴᠢ ᠶᠢᠨ ᠦᠨᠡᠯᠡᠭᠰᠡᠨ ᠶᠣᠰᠣᠭᠠᠷ ᠲᠣᠭᠲᠠᠨ᠎ᠠ᠃ 13 ᠬᠡᠷᠪᠡ ᠲᠡᠷᠡ ᠠᠮᠢᠲᠠᠨ ᠢ ᠵᠣᠯᠢᠬᠤ ᠭᠡᠪᠡᠯ᠂ ᠴᠢᠨᠦ ᠦᠨᠡᠯᠡᠭᠰᠡᠨ ᠦᠨ᠎ᠡ ᠳᠡᠭᠡᠷ᠎ᠡ ᠲᠠᠪᠤᠨ ᠤ ᠨᠢᠭᠡ ᠶᠢ ᠨᠡᠮᠡᠬᠦ ᠶᠣᠰᠣᠲᠠᠢ᠃

14 ᠬᠡᠨ ᠨᠢᠭᠡᠨ ᠨᠢ ᠥᠪᠡᠷ ᠦᠨ ᠢᠶᠠᠨ ᠰᠠᠭᠤᠴᠠ ᠶᠢ ᠶᠣᠬᠣᠸᠠ ᠳᠤ ᠠᠷᠢᠭᠤᠨ ᠡᠷᠭᠦᠯ ᠪᠣᠯᠭᠠᠨ ᠵᠣᠷᠢᠭᠤᠯᠬᠤ ᠭᠡᠪᠡᠯ᠂ ᠲᠠᠬᠢᠯᠴᠢ ᠲᠡᠷᠡ ᠰᠠᠭᠤᠴᠠ ᠶᠢᠨ ᠰᠠᠢᠨ ᠮᠠᠭᠤ ᠶᠢ ᠦᠨᠡᠯᠡᠬᠦ ᠪᠥᠭᠡᠳ ᠦᠨ᠎ᠡ ᠨᠢ ᠲᠠᠬᠢᠯᠴᠢ ᠶᠢᠨ ᠦᠨᠡᠯᠡᠭᠰᠡᠨ ᠶᠣᠰᠣᠭᠠᠷ ᠲᠣᠭᠲᠠᠨ᠎ᠠ᠃ 15 ᠬᠠᠷᠢᠨ ᠲᠡᠢᠨ ᠬᠦ ᠵᠣᠷᠢᠭᠤᠯᠤᠭᠰᠠᠨ ᠬᠥᠮᠦᠨ ᠡᠭᠦᠨ ᠢ ᠪᠠᠨ ᠵᠣᠯᠢᠬᠤ ᠶᠢ ᠬᠦᠰᠡᠪᠡᠯ᠂ ᠴᠢᠨᠦ ᠦᠨᠡᠯᠡᠭᠰᠡᠨ ᠦᠨ᠎ᠡ ᠶᠢᠨ ᠲᠠᠪᠤᠨ ᠤ ᠨᠢᠭᠡ ᠶᠢ ᠳᠡᠭᠡᠷ᠎ᠡ ᠨᠢ ᠨᠡᠮᠡᠬᠦ ᠶᠣᠰᠣᠲᠠᠢ᠃ ᠲᠡᠭᠡᠪᠡᠯ ᠲᠡᠷᠡ ᠰᠠᠭᠤᠴᠠ ᠳᠠᠬᠢᠨ ᠲᠡᠭᠦᠨ ᠦ ᠬᠢ ᠪᠣᠯᠬᠤ ᠶᠤᠮ᠃

16 ᠬᠡᠷᠪᠡ ᠬᠥᠮᠦᠨ ᠥᠮᠴᠢ ᠲᠠᠯᠠᠪᠠᠢ ᠠᠴᠠ ᠪᠠᠨ ᠶᠣᠬᠣᠸᠠ ᠳᠤ ᠵᠣᠷᠢᠭᠤᠯᠬᠤ ᠭᠡᠪᠡᠯ᠂ ᠴᠢ ᠡᠭᠦᠨ ᠦ ᠦᠨ᠎ᠡ ᠶᠢ ᠲᠠᠯᠠᠪᠠᠢ ᠳᠤᠨᠢ ᠲᠠᠷᠢᠬᠤ ᠦᠷ᠎ᠡ ᠶᠢᠨ ᠬᠡᠮᠵᠢᠶ᠎ᠡ ᠪᠡᠷ ᠲᠣᠭᠲᠠᠭ᠎ᠠ᠃ ᠠᠷᠪᠠᠢ ᠶᠢᠨ ᠦᠷ᠎ᠡ ᠶᠢᠨ ᠨᠢᠭᠡ ᠬᠣᠮᠧᠷ 30  ᠢ ᠲᠠᠪᠢᠨ ᠱᠧᠺᠧᠯ 31 ᠮᠥᠩᠭᠥ ᠪᠡᠷ ᠲᠣᠭᠲᠠᠬᠤ ᠶᠣᠰᠣᠲᠠᠢ᠃ 17 ᠬᠡᠷᠪᠡ ᠲᠡᠷᠡ ᠬᠥᠮᠦᠨ ᠲᠠᠯᠠᠪᠠᠢ ᠪᠠᠨ ᠡᠪᠡᠷ ᠪᠦᠷᠢᠶᠡᠳᠡᠯᠲᠡ ᠶᠢᠨ ᠵᠢᠯ ᠡᠴᠡ ᠡᠬᠢᠯᠡᠭᠡᠳ ᠵᠣᠷᠢᠭᠤᠯᠬᠤ ᠭᠡᠪᠡᠯ᠂ ᠦᠨ᠎ᠡ ᠨᠢ ᠴᠢᠨᠦ ᠦᠨᠡᠯᠡᠭᠰᠡᠨ ᠶᠣᠰᠣᠭᠠᠷ ᠲᠣᠭᠲᠠᠬᠤ ᠪᠣᠯᠣᠨ᠎ᠠ᠃ 18 ᠬᠠᠷᠢᠨ ᠲᠡᠷᠡ ᠬᠥᠮᠦᠨ ᠡᠪᠡᠷ ᠪᠦᠷᠢᠶᠡᠳᠡᠯᠲᠡ ᠶᠢᠨ ᠳᠠᠷᠠᠭ᠎ᠠ ᠲᠠᠯᠠᠪᠠᠢ ᠪᠠᠨ ᠵᠣᠷᠢᠭᠤᠯᠬᠤ ᠭᠡᠪᠡᠯ᠂ ᠲᠠᠬᠢᠯᠴᠢ ᠨᠢ ᠳᠠᠷᠠᠭ᠎ᠠ ᠶᠢᠨ ᠡᠪᠡᠷ ᠪᠦᠷᠢᠶᠡᠳᠡᠯᠲᠡ ᠬᠦᠷᠲᠡᠯ᠎ᠡ ᠦᠯᠡᠳᠡᠭᠰᠡᠨ ᠵᠢᠯ ᠤᠳ ᠲᠠᠢ ᠲᠡᠩᠴᠡᠭᠦᠯᠦᠨ ᠲᠡᠭᠦᠨ ᠦ ᠦᠨ᠎ᠡ ᠶᠢ ᠲᠣᠭᠠᠴᠠᠬᠤ ᠲᠤᠯᠠ ᠦᠨ᠎ᠡ ᠨᠢ ᠠᠩᠬ᠎ᠠ ᠲᠣᠭᠲᠠᠭᠠᠭᠰᠠᠨ ᠠᠴᠠ ᠴᠢᠨᠢ ᠬᠠᠰᠤᠭᠳᠠᠬᠤ ᠪᠣᠯᠣᠨ᠎ᠠ᠃ 19 ᠬᠡᠷᠪᠡ ᠲᠠᠯᠠᠪᠠᠢ ᠪᠠᠨ ᠵᠣᠷᠢᠭᠤᠯᠤᠭᠰᠠᠨ ᠬᠥᠮᠦᠨ ᠲᠡᠭᠦᠨ ᠢ ᠪᠠᠨ ᠵᠣᠯᠢᠬᠤ ᠭᠡᠪᠡᠯ᠂ ᠴᠢᠨᠦ ᠦᠨᠡᠯᠡᠭᠰᠡᠨ ᠦᠨ᠎ᠡ ᠶᠢᠨ ᠲᠠᠪᠤᠨ ᠤ ᠨᠢᠭᠡ ᠶᠢ ᠳᠡᠭᠡᠷ᠎ᠡ ᠨᠢ ᠨᠡᠮᠡᠬᠦ ᠶᠣᠰᠣᠲᠠᠢ᠃ ᠲᠡᠭᠡᠪᠡᠯ ᠲᠡᠷᠡ ᠨᠢ ᠳᠠᠬᠢᠨ ᠲᠡᠭᠦᠨ ᠦ ᠬᠢ ᠪᠣᠯᠣᠨ᠎ᠠ᠃ 20 ᠬᠡᠷᠪᠡ ᠲᠡᠷᠡ ᠬᠥᠮᠦᠨ ᠲᠠᠯᠠᠪᠠᠢ ᠪᠠᠨ ᠵᠣᠯᠢᠬᠤ ᠦᠭᠡᠢ ᠪᠠᠢᠬᠤ ᠳᠤ᠂ ᠨᠥᠭᠥᠭᠡ ᠲᠠᠯᠠᠪᠠᠢ ᠨᠢ ᠥᠭᠡᠷ᠎ᠡ ᠬᠥᠮᠦᠨ ᠳᠦ ᠬᠤᠳᠠᠯᠳᠤᠭᠳᠠᠭᠰᠠᠨ ᠪᠣᠯ᠂ ᠡᠭᠦᠨ ᠢ ᠵᠣᠯᠢᠬᠤ ᠪᠣᠯᠣᠮᠵᠢ ᠦᠭᠡᠢ ᠪᠣᠯᠣᠨ᠎ᠠ᠃ 21 ᠡᠪᠡᠷ ᠪᠦᠷᠢᠶᠡᠳᠡᠯᠲᠡ ᠶᠢᠨ ᠵᠢᠯ ᠪᠣᠯᠣᠭᠠᠳ ᠨᠥᠭᠥᠭᠡ ᠲᠠᠯᠠᠪᠠᠢ ᠬᠤᠳᠠᠯᠳᠤᠨ ᠠᠪᠤᠭᠰᠠᠨ ᠬᠥᠮᠦᠨ ᠦ ᠭᠠᠷ ᠠᠴᠠ ᠭᠠᠷᠤᠭᠰᠠᠨ ᠴᠤ ᠶᠣᠬᠣᠸᠠ ᠳᠤ ᠪᠠᠷᠢᠭᠰᠠᠨ ᠠᠷᠢᠭᠤᠨ ᠡᠷᠭᠦᠯ ᠪᠣᠯᠵᠤ᠂ ᠪᠤᠴᠠᠯᠲᠠ ᠦᠭᠡᠢ ᠵᠣᠷᠢᠭᠤᠯᠤᠭᠰᠠᠨ ᠲᠠᠯᠠᠪᠠᠢ ᠲᠠᠢ ᠠᠳᠠᠯᠢ ᠲᠠᠬᠢᠯᠴᠢ ᠶᠢᠨ ᠥᠮᠴᠢ ᠪᠣᠯᠣᠨ᠎ᠠ᠃ 22 ᠬᠡᠷᠪᠡ ᠬᠥᠮᠦᠨ ᠥᠪᠡᠷ ᠦᠨ ᠥᠮᠴᠢ ᠪᠤᠰᠤ᠂ ᠬᠤᠳᠠᠯᠳᠤᠵᠤ ᠠᠪᠤᠭᠰᠠᠨ ᠲᠠᠯᠠᠪᠠᠢ ᠠᠴᠠ ᠪᠠᠨ ᠶᠣᠬᠣᠸᠠ ᠳᠤ ᠵᠣᠷᠢᠭᠤᠯᠬᠤ ᠭᠡᠪᠡᠯ᠂ 23 ᠲᠠᠬᠢᠯᠴᠢ ᠡᠪᠡᠷ ᠪᠦᠷᠢᠶᠡᠳᠡᠯᠲᠡ ᠶᠢᠨ ᠵᠢᠯ ᠬᠦᠷᠲᠡᠯ᠎ᠡ ᠦᠯᠡᠳᠡᠭᠰᠡᠨ ᠵᠢᠯ ᠢ ᠲᠣᠭᠠᠯᠠᠵᠤ᠂ ᠦᠨ᠎ᠡ ᠶᠢ ᠨᠢ ᠲᠣᠭᠲᠠᠭᠠᠬᠤ ᠪᠥᠭᠡᠳ ᠥᠨᠥᠬᠢ ᠬᠥᠮᠦᠨ ᠲᠡᠷᠡ ᠡᠳᠦᠷ ᠦᠨ ᠲᠣᠭᠲᠠᠭᠠᠭᠰᠠᠨ ᠦᠨ᠎ᠡ ᠶᠢ ᠶᠣᠬᠣᠸᠠ ᠳᠤ ᠠᠷᠢᠭᠤᠨ ᠡᠷᠭᠦᠯ ᠪᠣᠯᠭᠠᠨ ᠥᠭᠬᠦ ᠪᠣᠯᠣᠨ᠎ᠠ᠃ 24 ᠡᠪᠡᠷ ᠪᠦᠷᠢᠶᠡᠳᠡᠯᠲᠡ ᠶᠢᠨ ᠵᠢᠯ ᠳᠤ ᠲᠡᠷᠡ ᠲᠠᠯᠠᠪᠠᠢ ᠨᠢ ᠲᠠᠯᠠᠪᠠᠢ ᠶᠢ ᠬᠤᠳᠠᠯᠳᠤᠭᠰᠠᠨ ᠬᠥᠮᠦᠨ᠂ ᠲᠤᠬᠠᠢᠯᠠᠪᠠᠯ ᠲᠡᠷᠡ ᠭᠠᠵᠠᠷ ᠢ ᠥᠪᠯᠡᠭᠰᠡᠨ ᠬᠥᠮᠦᠨ ᠳᠦ ᠪᠤᠴᠠᠵᠤ ᠣᠴᠢᠬᠤ ᠪᠣᠯᠣᠨ᠎ᠠ᠃ ᠡᠨᠡ ᠭᠠᠵᠠᠷ ᠨᠢ ᠲᠡᠭᠦᠨ ᠦ ᠬᠢ ᠪᠠᠢᠭᠰᠠᠨ ᠶᠤᠮ᠃ 25 ᠡᠨᠡ ᠪᠦᠬᠦ ᠦᠨ᠎ᠡ ᠶᠢ ᠠᠷᠢᠭᠤᠨ ᠭᠠᠵᠠᠷ ᠤᠨ ᠪᠠᠷᠢᠮᠵᠢᠶ᠎ᠠ ᠪᠠᠷ ᠲᠣᠭᠲᠠᠭ᠎ᠠ᠃ ᠨᠢᠭᠡ ᠱᠧᠺᠧᠯ ᠨᠢ ᠬᠣᠷᠢᠨ ᠭᠧᠷᠠ ᠪᠢᠯᠡ᠃

26 ᠤᠤᠭᠠᠨ ᠲᠥᠷᠥᠭᠰᠡᠳ ᠨᠢ ᠤᠤᠯ ᠠᠴᠠ ᠪᠠᠨ ᠶᠣᠬᠣᠸᠠ ᠶᠢᠨ ᠬᠢ ᠮᠥᠨ᠃ ᠡᠢᠮᠦ ᠡᠴᠡ ᠬᠡᠨ ᠴᠤ ᠠᠮᠢᠲᠠᠨ ᠤ ᠤᠤᠭᠠᠨ ᠲᠥᠯ ᠢ ᠵᠣᠷᠢᠭᠤᠯᠬᠤ ᠤᠴᠢᠷ ᠦᠭᠡᠢ᠃ ᠦᠬᠡᠷ ᠦᠨ ᠴᠤ᠂ ᠬᠣᠨᠢᠨ ᠤ ᠴᠤ ᠤᠤᠭᠠᠨ ᠲᠥᠯ ᠨᠢ ᠶᠣᠬᠣᠸᠠ ᠶᠢᠨ ᠬᠢ ᠶᠤᠮ᠃ 27 ᠪᠤᠵᠠᠷ ᠠᠮᠢᠲᠠᠨ ᠤ ᠬᠤᠪᠢ ᠳᠤ ᠴᠢᠨᠦ ᠦᠨᠡᠯᠡᠭᠰᠡᠨ ᠦᠨ᠎ᠡ ᠶᠢᠨ ᠲᠠᠪᠤᠨ ᠤ ᠨᠢᠭᠡ ᠶᠢ ᠳᠡᠭᠡᠷ᠎ᠡ ᠨᠢ ᠨᠡᠮᠡᠨ᠂ ᠲᠡᠭᠦᠨ ᠢ ᠵᠣᠯᠢᠵᠤ ᠪᠣᠯᠣᠨ᠎ᠠ᠃ ᠲᠡᠭᠦᠨ ᠢ ᠵᠣᠯᠢᠬᠤ ᠦᠭᠡᠢ ᠪᠣᠯ ᠲᠠᠬᠢᠯᠴᠢ ᠡᠭᠦᠨ ᠢ ᠴᠢᠨᠦ ᠦᠨᠡᠯᠡᠭᠰᠡᠨ ᠦᠨ᠎ᠡ ᠪᠡᠷ ᠬᠤᠳᠠᠯᠳᠤᠵᠤ ᠪᠣᠯᠣᠨ᠎ᠠ᠃

28 ᠬᠠᠷᠢᠨ ᠬᠥᠮᠦᠨ ᠦ ᠥᠪᠡᠷ ᠲᠤᠨᠢ ᠪᠠᠢᠭ᠎ᠠ ᠪᠦᠬᠦᠨ ᠡᠴᠡ ᠶᠣᠬᠣᠸᠠ ᠳᠤ ᠵᠣᠷᠢᠭᠤᠯᠤᠭᠰᠠᠨ ᠵᠦᠢᠯ ᠤᠨ ᠬᠤᠪᠢ ᠳᠤ᠂ ᠬᠥᠮᠦᠨ ᠠᠮᠢᠲᠠᠨ ᠴᠤ᠂ ᠥᠮᠴᠢ ᠲᠠᠯᠠᠪᠠᠢ ᠴᠤ ᠬᠤᠳᠠᠯᠳᠤᠭᠳᠠᠰᠢ ᠦᠭᠡᠢ᠂ ᠮᠥᠨ ᠵᠣᠯᠢᠭᠳᠠᠰᠢ ᠦᠭᠡᠢ᠃ ᠲᠡᠢᠨ ᠬᠦ ᠵᠣᠷᠢᠭᠤᠯᠤᠭᠳᠠᠭᠰᠠᠨ ᠪᠦᠬᠦᠨ ᠠᠷᠢᠭᠤᠨ ᠠᠴᠠ ᠠᠷᠢᠭᠤᠨ ᠪᠥᠭᠡᠳ ᠶᠣᠬᠣᠸᠠ ᠶᠢᠨ ᠬᠢ ᠶᠤᠮ᠃ 29 ᠬᠥᠮᠦᠰ ᠦᠨ ᠳᠤᠮᠳᠠ ᠠᠴᠠ ᠤᠰᠠᠳᠬᠠᠭᠳᠠᠬᠤ ᠪᠠᠷ ᠵᠣᠷᠢᠭᠤᠯᠤᠭᠳᠠᠭᠰᠠᠨ ᠬᠥᠮᠦᠨ ᠨᠢ ᠴᠤ ᠵᠣᠯᠢᠭᠳᠠᠰᠢ ᠦᠭᠡᠢ᠃ ᠲᠡᠷᠡ ᠬᠥᠮᠦᠨ ᠭᠠᠷᠴᠠᠭ᠎ᠠ ᠦᠭᠡᠢ ᠦᠬᠦᠬᠦ ᠶᠣᠰᠣᠲᠠᠢ᠃
 ᠠᠷᠪᠠᠨ ᠤ ᠨᠢᠭᠡ ᠶᠢᠨ ᠡᠷᠭᠦᠯ

30 ᠭᠠᠵᠠᠷ ᠠᠴᠠ ᠭᠠᠷᠤᠭᠰᠠᠨ ᠪᠦᠬᠦᠨ᠂ ᠲᠤᠬᠠᠢᠯᠠᠪᠠᠯ ᠭᠠᠵᠠᠷ ᠠᠴᠠ ᠭᠠᠷᠤᠭᠰᠠᠨ ᠦᠷ᠎ᠡ ᠲᠠᠷᠢᠶ᠎ᠠ᠂ ᠮᠣᠳᠣᠨ ᠤ ᠦᠷ᠎ᠡ ᠵᠢᠮᠢᠰ ᠵᠡᠷᠭᠡ ᠶᠢᠨ ᠠᠷᠪᠠᠨ ᠤ ᠨᠢᠭᠡ ᠨᠢ ᠶᠣᠬᠣᠸᠠ ᠶᠢᠨ ᠬᠢ ᠪᠥᠭᠡᠳ ᠶᠣᠬᠣᠸᠠ ᠳᠤ ᠵᠣᠷᠢᠭᠤᠯᠬᠤ ᠠᠷᠢᠭᠤᠨ ᠡᠷᠭᠦᠯ ᠶᠤᠮ᠃ 31 ᠬᠡᠷᠪᠡ ᠬᠥᠮᠦᠨ ᠥᠪᠡᠷ ᠦᠨ ᠠᠷᠪᠠᠨ ᠤ ᠨᠢᠭᠡ ᠡᠴᠡ ᠵᠠᠪᠠᠯ ᠵᠣᠯᠢᠬᠤ ᠭᠡᠪᠡᠯ ᠳᠡᠭᠡᠷ᠎ᠡ ᠨᠢ ᠲᠡᠭᠦᠨ ᠦ ᠪᠠᠨ ᠲᠠᠪᠤᠨ ᠤ ᠨᠢᠭᠡ ᠶᠢ ᠨᠡᠮᠡᠬᠦ ᠶᠣᠰᠣᠲᠠᠢ᠃ 32 ᠪᠣᠳᠠ ᠪᠣᠭ ᠮᠠᠯ ᠤᠨ ᠠᠷᠪᠠᠨ ᠤ ᠨᠢᠭᠡ᠂ ᠰᠢᠯᠪᠢᠭᠦᠷ ᠳᠣᠣᠭᠤᠷ ᠭᠠᠷᠴᠤ ᠲᠣᠭᠠᠯᠠᠭᠤᠯᠤᠭᠰᠠᠨ ᠠᠷᠪᠠᠳᠠᠬᠢ ᠨᠢ ᠶᠣᠬᠣᠸᠠ ᠳᠤ ᠵᠣᠷᠢᠭᠤᠯᠬᠤ ᠠᠷᠢᠭᠤᠨ ᠡᠷᠭᠦᠯ ᠪᠣᠯᠣᠨ᠎ᠠ᠃ 33 ᠰᠠᠢᠨ ᠮᠠᠭᠤ ᠶᠢ ᠪᠣᠳᠣᠬᠤ ᠬᠡᠷᠡᠭ ᠦᠭᠡᠢ᠂ ᠵᠣᠯᠢᠵᠤ ᠴᠤ ᠪᠣᠯᠬᠤ ᠦᠭᠡᠢ᠃ ᠵᠣᠯᠢᠪᠠᠯ ᠲᠡᠷᠡ ᠠᠮᠢᠲᠠᠨ ᠪᠣᠯᠣᠨ ᠰᠣᠯᠢᠭᠰᠠᠨ ᠠᠮᠢᠲᠠᠨ ᠬᠣᠶᠠᠭᠤᠯᠠ ᠪᠠᠨ ᠠᠷᠢᠭᠤᠨ ᠡᠷᠭᠦᠯ ᠪᠣᠯᠣᠭᠠᠳ ᠵᠣᠯᠢᠭᠳᠠᠰᠢ ᠦᠭᠡᠢ ᠪᠣᠯᠣᠨ᠎ᠠ》 ᠭᠡᠯ᠎ᠡ᠃

34 ᠡᠳᠡᠭᠡᠷ ᠨᠢ ᠢᠰᠷᠧᠯᠴᠦᠳ ᠦᠨ ᠲᠥᠯᠥᠭᠡ ᠰᠢᠨᠠᠢ ᠠᠭᠤᠯᠠᠨ ᠳᠡᠭᠡᠷ᠎ᠡ ᠶᠣᠬᠣᠸᠠ ᠶᠢᠨ ᠮᠣᠰᠧ ᠳᠤ ᠰᠣᠶᠣᠷᠬᠠᠭᠰᠠᠨ ᠲᠤᠰᠢᠶᠠᠯ ᠤᠳ ᠶᠤᠮ᠃