1 2 3 4 5 6 7 8 9 10 11 12 13 14 15 16 17 18 19 20 21 22 23 24 25 26 27


ᠯᠧᠸᠢ ᠠᠷᠪᠠᠨ ᠬᠣᠶᠠᠷ
 ᠬᠥᠩᠭᠡᠵᠢᠭᠰᠡᠨ ᠦ ᠳᠠᠷᠠᠭᠠᠬᠢ ᠴᠡᠪᠡᠷᠰᠢᠯᠲᠡ

1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ ᠡᠮᠡᠭᠲᠡᠢ ᠬᠥᠮᠦᠨ ᠳᠦ ᠦᠷ᠎ᠡ ᠲᠣᠭᠲᠠᠨ᠂ ᠲᠡᠷᠡ ᠬᠦᠦ ᠲᠥᠷᠥᠭᠦᠯᠦᠭᠰᠡᠨ ᠲᠣᠬᠢᠶᠠᠯᠳᠤᠯ ᠳᠤ᠂ ᠰᠠᠷ᠎ᠠ ᠶᠢᠨ ᠲᠡᠮᠳᠡᠭ ᠦᠨ ᠡᠳᠦᠷ ᠤᠳ ᠲᠡᠭᠡᠨ ᠪᠤᠵᠠᠷᠲᠤᠭᠰᠠᠨ ᠪᠠᠢᠳᠠᠭ ᠤᠨ ᠠᠳᠠᠯᠢ ᠳᠣᠯᠣᠭ᠎ᠠ ᠬᠣᠨᠣᠭ ᠤᠨ ᠲᠤᠷᠰᠢ ᠪᠤᠵᠠᠷᠲᠤᠭᠰᠠᠨ ᠪᠠᠢᠬᠤ ᠪᠣᠯᠣᠨ᠎ᠠ᠃ 3 ᠨᠠᠢ᠌ᠮᠠᠳᠠᠬᠢ ᠡᠳᠦᠷ ᠲᠦ ᠬᠥᠪᠡᠭᠦᠨ ᠦ ᠬᠥᠪᠴᠢᠷᠬᠡᠢ ᠶᠢ ᠬᠥᠨᠳᠡᠭᠦᠯ᠃ 4 ᠬᠠᠷᠢᠨ ᠲᠡᠷᠡ ᠡᠮᠡᠭᠲᠡᠢ ᠴᠢᠰᠤᠨ ᠠᠴᠠ ᠪᠠᠨ ᠴᠡᠪᠡᠷᠰᠢᠬᠦ ᠶᠢᠨ ᠲᠤᠯᠠᠳᠠ ᠭᠤᠴᠢᠨ ᠭᠤᠷᠪᠠᠨ ᠡᠳᠦᠷ ᠬᠦᠯᠢᠶᠡᠬᠦ ᠶᠣᠰᠣᠲᠠᠢ᠃ ᠴᠡᠪᠡᠷᠰᠢᠬᠦ ᠬᠤᠭᠤᠴᠠᠭ᠎ᠠ ᠶᠢ ᠳᠠᠭᠤᠰᠲᠠᠯ᠎ᠠ ᠲᠡᠷᠡ ᠪᠡᠷ ᠠᠯᠢᠪᠠ ᠠᠷᠢᠭᠤᠨ ᠡᠳ᠋ᠯᠡᠯ ᠳᠦ ᠭᠠᠷ ᠬᠦᠷᠬᠦ ᠦᠭᠡᠢ᠂ ᠠᠷᠢᠭᠤᠨ ᠭᠠᠵᠠᠷ ᠲᠤ ᠴᠤ ᠣᠷᠣᠬᠤ ᠦᠭᠡᠢ ᠪᠠᠢᠬᠤ ᠶᠣᠰᠣᠲᠠᠢ᠃ 5 ᠭᠡᠪᠡᠴᠦ ᠲᠡᠷᠡ ᠪᠡᠷ ᠥᠬᠢᠨ ᠲᠥᠷᠥᠭᠦᠯᠦᠭᠰᠡᠨ ᠲᠣᠬᠢᠶᠠᠯᠳᠤᠯ ᠳᠤ ᠰᠠᠷ᠎ᠠ ᠶᠢᠨ ᠲᠡᠮᠳᠡᠭ ᠢᠶᠡᠷ ᠪᠤᠵᠠᠷᠲᠤᠳᠠᠭ ᠤᠨ ᠠᠳᠠᠯᠢ ᠬᠣᠶᠠᠷ ᠳᠣᠯᠣᠭ᠎ᠠ ᠬᠣᠨᠣᠭ ᠪᠤᠵᠠᠷᠲᠤᠭᠰᠠᠨ ᠪᠣᠯᠣᠨ᠎ᠠ᠃ ᠲᠡᠷᠡ ᠪᠡᠷ ᠴᠢᠰᠤᠨ ᠠᠴᠠ ᠪᠠᠨ ᠴᠡᠪᠡᠷᠰᠢᠬᠦ ᠶᠢᠨ ᠲᠤᠯᠠᠳᠠ ᠵᠢᠷᠠᠨ ᠵᠢᠷᠭᠤᠭᠠᠨ ᠬᠣᠨᠣᠭ ᠬᠦᠯᠢᠶᠡᠬᠦ ᠶᠣᠰᠣᠲᠠᠢ᠃

6 ᠬᠦᠦ᠂ ᠡᠰᠡᠪᠡᠯ ᠥᠬᠢᠨ ᠲᠥᠷᠥᠭᠦᠯᠦᠭᠰᠡᠨ ᠡᠮᠡᠭᠲᠡᠢ ᠨᠢ ᠴᠡᠪᠡᠷᠰᠢᠬᠦ ᠬᠤᠭᠤᠴᠠᠭ᠎ᠠ ᠪᠠᠨ ᠳᠠᠭᠤᠰᠪᠠᠯ ᠰᠢᠲᠠᠭᠠᠯᠭᠠᠲᠤ ᠲᠠᠬᠢᠯ ᠳᠤ ᠨᠢᠭᠡ ᠬᠤᠷᠠᠭ᠎ᠠ᠂ ᠨᠢᠭᠦᠯ ᠦᠨ ᠲᠠᠬᠢᠯ ᠳᠤ ᠲᠠᠭᠲᠠᠭᠠᠨ ᠤ ᠳᠡᠭᠳᠡᠭᠡᠬᠡᠢ᠂ ᠡᠰᠡᠪᠡᠯ ᠬᠡᠭᠦᠷᠵᠡᠭᠡᠨ᠎ᠡ ᠶᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠠᠪᠴᠢᠷᠠᠵᠤ ᠲᠠᠬᠢᠯᠴᠢ ᠳᠤ ᠥᠭᠭᠥᠨ᠎ᠡ᠃ 7 ᠲᠠᠬᠢᠯᠴᠢ ᠡᠳᠡᠭᠡᠷ ᠢ ᠶᠣᠬᠣᠸᠠ ᠶᠢᠨ ᠡᠮᠦᠨ᠎ᠡ ᠡᠷᠭᠦᠵᠦ ᠲᠡᠷᠡ ᠡᠮᠡᠭᠲᠡᠢ ᠶᠢᠨ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠡᠮᠡᠭᠲᠡᠢ ᠴᠢᠰᠤ ᠪᠠᠭᠤᠯᠭᠠᠯᠲᠠ ᠠᠴᠠ ᠪᠠᠨ ᠴᠡᠪᠡᠷᠰᠢᠬᠦ ᠪᠣᠯᠣᠨ᠎ᠠ᠃ ᠡᠳᠡᠭᠡᠷ ᠨᠢ ᠬᠦᠦ᠂ ᠡᠰᠡᠪᠡᠯ ᠥᠬᠢᠨ ᠲᠥᠷᠥᠭᠦᠯᠦᠭᠰᠡᠨ ᠡᠮᠡᠭᠲᠡᠢ ᠳᠦ ᠵᠣᠷᠢᠭᠤᠯᠤᠭᠰᠠᠨ ᠬᠠᠤᠯᠢ ᠶᠤᠮ᠃ 8 ᠬᠠᠷᠢᠨ ᠲᠡᠷᠡ ᠡᠮᠡᠭᠲᠡᠢ ᠬᠤᠷᠠᠭ᠎ᠠ ᠣᠯᠬᠤ ᠴᠢᠳᠠᠯ ᠦᠭᠡᠢ ᠪᠣᠯ ᠬᠣᠶᠠᠷ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ ᠠᠪᠴᠢᠷᠠᠵᠤ᠂ ᠨᠢᠭᠡ ᠶᠢ ᠨᠢ ᠰᠢᠲᠠᠭᠠᠯᠭᠠᠲᠤ ᠲᠠᠬᠢᠯ ᠳᠤ᠂ ᠨᠥᠭᠥᠭᠡ ᠶᠢ ᠨᠢ ᠨᠢᠭᠦᠯ ᠦᠨ ᠲᠠᠬᠢᠯ ᠳᠤ ᠡᠷᠭᠦᠵᠦ ᠪᠣᠯᠣᠨ᠎ᠠ᠃ ᠲᠠᠬᠢᠯᠴᠢ ᠲᠡᠭᠦᠨ ᠦ ᠲᠥᠯᠥᠭᠡ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠡᠮᠡᠭᠲᠡᠢ ᠴᠡᠪᠡᠷᠰᠢᠬᠦ ᠪᠣᠯᠣᠨ᠎ᠠ》 ᠭᠡᠪᠡ᠃