1 2 3 4 5 6 7 8 9 10 11 12 13 14 15 16 17 18 19 20 21 22 23 24 25 26 27


ᠯᠧᠸᠢ ᠵᠢᠷᠭᠤᠭ᠎ᠠ

1 ᠲᠡᠭᠡᠭᠡᠳ ᠶᠣᠬᠣᠸᠠ ᠮᠣᠰᠧ ᠳᠤ ᠠᠢᠯᠠᠳᠤᠨ᠄ 2 《ᠬᠡᠷᠪᠡ ᠬᠥᠮᠦᠨ ᠨᠢᠭᠦᠯ ᠦᠢᠯᠡᠳᠦᠨ᠂ ᠰᠠᠨᠠᠮᠰᠠᠷ ᠦᠭᠡᠢ ᠪᠠᠷ ᠶᠣᠬᠣᠸᠠ ᠳᠤ ᠢᠲᠡᠭᠡᠮᠵᠢ ᠠᠯᠳᠠᠵᠤ᠂ ᠥᠪᠡᠷ ᠲᠤᠨᠢ ᠬᠠᠳᠠᠭᠠᠯᠠᠭᠤᠯᠤᠭᠰᠠᠨ᠂ ᠡᠰᠡᠪᠡᠯ ᠥᠪᠡᠷ ᠦᠨ ᠬᠢᠨᠢ ᠭᠠᠷ ᠲᠤ ᠳᠠᠭᠠᠭᠠᠯᠭᠠᠭᠰᠠᠨ᠂ ᠡᠰᠡᠪᠡᠯ ᠬᠤᠯᠠᠭᠠᠢᠯᠠᠭᠰᠠᠨ ᠵᠦᠢᠯ ᠢᠶᠠᠷ ᠬᠥᠷᠰᠢ ᠳᠡᠭᠡᠨ ᠬᠤᠳᠠᠯ ᠶᠠᠷᠢᠬᠤ᠂ ᠡᠰᠡᠪᠡᠯ ᠬᠥᠷᠰᠢ ᠪᠠᠨ ᠮᠥᠯᠵᠢᠬᠦ᠂ 3 ᠡᠰᠡᠪᠡᠯ ᠬᠥᠮᠦᠨ ᠦ ᠠᠯᠳᠠᠭᠰᠠᠨ ᠵᠦᠢᠯ ᠢ ᠣᠯᠣᠭᠠᠳ ᠬᠤᠳᠠᠯ ᠬᠡᠯᠡᠵᠦ᠂ ᠬᠠᠭᠤᠷᠮᠠᠴᠢ ᠪᠠᠷ ᠲᠠᠩ᠋ᠭᠠᠷᠢᠭᠯᠠᠬᠤ ᠵᠡᠷᠭᠡ ᠬᠥᠮᠦᠨ ᠦ ᠦᠢᠯᠡᠳᠴᠦ ᠮᠡᠳᠡᠬᠦ ᠡᠢᠮᠦ ᠵᠦᠢᠯᠡᠰ ᠦᠨ ᠠᠯᠢ ᠨᠢᠭᠡᠨ ᠢᠶᠡᠷ ᠨᠢᠭᠦᠯ ᠦᠢᠯᠡᠳᠪᠡᠯ 4 ᠦᠢᠯᠡᠳᠦᠭᠰᠡᠨ ᠲᠡᠷᠡ ᠨᠢᠭᠦᠯ ᠢᠶᠡᠷ ᠢᠶᠠᠨ ᠭᠡᠮ ᠲᠡᠢ ᠪᠣᠯᠬᠤ ᠤᠴᠢᠷ ᠠᠴᠠ ᠬᠤᠯᠠᠭᠠᠢᠯᠠᠭᠰᠠᠨ ᠢᠶᠠᠨ ᠴᠤ᠂ ᠮᠥᠯᠵᠢᠭᠰᠡᠨ ᠢᠶᠡᠨ ᠴᠤ᠂ ᠥᠪᠡᠷ ᠲᠤᠨᠢ ᠬᠠᠳᠠᠭᠠᠯᠠᠭᠤᠯᠤᠭᠰᠠᠨ ᠢ ᠴᠤ᠂ ᠬᠥᠮᠦᠨ ᠦ ᠠᠯᠳᠠᠭᠰᠠᠨ ᠢ ᠣᠯᠣᠭᠰᠠᠨ ᠢᠶᠠᠨ ᠴᠤ᠂ 5 ᠬᠠᠭᠤᠷᠮᠠᠴᠢ ᠪᠠᠷ ᠲᠠᠩ᠋ᠭᠠᠷᠢᠭᠯᠠᠵᠤ ᠣᠯᠣᠭᠰᠠᠨ ᠠᠯᠢᠪᠠ ᠵᠦᠢᠯ ᠢᠶᠠᠨ ᠴᠤ ᠪᠦᠷᠢᠨ ᠡᠷᠭᠢᠭᠦᠯᠵᠦ ᠥᠭᠬᠦ ᠪᠡᠷ ᠦᠯᠦ ᠪᠠᠷᠠᠮ ᠲᠡᠭᠦᠨ ᠳᠡᠭᠡᠷ᠎ᠡ ᠪᠡᠨ ᠲᠠᠪᠤᠨ ᠤ ᠨᠢᠭᠡ ᠶᠢ ᠨᠡᠮᠡᠭᠡᠳ ᠭᠡᠮ ᠦᠨ ᠲᠠᠬᠢᠯ ᠡᠷᠭᠦᠬᠦ ᠡᠳᠦᠷ ᠢᠶᠡᠨ ᠡᠵᠡᠨ ᠳᠦᠨᠢ ᠥᠭᠬᠦ ᠶᠣᠰᠣᠲᠠᠢ᠃ 6 ᠲᠡᠭᠡᠭᠡᠳ ᠲᠡᠷᠡ ᠭᠡᠮ ᠦᠨ ᠲᠠᠬᠢᠯ ᠳᠠᠭᠠᠨ ᠴᠢᠨᠦ ᠦᠨᠡᠯᠡᠭᠰᠡᠨ ᠮᠥᠩᠭᠥᠨ ᠳᠤ ᠲᠡᠩᠴᠡᠬᠦ ᠰᠣᠭᠣᠭ ᠦᠭᠡᠢ ᠬᠤᠴᠠ ᠶᠢ ᠰᠦᠷᠦᠭ ᠡᠴᠡ ᠪᠡᠨ ᠠᠪᠴᠤ ᠶᠣᠬᠣᠸᠠ ᠳᠤ ᠡᠷᠭᠦᠬᠦ ᠭᠡᠮ ᠦᠨ ᠲᠠᠬᠢᠯ ᠪᠣᠯᠭᠠᠨ ᠲᠠᠬᠢᠯᠴᠢ ᠳᠤ ᠠᠪᠴᠢᠷᠠᠪᠠᠯ᠂ 7 ᠲᠠᠬᠢᠯᠴᠢ ᠶᠣᠬᠣᠸᠠ ᠶᠢᠨ ᠡᠮᠦᠨ᠎ᠡ ᠲᠡᠭᠦᠨ ᠦ ᠲᠥᠯᠥᠭᠡᠬᠢ ᠭᠡᠮ ᠦᠨ ᠬᠡᠯᠲᠦᠷᠢᠭᠦᠯᠦᠯᠭᠡ ᠶᠢ ᠬᠢᠬᠦ ᠪᠥᠭᠡᠳ ᠲᠡᠭᠦᠨ ᠢ ᠭᠡᠮ ᠲᠡᠢ ᠪᠣᠯᠭᠠᠭᠰᠠᠨ ᠠᠯᠢ ᠴᠤ ᠬᠡᠷᠡᠭ ᠡᠴᠡ ᠲᠡᠷᠡ ᠠᠭᠤᠴᠢᠯᠠᠭᠳᠠᠬᠤ ᠪᠣᠯᠣᠨ᠎ᠠ》 ᠭᠡᠯ᠎ᠡ᠃
 ᠲᠠᠬᠢᠯ ᠤᠨ ᠶᠣᠰᠣ ᠵᠢᠷᠤᠮ

8 ᠶᠣᠬᠣᠸᠠ ᠮᠣᠰᠧ ᠳᠤ ᠠᠢᠯᠠᠳᠤᠨ᠄ 9 《ᠠᠷᠣᠨ ᠪᠣᠯᠣᠨ ᠲᠡᠭᠦᠨ ᠦ ᠬᠥᠪᠡᠭᠦᠳ ᠲᠦ ᠵᠠᠬᠢ᠄ ᠰᠢᠲᠠᠭᠠᠯᠭᠠᠲᠤ ᠲᠠᠬᠢᠯ ᠤᠨ ᠳᠦᠷᠢᠮ ᠭᠡᠪᠡᠯ᠂ ᠰᠢᠲᠠᠭᠠᠯᠭᠠᠲᠤ ᠲᠠᠬᠢᠯ ᠨᠢ ᠥᠷᠯᠥᠭᠡ ᠪᠣᠯᠲᠠᠯ᠎ᠠ ᠪᠦᠬᠦᠯᠢ ᠰᠥᠨᠢᠵᠢᠨ ᠲᠠᠬᠢᠯ ᠤᠨ ᠰᠢᠷᠡᠭᠡᠨ ᠳᠡᠭᠡᠷᠡᠬᠢ ᠭᠠᠯ ᠤᠨ ᠬᠣᠪᠣᠩ ᠳᠤ ᠪᠠᠢᠭᠰᠠᠭᠠᠷ ᠪᠠᠢᠵᠤ᠂ ᠭᠠᠯ ᠨᠢ ᠲᠠᠬᠢᠯ ᠤᠨ ᠳᠡᠭᠡᠷ᠎ᠡ ᠳᠦᠷᠡᠯᠵᠡᠭᠰᠡᠭᠡᠷ ᠪᠠᠢᠬᠤ ᠶᠣᠰᠣᠲᠠᠢ᠃ 10 ᠲᠠᠬᠢᠯᠴᠢ ᠪᠡᠶ᠎ᠡ ᠳᠡᠭᠡᠨ ᠳᠣᠲᠣᠷ ᠬᠤᠪᠴᠠᠰᠤ᠂ ᠳᠡᠭᠡᠷ᠎ᠡ ᠨᠢ ᠮᠠᠭᠠᠯᠢᠩ᠋ᠭᠤᠨ ᠳᠡᠪᠡᠯ ᠡᠮᠦᠰᠦᠨ᠎ᠡ᠂ ᠲᠠᠬᠢᠯ ᠤᠨ ᠰᠢᠷᠡᠭᠡᠨ ᠳᠡᠭᠡᠷᠡᠬᠢ ᠰᠢᠲᠠᠭᠠᠯᠭᠠᠲᠤ ᠲᠠᠬᠢᠯ ᠭᠠᠯ ᠳᠤ ᠰᠢᠲᠠᠭᠰᠠᠨ ᠤ ᠳᠠᠷᠠᠭ᠎ᠠ᠂ ᠲᠡᠷᠡ ᠪᠡᠷ ᠦᠨᠡᠰᠦ ᠶᠢ ᠠᠪᠴᠤ ᠲᠠᠬᠢᠯ ᠤᠨ ᠰᠢᠷᠡᠭᠡᠨ ᠦ ᠬᠠᠵᠠᠭᠤ ᠳᠤ ᠲᠠᠯᠪᠢᠨ᠎ᠠ᠃ 11 ᠲᠡᠭᠡᠭᠡᠳ ᠲᠡᠷᠡ ᠬᠤᠪᠴᠠᠰᠤ ᠪᠠᠨ ᠲᠠᠢᠯᠤᠨ᠂ ᠥᠭᠡᠷ᠎ᠡ ᠬᠤᠪᠴᠠᠰᠤ ᠡᠮᠦᠰᠴᠦ᠂ ᠨᠥᠭᠥᠭᠡ ᠦᠨᠡᠰᠦ ᠶᠢ ᠬᠤᠸᠠᠷᠠᠨ ᠤ ᠭᠠᠳᠠᠨ᠎ᠠ ᠴᠡᠪᠡᠷ ᠭᠠᠵᠠᠷ ᠲᠤ ᠠᠪᠠᠴᠢᠬᠤ ᠪᠣᠯᠣᠨ᠎ᠠ᠃ 12 ᠲᠠᠬᠢᠯ ᠤᠨ ᠰᠢᠷᠡᠭᠡᠨ ᠳᠡᠭᠡᠷᠡᠬᠢ ᠭᠠᠯ ᠲᠡᠭᠦᠨ ᠳᠡᠭᠡᠷ᠎ᠡ ᠪᠡᠨ ᠤᠨᠲᠠᠷᠠᠯ ᠦᠭᠡᠢ ᠳᠦᠷᠡᠯᠵᠡᠭᠰᠡᠭᠡᠷ ᠪᠠᠢᠬᠤ ᠶᠣᠰᠣᠲᠠᠢ᠃ ᠲᠠᠬᠢᠯᠴᠢ ᠥᠷᠯᠥᠭᠡ ᠪᠦᠷᠢ ᠲᠦᠯᠡᠭᠡ ᠰᠢᠲᠠᠭᠠᠵᠤ᠂ ᠳᠡᠭᠡᠷ᠎ᠡ ᠨᠢ ᠰᠢᠲᠠᠭᠠᠯᠭᠠᠲᠤ ᠲᠠᠬᠢᠯ ᠥᠷᠥᠭᠡᠳ ᠡᠪ ᠦᠨ ᠲᠠᠬᠢᠯ ᠤᠨ ᠥᠭᠡᠬᠦ ᠶᠢ ᠰᠢᠲᠠᠭᠠᠬᠤ ᠪᠣᠯᠣᠨ᠎ᠠ᠃ 13 ᠭᠠᠯ ᠨᠢ ᠲᠠᠬᠢᠯ ᠤᠨ ᠰᠢᠷᠡᠭᠡᠨ ᠳᠡᠭᠡᠷ᠎ᠡ ᠤᠨᠲᠠᠷᠠᠯ ᠦᠭᠡᠢ ᠳᠦᠷᠡᠯᠵᠡᠵᠦ ᠪᠠᠢᠬᠤ ᠶᠣᠰᠣᠲᠠᠢ᠃

14 ᠢᠳᠡᠭᠡᠨ ᠡᠷᠭᠦᠯ ᠦᠨ ᠬᠠᠤᠯᠢ ᠭᠡᠪᠡᠯ᠂ ᠠᠷᠣᠨ ᠤ ᠬᠥᠪᠡᠭᠦᠳ ᠲᠡᠭᠦᠨ ᠢ ᠶᠣᠬᠣᠸᠠ ᠶᠢᠨ ᠡᠮᠦᠨ᠎ᠡ᠂ ᠲᠠᠬᠢᠯ ᠤᠨ ᠰᠢᠷᠡᠭᠡᠨ ᠦ ᠤᠷᠳᠤ ᠲᠠᠯ᠎ᠠ ᠳᠤ ᠡᠷᠭᠦᠬᠦ ᠶᠣᠰᠣᠲᠠᠢ᠃ 15 ᠲᠡᠭᠡᠪᠡᠯ ᠨᠢᠭᠡ ᠲᠠᠬᠢᠯᠴᠢ ᠲᠠᠬᠢᠯ ᠳᠡᠭᠡᠷᠡᠬᠢ ᠪᠦᠬᠦ ᠭᠦᠭᠦᠯ ᠦᠨ ᠬᠠᠮᠲᠤ ᠢᠳᠡᠭᠡᠨ ᠲᠠᠬᠢᠯ ᠤᠨ ᠲᠣᠰᠣ ᠲᠠᠢ ᠨᠠᠷᠢᠯᠢᠭ᠋ ᠭᠤᠯᠢᠷ ᠠᠴᠠ ᠠᠳᠬᠤ ᠶᠢ ᠠᠪᠴᠤ᠂ ᠳᠤᠷᠠᠰᠬᠠᠯ ᠤᠨ ᠡᠷᠭᠦᠯ ᠦᠨ ᠬᠤᠪᠢ ᠪᠠᠷ ᠲᠠᠬᠢᠯ ᠤᠨ ᠰᠢᠷᠡᠭᠡᠨ ᠳᠡᠭᠡᠷ᠎ᠡ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠨ ᠰᠢᠲᠠᠭᠠᠬᠤ ᠪᠣᠯᠣᠨ᠎ᠠ᠃ 16 ᠦᠯᠡᠳᠡᠪᠦᠷᠢ ᠶᠢ ᠨᠢ ᠠᠷᠣᠨ ᠪᠣᠯᠣᠨ ᠲᠡᠭᠦᠨ ᠦ ᠬᠥᠪᠡᠭᠦᠳ ᠢᠳᠡᠨ᠎ᠡ᠃ ᠢᠰᠭᠡᠭᠦᠷ ᠬᠢᠬᠦ ᠦᠭᠡᠢ ᠪᠠᠷ ᠠᠷᠢᠭᠤᠨ ᠭᠠᠵᠠᠷ ᠲᠤ ᠢᠳᠡᠬᠦ ᠪᠥᠭᠡᠳ ᠠᠭᠤᠯᠵᠠᠯᠲᠠ ᠶᠢᠨ ᠴᠠᠴᠠᠷ ᠤᠨ ᠬᠠᠰᠢᠶᠠᠨ ᠳᠣᠲᠣᠷ᠎ᠠ ᠯᠠ ᠢᠳᠡᠬᠦ ᠶᠣᠰᠣᠲᠠᠢ᠃ 17 ᠲᠡᠭᠦᠨ ᠳᠦ ᠢᠰᠭᠡᠭᠦᠷ ᠬᠢᠵᠦ ᠬᠠᠭᠰᠠᠭᠠᠵᠤ ᠪᠣᠯᠬᠤ ᠦᠭᠡᠢ᠃ ᠡᠭᠦᠨ ᠢ ᠪᠢ ᠭᠠᠯ ᠤᠨ ᠡᠷᠭᠦᠯ ᠤᠳ ᠠᠴᠠ ᠪᠠᠨ ᠲᠡᠳᠡᠨ ᠦ ᠬᠤᠪᠢ ᠪᠣᠯᠭᠠᠨ ᠥᠭᠭᠥᠭᠰᠡᠨ᠂ ᠡᠨᠡ ᠨᠢ ᠨᠢᠭᠦᠯ ᠦᠨ ᠲᠠᠬᠢᠯ᠂ ᠭᠡᠮ ᠦᠨ ᠲᠠᠬᠢᠯ ᠤᠨ ᠠᠳᠠᠯᠢ ᠠᠷᠢᠭᠤᠨ ᠠᠴᠠ ᠠᠷᠢᠭᠤᠨ ᠶᠤᠮ᠃ 18 ᠠᠷᠣᠨ ᠤ ᠬᠥᠪᠡᠭᠦᠳ ᠦᠨ ᠳᠤᠮᠳᠠᠬᠢ ᠡᠷ᠎ᠡ ᠬᠦᠢᠰᠦᠲᠡᠨ ᠪᠣᠯᠭᠠᠨ ᠡᠭᠦᠨ ᠢ ᠢᠳᠡᠵᠦ ᠪᠣᠯᠣᠨ᠎ᠠ᠃ ᠦᠶ᠎ᠡ ᠶᠢᠨ ᠦᠶ᠎ᠡ ᠳᠦ ᠡᠨᠡ ᠨᠢ ᠶᠣᠬᠣᠸᠠ ᠳᠤ ᠪᠠᠷᠢᠭᠰᠠᠨ ᠭᠠᠯ ᠤᠨ ᠡᠷᠭᠦᠯ ᠤᠳ ᠠᠴᠠ ᠲᠡᠭᠦᠨ ᠦ ᠬᠦᠷᠲᠡᠬᠦ ᠪᠠᠢᠩ᠋ᠭᠤ ᠶᠢᠨ ᠬᠤᠪᠢ ᠶᠤᠮ᠃ ᠲᠡᠳᠡᠭᠡᠷ ᠲᠦ ᠬᠦᠷᠦᠭᠰᠡᠨ ᠪᠦᠬᠦᠨ ᠨᠢ ᠠᠷᠢᠭᠤᠰᠬᠠᠭᠳᠠᠬᠤ ᠪᠣᠯᠣᠨ᠎ᠠ》 ᠭᠡᠪᠡ᠃

19 ᠶᠣᠬᠣᠸᠠ ᠮᠣᠰᠧ ᠳᠤ ᠠᠢᠯᠠᠳᠤᠨ᠄ 20 《ᠠᠷᠣᠨ ᠤ ᠲᠣᠰᠣᠯᠠᠭᠳᠠᠬᠤ ᠡᠳᠦᠷ ᠠᠷᠣᠨ ᠪᠣᠯᠣᠨ ᠲᠡᠭᠦᠨ ᠦ ᠬᠥᠪᠡᠭᠦᠳ ᠦᠨ ᠶᠣᠬᠣᠸᠠ ᠳᠤ ᠪᠠᠷᠢᠬᠤ ᠡᠷᠭᠦᠯ ᠭᠡᠪᠡᠯ᠂ ᠪᠠᠢᠩ᠋ᠭᠤ ᠶᠢᠨ ᠢᠳᠡᠭᠡᠨ ᠡᠷᠭᠦᠯ ᠪᠣᠯᠬᠤ ᠡᠹᠠ ᠶᠢᠨ ᠠᠷᠪᠠᠨ ᠤ ᠨᠢᠭᠡ ᠶᠢᠨ ᠨᠠᠷᠢᠯᠢᠭ᠋ ᠭᠤᠯᠢᠷ ᠶᠤᠮ᠃ ᠬᠠᠭᠠᠰ ᠢ ᠨᠢ ᠥᠷᠯᠥᠭᠡ᠂ ᠬᠠᠭᠠᠰ ᠢ ᠨᠢ ᠦᠳᠡᠰᠢ ᠡᠷᠭᠦᠬᠦ ᠶᠣᠰᠣᠲᠠᠢ᠃ 21 ᠡᠭᠦᠨ ᠢ ᠬᠠᠭᠠᠷᠢᠭᠤᠯ ᠳᠡᠭᠡᠷ᠎ᠡ ᠲᠣᠰᠣ ᠲᠠᠢ ᠬᠠᠮᠲᠤ ᠪᠡᠯᠡᠳᠬᠡᠬᠦ ᠶᠣᠰᠣᠲᠠᠢ᠃ ᠲᠡᠭᠡᠭᠡᠳ ᠲᠣᠰᠣ ᠲᠠᠢ ᠪᠠᠭᠰᠤᠷᠠᠵᠤ ᠰᠢᠷᠠᠭᠠᠳ ᠬᠡᠰᠡᠭᠯᠡᠭᠰᠡᠨ ᠢᠳᠡᠭᠡᠨ ᠡᠷᠭᠦᠯ ᠢ ᠠᠪᠴᠢᠷᠠᠵᠤ᠂ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠨ ᠡᠷᠭᠦᠨ᠎ᠡ᠃ 22 ᠡᠷᠭᠦᠬᠦ ᠬᠥᠮᠦᠨ ᠨᠢ ᠠᠷᠣᠨ ᠤ ᠦᠷ᠎ᠡ ᠤᠳᠤᠮ ᠤᠨ ᠳᠤᠮᠳᠠ ᠠᠴᠠ ᠲᠡᠭᠦᠨ ᠢ ᠵᠠᠯᠭᠠᠮᠵᠢᠯᠠᠬᠤ ᠲᠣᠰᠣᠯᠠᠭᠳᠠᠭᠰᠠᠨ ᠲᠠᠬᠢᠯᠴᠢ ᠪᠠᠢᠬᠤ ᠶᠣᠰᠣᠲᠠᠢ᠃ ᠡᠨᠡ ᠨᠢ ᠶᠣᠬᠣᠸᠠ ᠶᠢᠨ ᠪᠠᠢᠩ᠋ᠭᠤ ᠶᠢᠨ ᠬᠤᠪᠢ᠂ ᠪᠦᠬᠦᠯᠢ ᠳᠡᠭᠡᠨ ᠰᠢᠲᠠᠭᠠᠭᠳᠠᠬᠤ ᠪᠣᠯᠣᠨ᠎ᠠ᠃ 23 ᠲᠠᠬᠢᠯᠴᠢ ᠶᠢᠨ ᠢᠳᠡᠭᠡᠨ ᠡᠷᠭᠦᠯ ᠨᠢ ᠪᠦᠷ ᠪᠦᠬᠦᠯᠢ ᠳᠡᠭᠡᠨ ᠰᠢᠲᠠᠭᠠᠭᠳᠠᠬᠤ ᠪᠣᠯᠣᠨ᠎ᠠ᠃ ᠡᠭᠦᠨ ᠢ ᠢᠳᠡᠵᠦ ᠪᠣᠯᠬᠤ ᠦᠭᠡᠢ》 ᠭᠡᠯ᠎ᠡ᠃

24 ᠶᠣᠬᠣᠸᠠ ᠮᠣᠰᠧ ᠳᠤ ᠠᠢᠯᠠᠳᠤᠨ᠄ 25 《ᠠᠷᠣᠨ ᠪᠣᠯᠣᠨ ᠲᠡᠭᠦᠨ ᠦ ᠬᠥᠪᠡᠭᠦᠳ ᠲᠦ ᠵᠠᠬᠢ᠄ ᠨᠢᠭᠦᠯ ᠦᠨ ᠲᠠᠬᠢᠯ ᠤᠨ ᠬᠠᠤᠯᠢ ᠭᠡᠪᠡᠯ᠂ ᠨᠢᠭᠦᠯ ᠦᠨ ᠲᠠᠬᠢᠯ ᠨᠢ ᠠᠷᠢᠭᠤᠨ ᠠᠴᠠ ᠠᠷᠢᠭᠤᠨ ᠪᠥᠭᠡᠳ ᠶᠣᠬᠣᠸᠠ ᠶᠢᠨ ᠡᠮᠦᠨ᠎ᠡ ᠰᠢᠲᠠᠭᠠᠯᠭᠠᠲᠤ ᠲᠠᠬᠢᠯ ᠨᠢᠳᠤᠯᠤᠭᠳᠠᠳᠠᠭ ᠭᠠᠵᠠᠷ ᠲᠤ ᠨᠢᠳᠤᠯᠤᠭᠳᠠᠬᠤ ᠶᠣᠰᠣᠲᠠᠢ᠃ 26 ᠨᠢᠭᠦᠯ ᠦᠨ ᠲᠠᠬᠢᠯ ᠢ ᠡᠷᠭᠦᠭᠰᠡᠨ ᠲᠠᠬᠢᠯᠴᠢ ᠲᠡᠭᠦᠨ ᠢ ᠢᠳᠡᠬᠦ ᠪᠣᠯᠣᠨ᠎ᠠ᠃ ᠡᠭᠦᠨ ᠢ ᠠᠭᠤᠯᠵᠠᠯᠲᠠ ᠶᠢᠨ ᠴᠠᠴᠠᠷ ᠤᠨ ᠬᠠᠰᠢᠶᠠᠨ ᠳᠣᠲᠣᠷᠠᠬᠢ ᠠᠷᠢᠭᠤᠨ ᠭᠠᠵᠠᠷ ᠲᠤ ᠢᠳᠡᠬᠦ ᠶᠣᠰᠣᠲᠠᠢ᠃ 27 ᠮᠢᠬᠠᠨ ᠳᠤᠨᠢ ᠬᠦᠷᠦᠭᠰᠡᠨ ᠪᠣᠯᠭᠠᠨ ᠠᠷᠢᠭᠤᠰᠬᠠᠭᠳᠠᠬᠤ ᠪᠥᠭᠡᠳ ᠴᠢᠰᠤ ᠨᠢ ᠬᠤᠪᠴᠠᠰᠤᠨ ᠳᠡᠭᠡᠷ᠎ᠡ ᠨᠢ ᠦᠰᠦᠷᠪᠡᠯ᠂ ᠲᠡᠷᠡ ᠬᠡᠰᠡᠭ ᠢ ᠠᠷᠢᠭᠤᠨ ᠭᠠᠵᠠᠷ ᠲᠤ ᠤᠬᠢᠶᠠᠬᠤ ᠶᠣᠰᠣᠲᠠᠢ᠃ 28 ᠬᠡᠷᠪᠡ ᠲᠡᠷᠡ ᠮᠢᠬ᠎ᠠ ᠶᠢ ᠰᠢᠪᠠᠷ ᠰᠠᠪᠠᠨ ᠳᠤ ᠪᠤᠴᠠᠯᠭᠠᠭᠰᠠᠨ ᠪᠣᠯ ᠲᠡᠷᠡ ᠰᠠᠪᠠ ᠶᠢ ᠬᠠᠭᠠᠯᠵᠤ᠂ ᠬᠦᠷᠡᠯ ᠰᠠᠪᠠᠨ ᠳᠤ ᠪᠤᠴᠠᠯᠭᠠᠭᠰᠠᠨ ᠪᠣᠯ ᠲᠡᠷᠡ ᠰᠠᠪᠠ ᠶᠢ ᠤᠬᠢᠶᠠᠵᠤ ᠤᠰᠤ ᠪᠠᠷ ᠵᠠᠢᠯᠬᠤ ᠶᠣᠰᠣᠲᠠᠢ᠃ 29 ᠲᠠᠬᠢᠯᠴᠢ ᠶᠢᠨ ᠭᠡᠷ ᠪᠦᠯᠢ ᠶᠢᠨ ᠡᠷ᠎ᠡ ᠬᠦᠢᠰᠦᠲᠡᠨ ᠪᠣᠯᠭᠠᠨ ᠡᠭᠦᠨ ᠢ ᠢᠳᠡᠵᠦ ᠪᠣᠯᠣᠨ᠎ᠠ᠃ ᠡᠨᠡ ᠨᠢ ᠠᠷᠢᠭᠤᠨ ᠠᠴᠠ ᠠᠷᠢᠭᠤᠨ ᠶᠤᠮ᠃ 30 ᠭᠡᠪᠡᠴᠦ ᠭᠡᠮ ᠦᠨ ᠬᠡᠯᠲᠦᠷᠢᠭᠦᠯᠦᠯᠭᠡ ᠶᠢ ᠠᠷᠢᠭᠤᠨ ᠭᠠᠵᠠᠷ ᠲᠤ ᠬᠢᠬᠦ ᠭᠡᠵᠦ ᠴᠢᠰᠤ ᠶᠢ ᠨᠢ ᠠᠭᠤᠯᠵᠠᠯᠲᠠ ᠶᠢᠨ ᠴᠠᠴᠠᠷ ᠲᠤ ᠠᠪᠴᠢᠷᠠᠭᠰᠠᠨ ᠪᠣᠯ ᠲᠡᠷᠡ ᠬᠦ ᠨᠢᠭᠦᠯ ᠦᠨ ᠲᠠᠬᠢᠯ ᠢ ᠢᠳᠡᠵᠦ ᠪᠣᠯᠬᠤ ᠦᠭᠡᠢ᠂ ᠭᠠᠯ ᠳᠤ ᠰᠢᠲᠠᠭᠠᠬᠤ ᠶᠣᠰᠣᠲᠠᠢ᠃