ᠯᠧᠸᠢ ᠶᠢᠰᠦ
ᠲᠠᠬᠢᠯᠴᠢᠳ ᠠᠵᠢᠯ ᠢᠶᠠᠨ ᠡᠬᠢᠯᠡᠪᠡ
1 ᠨᠠᠢ᠌ᠮᠠᠳᠠᠬᠢ ᠡᠳᠦᠷ ᠲᠦ ᠮᠣᠰᠧ ᠠᠷᠣᠨ᠂ ᠲᠡᠭᠦᠨ ᠦ ᠬᠥᠪᠡᠭᠦᠳ ᠪᠣᠯᠣᠨ ᠢᠰᠷᠧᠯ ᠤᠨ ᠠᠬᠠᠯᠠᠭᠴᠢᠳ ᠢ ᠳᠠᠭᠤᠳᠠᠨ 2 ᠠᠷᠣᠨ ᠳᠤ᠄ 《ᠨᠢᠭᠦᠯ ᠦᠨ ᠲᠠᠬᠢᠯ ᠳᠤ ᠰᠣᠭᠣᠭ ᠦᠭᠡᠢ ᠡᠷ᠎ᠡ ᠲᠤᠭᠤᠯ᠂ ᠰᠢᠲᠠᠭᠠᠯᠭᠠᠲᠤ ᠲᠠᠬᠢᠯ ᠳᠤ ᠰᠣᠭᠣᠭ ᠦᠭᠡᠢ ᠬᠤᠴᠠ ᠶᠢ ᠠᠪᠴᠤ᠂ ᠶᠣᠬᠣᠸᠠ ᠶᠢᠨ ᠡᠮᠦᠨ᠎ᠡ ᠡᠷᠭᠦ᠃ 3 ᠲᠡᠭᠡᠭᠡᠳ ᠢᠰᠷᠧᠯᠴᠦᠳ ᠲᠦ᠄ 〈ᠨᠢᠭᠦᠯ ᠦᠨ ᠲᠠᠬᠢᠯ ᠳᠤ ᠨᠢᠭᠡ ᠤᠬᠤᠨ᠎ᠠ᠂ ᠰᠢᠲᠠᠭᠠᠯᠭᠠᠲᠤ ᠲᠠᠬᠢᠯ ᠳᠤ ᠰᠣᠭᠣᠭ ᠦᠭᠡᠢ ᠲᠤᠭᠤᠯ ᠬᠤᠷᠠᠭ᠎ᠠ ᠬᠣᠶᠠᠷ᠂ 4 ᠡᠪ ᠦᠨ ᠲᠠᠬᠢᠯ ᠳᠤ ᠶᠣᠬᠣᠸᠠ ᠶᠢᠨ ᠡᠮᠦᠨ᠎ᠡ ᠡᠷᠭᠦᠬᠦ ᠪᠤᠬ᠎ᠠ᠂ ᠬᠤᠴᠠ᠂ ᠮᠥᠨ ᠲᠣᠰᠣ ᠲᠠᠢ ᠪᠠᠭᠰᠤᠷᠠᠭᠰᠠᠨ ᠢᠳᠡᠭᠡᠨ ᠲᠠᠬᠢᠯ ᠢ ᠠᠪᠴᠢᠷᠠ〉 ᠭᠡᠵᠦ ᠬᠡᠯᠡ᠃ ᠤᠴᠢᠷ ᠨᠢ ᠥᠨᠥᠳᠥᠷ ᠶᠣᠬᠣᠸᠠ ᠲᠠ ᠨᠠᠷ ᠲᠤ ᠦᠵᠡᠭᠳᠡᠬᠦ ᠪᠣᠯᠣᠨ᠎ᠠ》 ᠭᠡᠰᠡᠨ ᠳᠦ᠂ 5 ᠢᠰᠷᠧᠯᠴᠦᠳ ᠮᠣᠰᠧ ᠶᠢᠨ ᠲᠤᠰᠢᠶᠠᠭᠰᠠᠨ ᠢ ᠠᠭᠤᠯᠵᠠᠯᠲᠠ ᠶᠢᠨ ᠴᠠᠴᠠᠷ ᠤᠨ ᠡᠮᠦᠨ᠎ᠡ ᠠᠪᠴᠢᠷᠠᠪᠠ᠃ ᠨᠡᠢᠲᠡ ᠴᠢᠭᠤᠯᠭᠠᠨ ᠣᠢᠷᠠᠲᠤᠨ ᠢᠷᠡᠵᠦ᠂ ᠶᠣᠬᠣᠸᠠ ᠶᠢᠨ ᠡᠮᠦᠨ᠎ᠡ ᠵᠣᠭᠰᠣᠵᠠᠭᠠᠬᠤ ᠳᠤ᠂ 6 ᠮᠣᠰᠧ᠄ 《ᠲᠠ ᠨᠠᠷ ᠢᠶᠠᠷ ᠬᠢᠯᠭᠡᠬᠦ ᠭᠡᠵᠦ ᠶᠣᠬᠣᠸᠠ ᠶᠢᠨ ᠲᠤᠰᠢᠶᠠᠭᠰᠠᠨ ᠵᠦᠢᠯ ᠨᠢ ᠡᠨᠡ ᠪᠠᠢᠨ᠎ᠠ᠃ ᠶᠣᠬᠣᠸᠠ ᠶᠢᠨ ᠴᠣᠭ ᠵᠢᠪᠬᠤᠯᠠᠩ ᠲᠠ ᠨᠠᠷ ᠲᠤ ᠦᠵᠡᠭᠳᠡᠬᠦ ᠪᠣᠯᠣᠨ᠎ᠠ》 ᠭᠡᠪᠡ᠃ 7 ᠲᠡᠭᠡᠭᠡᠳ ᠮᠣᠰᠧ ᠠᠷᠣᠨ ᠳᠤ᠄ 《ᠲᠠᠬᠢᠯ ᠤᠨ ᠰᠢᠷᠡᠭᠡᠨ ᠳᠦ ᠣᠢᠷᠠᠲᠤᠨ ᠣᠴᠢᠭᠠᠳ ᠨᠢᠭᠦᠯ ᠦᠨ ᠲᠠᠬᠢᠯ ᠪᠣᠯᠣᠨ ᠰᠢᠲᠠᠭᠠᠯᠭᠠᠲᠤ ᠲᠠᠬᠢᠯ ᠢᠶᠠᠨ ᠡᠷᠭᠦᠵᠦ᠂ ᠥᠪᠡᠷ ᠦᠨ ᠢᠶᠠᠨ ᠲᠥᠯᠥᠭᠡ ᠪᠣᠯᠣᠨ ᠠᠷᠠᠳ ᠣᠯᠠᠨ ᠤ ᠪᠠᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢ᠃ ᠠᠷᠠᠳ ᠣᠯᠠᠨ ᠤ ᠡᠷᠭᠦᠯ ᠢ ᠡᠷᠭᠦᠵᠦ᠂ ᠲᠡᠳᠡᠨ ᠦ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢ᠃ ᠡᠭᠦᠨ ᠢ ᠶᠣᠬᠣᠸᠠ ᠲᠤᠰᠢᠶᠠᠭᠰᠠᠨ ᠶᠤᠮ》 ᠭᠡᠯᠡ᠃
8 ᠲᠡᠢᠮᠦ ᠡᠴᠡ ᠠᠷᠣᠨ ᠲᠠᠬᠢᠯ ᠤᠨ ᠰᠢᠷᠡᠭᠡᠨ ᠳᠦ ᠣᠢᠷᠠᠲᠤᠨ ᠣᠴᠢᠭᠠᠳ᠂ ᠥᠪᠡᠷ ᠦᠨ ᠢᠶᠠᠨ ᠲᠥᠯᠥᠭᠡᠬᠢ ᠨᠢᠭᠦᠯ ᠦᠨ ᠲᠠᠬᠢᠯ ᠤᠨ ᠪᠢᠷᠠᠭᠤ ᠶᠢ ᠨᠢᠲᠤᠯᠪᠠ᠃ 9 ᠬᠥᠪᠡᠭᠦᠳ ᠨᠢ ᠠᠷᠣᠨ ᠳᠤ ᠪᠢᠷᠠᠭᠤᠨ ᠤ ᠴᠢᠰᠤ ᠶᠢ ᠠᠪᠴᠢᠷᠠᠬᠤ ᠳᠤ᠂ ᠲᠡᠷᠡ ᠪᠡᠷ ᠬᠤᠷᠤᠭᠤ ᠪᠠᠨ ᠴᠢᠰᠤᠨ ᠳᠤ ᠳᠦᠷᠦᠵᠦ ᠲᠠᠬᠢᠯ ᠤᠨ ᠰᠢᠷᠡᠭᠡᠨ ᠦ ᠡᠪᠡᠷ ᠤᠳ ᠳᠡᠭᠡᠷ᠎ᠡ ᠨᠢᠯᠠᠵᠤ᠂ ᠪᠤᠰᠤᠳ ᠴᠢᠰᠤ ᠶᠢ ᠲᠠᠬᠢᠯ ᠤᠨ ᠰᠢᠷᠡᠭᠡᠨ ᠦ ᠰᠠᠭᠤᠷᠢ ᠤᠷᠤᠭᠤ ᠠᠰᠬᠠᠪᠠ᠃ 10 ᠬᠠᠷᠢᠨ ᠨᠢᠭᠦᠯ ᠦᠨ ᠲᠠᠬᠢᠯ ᠤᠨ ᠥᠭᠡᠬᠦ᠂ ᠪᠥᠭᠡᠷ᠎ᠡ᠂ ᠥᠨᠥᠴᠢᠨ ᠡᠯᠢᠭᠡ ᠶᠢ ᠲᠠᠬᠢᠯ ᠤᠨ ᠰᠢᠷᠡᠭᠡᠨ ᠳᠡᠭᠡᠷ᠎ᠡ ᠰᠢᠲᠠᠭᠠᠪᠠ᠃ ᠡᠨᠡ ᠨᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠪᠣᠯᠵᠠᠢ᠃ 11 ᠮᠢᠬ᠎ᠠ ᠪᠣᠯᠣᠨ ᠠᠷᠠᠰᠤ ᠶᠢ ᠨᠢ ᠬᠤᠸᠠᠷᠠᠨ ᠤ ᠭᠠᠳᠠᠨ᠎ᠠ ᠰᠢᠲᠠᠭᠠᠪᠠ᠃
12 ᠳᠠᠷᠠᠭ᠎ᠠ ᠨᠢ ᠰᠢᠲᠠᠭᠠᠯᠭᠠᠲᠤ ᠲᠠᠬᠢᠯ ᠤᠨ ᠮᠠᠯ ᠢ ᠨᠢᠲᠤᠯᠪᠠ᠃ ᠠᠷᠣᠨ ᠤ ᠬᠥᠪᠡᠭᠦᠳ ᠲᠡᠷᠡ ᠴᠢᠰᠤᠨ ᠠᠴᠠ ᠠᠪᠴᠤ ᠠᠷᠣᠨ ᠳᠤ ᠥᠭᠬᠦ ᠳᠦ᠂ ᠲᠡᠷᠡ ᠲᠡᠭᠦᠨ ᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠠᠴᠤᠪᠠ᠃ 13 ᠲᠤᠶᠠᠴᠢᠭᠰᠠᠨ ᠰᠢᠲᠠᠭᠠᠯᠭᠠᠲᠤ ᠲᠠᠬᠢᠯ ᠢ ᠲᠣᠯᠣᠭᠠᠢ ᠶᠢᠨ ᠬᠢᠨᠢ ᠬᠠᠮᠲᠤ ᠲᠡᠭᠦᠨ ᠳᠦ ᠥᠭᠭᠥᠭᠰᠡᠨ ᠳᠦ᠂ ᠲᠡᠷᠡ ᠮᠥᠨ ᠲᠠᠬᠢᠯ ᠤᠨ ᠰᠢᠷᠡᠭᠡᠨ ᠳᠡᠭᠡᠷ᠎ᠡ ᠰᠢᠲᠠᠭᠠᠪᠠ᠃ 14 ᠭᠡᠳᠡᠰᠦ ᠳᠣᠲᠣᠷ ᠪᠣᠯᠣᠨ ᠮᠥᠴᠢ ᠨᠦᠭᠦᠳ ᠢ ᠨᠢ ᠤᠬᠢᠶᠠᠭᠠᠳ᠂ ᠲᠠᠬᠢᠯ ᠤᠨ ᠰᠢᠷᠡᠭᠡᠨ ᠳᠠᠬᠢ ᠰᠢᠲᠠᠭᠠᠯᠭᠠᠲᠤ ᠲᠠᠬᠢᠯ ᠤᠨ ᠳᠡᠭᠡᠷ᠎ᠡ ᠰᠢᠲᠠᠭᠠᠵᠠᠢ᠃
15 ᠳᠠᠷᠠᠭ᠎ᠠ ᠨᠢ ᠠᠷᠠᠳ ᠣᠯᠠᠨ ᠤ ᠡᠷᠭᠦᠯ ᠢ ᠠᠪᠴᠢᠷᠠᠭᠠᠳ ᠠᠷᠠᠳ ᠣᠯᠠᠨ ᠤ ᠲᠥᠯᠥᠭᠡᠬᠢ ᠨᠢᠭᠦᠯ ᠦᠨ ᠲᠠᠬᠢᠯ ᠤᠨ ᠢᠮᠠᠭ᠎ᠠ ᠶᠢ ᠨᠢᠲᠤᠯᠵᠤ᠂ ᠡᠮᠦᠨᠡᠬᠢ ᠲᠠᠢ ᠠᠳᠠᠯᠢ ᠨᠢᠭᠦᠯ ᠦᠨ ᠲᠠᠬᠢᠯ ᠪᠣᠯᠭᠠᠨ ᠡᠷᠭᠦᠪᠡ᠃ 16 ᠰᠢᠲᠠᠭᠠᠯᠭᠠᠲᠤ ᠲᠠᠬᠢᠯ ᠢ ᠠᠪᠴᠢᠷᠠᠵᠤ᠂ ᠲᠣᠭᠲᠠᠭᠠᠯ ᠶᠣᠰᠣᠭᠠᠷ ᠡᠷᠭᠦᠪᠡ᠃ 17 ᠢᠳᠡᠭᠡᠨ ᠲᠠᠬᠢᠯ ᠢ ᠠᠪᠴᠢᠷᠠᠵᠤ᠂ ᠲᠡᠭᠦᠨ ᠡᠴᠡ ᠠᠳᠬᠤ ᠶᠢ ᠠᠪᠤᠭᠠᠳ ᠥᠷᠯᠥᠭᠡᠨ ᠦ ᠰᠢᠲᠠᠭᠠᠯᠭᠠᠲᠤ ᠲᠠᠬᠢᠯ ᠲᠠᠢ ᠬᠠᠮᠲᠤ ᠲᠠᠬᠢᠯ ᠤᠨ ᠰᠢᠷᠡᠭᠡᠨ ᠳᠡᠭᠡᠷ᠎ᠡ ᠰᠢᠲᠠᠭᠠᠪᠠ᠃
18 ᠳᠠᠷᠠᠭ᠎ᠠ ᠨᠢ ᠠᠷᠠᠳ ᠣᠯᠠᠨ ᠤ ᠲᠥᠯᠥᠭᠡ ᠡᠪ ᠦᠨ ᠲᠠᠬᠢᠯ ᠤᠨ ᠪᠤᠬ᠎ᠠ ᠪᠣᠯᠣᠨ ᠬᠤᠴᠠ ᠶᠢ ᠨᠢᠲᠤᠯᠪᠠ᠃ ᠠᠷᠣᠨ ᠤ ᠬᠥᠪᠡᠭᠦᠳ ᠲᠡᠷᠡ ᠴᠢᠰᠤᠨ ᠠᠴᠠ ᠠᠪᠴᠤ ᠠᠷᠣᠨ ᠳᠤ ᠥᠭᠭᠥᠭᠰᠡᠨ ᠳᠦ᠂ ᠲᠡᠷᠡ ᠲᠡᠭᠦᠨ ᠢ ᠲᠠᠬᠢᠯ ᠤᠨ ᠰᠢᠷᠡᠭᠡ ᠶᠢ ᠲᠣᠭᠣᠷᠢᠭᠤᠯᠤᠨ ᠰᠠᠴᠤᠪᠠ᠃ 19 ᠲᠡᠳᠡ ᠪᠤᠬ᠎ᠠ ᠪᠣᠯᠣᠨ ᠬᠤᠴᠠ ᠶᠢᠨ ᠥᠭᠡᠬᠦ᠂ ᠲᠤᠬᠠᠢᠯᠠᠪᠠᠯ ᠰᠡᠭᠦᠯ᠂ ᠪᠦᠬᠦ ᠳᠣᠲᠣᠷ ᠥᠭᠡᠬᠦ᠂ ᠪᠥᠭᠡᠷ᠎ᠡ᠂ ᠥᠨᠥᠴᠢᠨ ᠡᠯᠢᠭᠡ ᠶᠢ ᠨᠢ 20 ᠡᠪᠴᠢᠭᠦᠦ ᠨᠦᠭᠦᠳ ᠳᠡᠭᠡᠷ᠎ᠡ ᠲᠠᠯᠪᠢᠵᠤ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠳᠤ᠂ 21 ᠡᠪᠴᠢᠭᠦᠦ ᠪᠣᠯᠣᠨ ᠪᠠᠷᠠᠭᠤᠨ ᠭᠤᠶ᠎ᠠ ᠶᠢ ᠠᠷᠣᠨ ᠶᠣᠬᠣᠸᠠ ᠶᠢᠨ ᠡᠮᠦᠨ᠎ᠡ ᠳᠠᠯᠠᠯᠬᠤ ᠲᠠᠬᠢᠯ ᠪᠣᠯᠭᠠᠨ ᠲᠠᠯᠠᠯᠪᠠ᠃ ᠡᠨᠡ ᠨᠢ ᠮᠣᠰᠧ ᠶᠢᠨ ᠲᠤᠰᠢᠶᠠᠭᠰᠠᠨ ᠶᠣᠰᠣᠭᠠᠷ ᠪᠣᠯᠵᠠᠢ᠃
22 ᠠᠷᠣᠨ ᠠᠷᠠᠳ ᠣᠯᠠᠨ ᠤᠷᠤᠭᠤ ᠭᠠᠷ ᠢᠶᠠᠨ ᠡᠷᠭᠦᠵᠦ᠂ ᠲᠡᠳᠡᠨ ᠢ ᠢᠷᠥᠭᠡᠪᠡ᠃ ᠲᠡᠢᠨ ᠬᠦ ᠨᠢᠭᠦᠯ ᠦᠨ ᠲᠠᠬᠢᠯ᠂ ᠰᠢᠲᠠᠭᠠᠯᠭᠠᠲᠤ ᠲᠠᠬᠢᠯ᠂ ᠡᠪ ᠦᠨ ᠲᠠᠬᠢᠯ ᠵᠡᠷᠭᠡ ᠶᠢ ᠡᠷᠭᠦᠵᠦ ᠳᠠᠭᠤᠰᠤᠭᠠᠳ ᠳᠣᠭᠣᠭᠰᠢ ᠪᠠᠭᠤᠯ᠎ᠠ᠃ 23 ᠮᠣᠰᠧ᠂ ᠠᠷᠣᠨ ᠬᠣᠶᠠᠷ ᠠᠭᠤᠯᠵᠠᠯᠲᠠ ᠶᠢᠨ ᠴᠠᠴᠠᠷ ᠲᠤ ᠣᠷᠣᠭᠠᠳ ᠳᠠᠷᠠᠭ᠎ᠠ ᠨᠢ ᠭᠠᠷᠴᠤ ᠢᠷᠡᠨ ᠠᠷᠠᠳ ᠣᠯᠠᠨ ᠢ ᠢᠷᠥᠭᠡᠯᠡ᠃ ᠲᠡᠭᠡᠲᠡᠯ᠎ᠡ ᠶᠣᠬᠣᠸᠠ ᠶᠢᠨ ᠴᠣᠭ ᠵᠢᠪᠬᠤᠯᠠᠩ ᠪᠦᠬᠦ ᠠᠷᠠᠳ ᠲᠤ ᠦᠵᠡᠭᠳᠡᠵᠦ᠂ 24 ᠶᠣᠬᠣᠸᠠ ᠶᠢᠨ ᠡᠮᠦᠨ᠎ᠡ ᠡᠴᠡ ᠭᠠᠯ ᠭᠠᠷᠴᠤ ᠢᠷᠡᠨ᠂ ᠲᠠᠬᠢᠯ ᠤᠨ ᠰᠢᠷᠡᠭᠡᠨ ᠳᠡᠭᠡᠷᠡᠬᠢ ᠰᠢᠲᠠᠭᠠᠯᠭᠠᠲᠤ ᠲᠠᠬᠢᠯ ᠪᠣᠯᠣᠨ ᠥᠭᠡᠬᠦ ᠶᠢ ᠰᠢᠲᠠᠭᠠᠵᠠᠢ᠃ ᠪᠦᠬᠦ ᠠᠷᠠᠳ ᠡᠭᠦᠨ ᠢ ᠬᠠᠷᠠᠮᠠᠭᠴᠠ ᠬᠠᠰᠬᠢᠷᠤᠯᠳᠤᠨ ᠭᠠᠵᠠᠷ ᠲᠤ ᠨᠢᠭᠤᠷ ᠢᠶᠠᠨ ᠨᠠᠭᠠᠪᠠ᠃