ᠯᠧᠸᠢ ᠳᠥᠷᠪᠡ
ᠨᠢᠭᠦᠯ ᠦᠨ ᠲᠠᠬᠢᠯ
1 ᠶᠣᠬᠣᠸᠠ ᠮᠣᠰᠧ ᠳᠤ ᠠᠢᠯᠠᠳᠬᠤ ᠳᠠᠭᠠᠨ᠄ 2 《ᠢᠰᠷᠧᠯᠴᠦᠳ ᠲᠦ ᠵᠠᠬᠢ᠄ ᠬᠥᠮᠦᠨ ᠰᠠᠨᠠᠮᠰᠠᠷ ᠦᠭᠡᠢ ᠨᠢᠭᠦᠯ ᠦᠢᠯᠡᠳᠦᠨ᠂ ᠶᠣᠬᠣᠸᠠ ᠶᠢᠨ ᠬᠣᠷᠢᠭᠯᠠᠭᠰᠠᠨ ᠵᠦᠢᠯ ᠡᠴᠡ ᠠᠯᠢ ᠨᠢᠭᠡ ᠶᠢ ᠨᠢ ᠵᠥᠷᠢᠴᠡᠭᠰᠡᠨ ᠲᠣᠬᠢᠶᠠᠯᠳᠤᠯ ᠳᠤ ᠢᠩᠭᠢᠵᠦ ᠬᠢ᠄
3 ᠬᠡᠷᠪᠡ ᠲᠣᠰᠣᠯᠠᠭᠳᠠᠭᠰᠠᠨ ᠲᠠᠬᠢᠯᠴᠢ ᠨᠢᠭᠦᠯ ᠦᠢᠯᠡᠳᠦᠭᠡᠳ ᠠᠷᠠᠳ ᠲᠦᠮᠡᠨ ᠢ ᠶᠠᠯ᠎ᠠ ᠳᠤ ᠤᠨᠠᠭᠠᠭᠰᠠᠨ ᠪᠣᠯ᠂ ᠲᠡᠷᠡ ᠬᠥᠮᠦᠨ ᠦᠢᠯᠡᠳᠦᠭᠰᠡᠨ ᠨᠢᠭᠦᠯ ᠦᠨ ᠢᠶᠠᠨ ᠲᠥᠯᠥᠭᠡ ᠰᠣᠭᠣᠭ ᠦᠭᠡᠢ ᠵᠠᠯᠠᠭᠤ ᠪᠤᠬ᠎ᠠ ᠶᠢ ᠨᠢᠭᠦᠯ ᠦᠨ ᠲᠠᠬᠢᠯ ᠪᠣᠯᠭᠠᠨ ᠶᠣᠬᠣᠸᠠ ᠳᠤ ᠡᠷᠭᠦᠬᠦ ᠶᠣᠰᠣᠲᠠᠢ᠃ 4 ᠡᠭᠦᠨ ᠦ ᠲᠥᠯᠥᠭᠡ ᠪᠤᠬ᠎ᠠ ᠶᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠶᠣᠬᠣᠸᠠ ᠶᠢᠨ ᠡᠮᠦᠨ᠎ᠡ ᠠᠪᠴᠢᠷᠠᠭᠠᠳ ᠭᠠᠷ ᠢᠶᠠᠨ ᠪᠤᠬ᠎ᠠ ᠶᠢᠨ ᠲᠣᠯᠣᠭᠠᠢ ᠳᠡᠭᠡᠷ᠎ᠡ ᠲᠠᠯᠪᠢᠵᠤ᠂ ᠲᠡᠭᠦᠨ ᠢ ᠶᠣᠬᠣᠸᠠ ᠶᠢᠨ ᠡᠮᠦᠨ᠎ᠡ ᠨᠢᠲᠤᠯᠬᠤ ᠪᠣᠯᠣᠨ᠎ᠠ᠃ 5 ᠲᠣᠰᠣᠯᠠᠭᠳᠠᠭᠰᠠᠨ ᠲᠠᠬᠢᠯᠴᠢ ᠪᠤᠬ᠎ᠠ ᠶᠢᠨ ᠴᠢᠰᠤᠨ ᠠᠴᠠ ᠠᠪᠤᠭᠠᠳ ᠠᠭᠤᠯᠵᠠᠯᠲᠠ ᠶᠢᠨ ᠴᠠᠴᠠᠷ ᠲᠤ ᠠᠪᠴᠢᠷᠠᠨ᠎ᠠ᠃ 6 ᠲᠡᠭᠡᠭᠡᠳ ᠲᠠᠬᠢᠯᠴᠢ ᠴᠢᠰᠤᠨ ᠳᠤ ᠬᠤᠷᠤᠭᠤ ᠪᠠᠨ ᠳᠦᠷᠦᠨ ᠶᠣᠬᠣᠸᠠ ᠶᠢᠨ ᠡᠮᠦᠨ᠎ᠡ᠂ ᠠᠷᠢᠭᠤᠨ ᠭᠠᠵᠠᠷ ᠤᠨ ᠬᠥᠰᠢᠭᠡᠨ ᠦ ᠡᠮᠦᠨ᠎ᠡ ᠴᠢᠰᠤᠨ ᠠᠴᠠ ᠳᠣᠯᠣᠭᠠᠨ ᠤᠳᠠᠭ᠎ᠠ ᠰᠦᠷᠴᠢᠬᠦ ᠶᠣᠰᠣᠲᠠᠢ᠃ 7 ᠲᠠᠬᠢᠯᠴᠢ ᠪᠠᠰᠠ ᠬᠡᠰᠡᠭ ᠴᠢᠰᠤ ᠶᠢ ᠶᠣᠬᠣᠸᠠ ᠶᠢᠨ ᠡᠮᠦᠨ᠎ᠡ᠂ ᠠᠭᠤᠯᠵᠠᠯᠲᠠ ᠶᠢᠨ ᠴᠠᠴᠠᠷ ᠳᠠᠬᠢ ᠠᠩᠬᠢᠯᠤᠭᠤᠨ ᠤᠲᠤᠯᠭᠠᠲᠤ ᠲᠠᠬᠢᠯ ᠤᠨ ᠰᠢᠷᠡᠭᠡᠨ ᠦ ᠡᠪᠡᠷ ᠤᠳ ᠳᠡᠭᠡᠷ᠎ᠡ ᠨᠢᠯᠠᠵᠤ᠂ ᠪᠤᠬ᠎ᠠ ᠶᠢᠨ ᠦᠯᠡᠳᠡᠭᠰᠡᠨ ᠴᠢᠰᠤ ᠶᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠪᠠᠢᠭ᠎ᠠ ᠰᠢᠲᠠᠭᠠᠯᠭᠠᠲᠤ ᠲᠠᠬᠢᠯ ᠤᠨ ᠰᠢᠷᠡᠭᠡᠨ ᠦ ᠰᠠᠭᠤᠷᠢ ᠤᠷᠤᠭᠤ ᠠᠰᠬᠠᠨ᠎ᠠ᠃ 8 ᠲᠡᠷᠡ ᠪᠡᠷ ᠨᠢᠭᠦᠯ ᠦᠨ ᠲᠠᠬᠢᠯ ᠪᠣᠯᠬᠤ ᠪᠤᠬ᠎ᠠ ᠶᠢᠨ ᠪᠦᠬᠦ ᠥᠭᠡᠬᠦ ᠶᠢ᠂ ᠲᠤᠬᠠᠢᠯᠠᠪᠠᠯ ᠪᠦᠬᠦ ᠳᠣᠲᠣᠷ ᠥᠭᠡᠬᠦ ᠶᠢ ᠰᠡᠮᠡᠵᠡᠨ ᠥᠭᠡᠬᠦ ᠲᠠᠢ ᠨᠢ ᠬᠠᠮᠲᠤ᠂ 9 ᠬᠣᠶᠠᠷ ᠪᠥᠭᠡᠷ᠎ᠡ ᠶᠢ ᠤᠭᠤᠴᠠᠨ ᠤ ᠬᠠᠪᠢ ᠳᠠᠬᠢ ᠥᠭᠡᠬᠦ ᠲᠠᠢ ᠨᠢ ᠬᠠᠮᠲᠤ᠂ ᠪᠠᠰᠠ ᠥᠨᠥᠴᠢᠨ ᠡᠯᠢᠭᠡ ᠶᠢ ᠪᠥᠭᠡᠷ᠎ᠡ ᠲᠠᠢ ᠨᠢ ᠬᠠᠮᠲᠤ 10 ᠡᠪ ᠦᠨ ᠲᠠᠬᠢᠯ ᠤᠨ ᠦᠬᠡᠷ ᠢ ᠲᠤᠶᠠᠴᠢᠭᠰᠠᠨ ᠮᠠᠶ᠋ᠢᠭ ᠢᠶᠠᠷ ᠲᠤᠶᠠᠴᠢᠬᠤ ᠶᠣᠰᠣᠲᠠᠢ᠃ ᠲᠠᠬᠢᠯᠴᠢ ᠡᠳᠡᠭᠡᠷ ᠢ ᠰᠢᠲᠠᠭᠠᠯᠭᠠᠲᠤ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ 11 ᠬᠠᠷᠢᠨ ᠪᠤᠬ᠎ᠠ ᠶᠢᠨ ᠠᠷᠠᠰᠤ ᠪᠣᠯᠣᠨ ᠪᠦᠬᠦ ᠮᠢᠬ᠎ᠠ᠂ ᠲᠣᠯᠣᠭᠠᠢ᠂ ᠮᠥᠴᠢ᠂ ᠭᠡᠳᠡᠰᠦ ᠳᠣᠲᠣᠷ᠂ ᠰᠡᠪᠡᠰᠦ ᠵᠡᠷᠭᠡ 12 ᠪᠤᠬ᠎ᠠ ᠶᠢᠨ ᠦᠯᠡᠳᠡᠭᠰᠡᠨ ᠪᠦᠬᠦᠨ ᠢ ᠬᠤᠸᠠᠷᠠᠨ ᠤ ᠭᠠᠳᠠᠨ᠎ᠠ ᠴᠡᠪᠡᠷ ᠭᠠᠵᠠᠷ᠂ ᠲᠤᠬᠠᠢᠯᠠᠪᠠᠯ ᠦᠨᠡᠰᠦ ᠠᠰᠬᠠᠳᠠᠭ ᠭᠠᠵᠠᠷ ᠲᠤ ᠠᠪᠠᠴᠢᠵᠤ ᠲᠦᠯᠡᠭᠡᠨ ᠭᠠᠯ ᠳᠡᠭᠡᠷ᠎ᠡ ᠰᠢᠲᠠᠭᠠᠨ᠎ᠠ᠃ ᠲᠡᠷᠡ ᠪᠤᠬ᠎ᠠ ᠦᠨᠡᠰᠦ ᠠᠰᠬᠠᠳᠠᠭ ᠭᠠᠵᠠᠷ ᠲᠤ ᠰᠢᠲᠠᠭᠠᠭᠳᠠᠬᠤ ᠶᠣᠰᠣᠲᠠᠢ᠃
13 ᠢᠰᠷᠧᠯ ᠤᠨ ᠨᠡᠢᠲᠡ ᠴᠢᠭᠤᠯᠭᠠᠨ ᠰᠠᠨᠠᠮᠰᠠᠷ ᠦᠭᠡᠢ ᠭᠡᠮ ᠪᠤᠷᠤᠭᠤ ᠦᠢᠯᠡᠳᠴᠦ ᠶᠣᠬᠣᠸᠠ ᠶᠢᠨ ᠬᠣᠷᠢᠭᠯᠠᠭᠰᠠᠨ ᠵᠦᠢᠯ ᠡᠴᠡ ᠠᠯᠢ ᠨᠢᠭᠡ ᠶᠢ ᠨᠢ ᠵᠥᠷᠢᠴᠡᠭᠰᠡᠨ ᠲᠣᠬᠢᠶᠠᠯᠳᠤᠯ ᠳᠤ᠂ ᠤᠭ ᠬᠡᠷᠡᠭ ᠴᠢᠭᠤᠯᠭᠠᠨ ᠳᠤ ᠠᠩᠵᠠᠭᠠᠷᠠᠭᠳᠠᠯ ᠦᠭᠡᠢ ᠥᠩᠭᠡᠷᠡᠭᠰᠡᠨ ᠴᠤ ᠲᠡᠳᠡ ᠭᠡᠮ ᠲᠡᠢ᠃ 14 ᠲᠡᠳᠡᠨ ᠦ ᠦᠢᠯᠡᠳᠦᠭᠰᠡᠨ ᠭᠡᠮ ᠪᠤᠷᠤᠭᠤ ᠨᠢ ᠮᠡᠳᠡᠭᠳᠡᠮᠡᠭᠴᠡ ᠴᠢᠭᠤᠯᠭᠠᠨ ᠨᠢᠭᠦᠯ ᠦᠨ ᠲᠠᠬᠢᠯ ᠪᠣᠯᠬᠤ ᠵᠠᠯᠠᠭᠤ ᠪᠤᠬ᠎ᠠ ᠶᠢ ᠠᠪᠴᠢᠷᠠᠵᠤ᠂ ᠠᠭᠤᠯᠵᠠᠯᠲᠠ ᠶᠢᠨ ᠴᠠᠴᠠᠷ ᠤᠨ ᠡᠮᠦᠨ᠎ᠡ ᠡᠷᠭᠦᠬᠦ ᠶᠣᠰᠣᠲᠠᠢ᠃ 15 ᠶᠣᠬᠣᠸᠠ ᠶᠢᠨ ᠡᠮᠦᠨ᠎ᠡ᠂ ᠨᠡᠢᠲᠡ ᠴᠢᠭᠤᠯᠭᠠᠨ ᠤ ᠠᠬᠠᠯᠠᠭᠴᠢᠳ ᠪᠤᠬ᠎ᠠ ᠶᠢᠨ ᠲᠣᠯᠣᠭᠠᠢ ᠳᠡᠭᠡᠷ᠎ᠡ ᠭᠠᠷ ᠢᠶᠠᠨ ᠲᠠᠯᠪᠢᠨ᠎ᠠ᠃ ᠳᠠᠷᠠᠭ᠎ᠠ ᠨᠢ ᠲᠡᠷᠡ ᠪᠤᠬ᠎ᠠ ᠶᠢ ᠶᠣᠬᠣᠸᠠ ᠶᠢᠨ ᠡᠮᠦᠨ᠎ᠡ ᠨᠢᠲᠤᠯᠬᠤ ᠪᠥᠭᠡᠳ 16 ᠲᠣᠰᠣᠯᠠᠭᠳᠠᠭᠰᠠᠨ ᠲᠠᠬᠢᠯᠴᠢ ᠪᠤᠬ᠎ᠠ ᠶᠢᠨ ᠴᠢᠰᠤᠨ ᠠᠴᠠ ᠠᠪᠴᠤ ᠠᠭᠤᠯᠵᠠᠯᠲᠠ ᠶᠢᠨ ᠴᠠᠴᠠᠷ ᠲᠤ ᠣᠷᠣᠨ᠎ᠠ᠃ 17 ᠲᠠᠬᠢᠯᠴᠢ ᠴᠢᠰᠤᠨ ᠳᠤ ᠬᠤᠷᠤᠭᠤ ᠪᠠᠨ ᠳᠦᠷᠦᠨ ᠶᠣᠬᠣᠸᠠ ᠶᠢᠨ ᠡᠮᠦᠨ᠎ᠡ᠂ ᠬᠥᠰᠢᠭᠡᠨ ᠦ ᠡᠮᠦᠨ᠎ᠡ ᠳᠣᠯᠣᠭᠠᠨ ᠤᠳᠠᠭ᠎ᠠ ᠰᠦᠷᠴᠢᠭᠰᠡᠨ ᠦ ᠳᠠᠷᠠᠭ᠎ᠠ᠂ 18 ᠬᠡᠰᠡᠭ ᠴᠢᠰᠤ ᠶᠢ ᠨᠢ ᠠᠭᠤᠯᠵᠠᠯᠲᠠ ᠶᠢᠨ ᠴᠠᠴᠠᠷ ᠤᠨ ᠳᠣᠲᠣᠷ᠎ᠠ ᠶᠣᠬᠣᠸᠠ ᠶᠢᠨ ᠡᠮᠦᠨ᠎ᠡ ᠪᠤᠢ ᠲᠠᠬᠢᠯ ᠤᠨ ᠰᠢᠷᠡᠭᠡᠨ ᠦ ᠡᠪᠡᠷ ᠤᠳ ᠳᠡᠭᠡᠷ᠎ᠡ ᠨᠢᠯᠠᠬᠤ ᠶᠣᠰᠣᠲᠠᠢ᠃ ᠦᠯᠡᠳᠡᠭᠰᠡᠨ ᠴᠢᠰᠤ ᠶᠢ ᠨᠢ ᠠᠭᠤᠯᠵᠠᠯᠲᠠ ᠶᠢᠨ ᠴᠠᠴᠠᠷ ᠤᠨ ᠡᠭᠦᠳᠡᠨ ᠳᠠᠬᠢ ᠰᠢᠲᠠᠭᠠᠯᠭᠠᠲᠤ ᠲᠠᠬᠢᠯ ᠤᠨ ᠰᠢᠷᠡᠭᠡᠨ ᠦ ᠰᠠᠭᠤᠷᠢ ᠤᠷᠤᠭᠤ ᠠᠰᠬᠠᠵᠤ᠂ 19 ᠪᠤᠬᠠᠨ ᠤ ᠪᠦᠬᠦ ᠥᠭᠡᠬᠦ ᠶᠢ ᠰᠠᠯᠭᠠᠨ ᠠᠪᠤᠭᠠᠳ ᠲᠡᠭᠦᠨ ᠢ ᠨᠢ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ 20 ᠶᠡᠷᠦ ᠨᠢ ᠨᠢᠭᠦᠯ ᠦᠨ ᠲᠠᠬᠢᠯ ᠤᠨ ᠪᠤᠬᠠᠨ ᠳᠤ ᠬᠡᠷᠬᠢᠨ ᠬᠢᠭᠰᠡᠨ ᠪᠣᠯ᠂ ᠡᠨᠡ ᠪᠤᠬᠠᠨ ᠳᠤ ᠮᠥᠨ ᠶᠠᠭ ᠲᠡᠷᠡ ᠶᠣᠰᠣᠭᠠᠷ ᠬᠢ᠃ ᠲᠠᠬᠢᠯᠴᠢ ᠡᠢᠨ ᠬᠦ ᠲᠡᠳᠡᠨ ᠦ ᠭᠡᠮ ᠦᠨ ᠲᠥᠯᠥᠭᠡᠬᠢ ᠬᠡᠯᠲᠦᠷᠢᠭᠦᠯᠦᠯᠭᠡ ᠶᠢ ᠬᠢᠬᠦ ᠪᠥᠭᠡᠳ ᠲᠡᠳᠡ ᠠᠭᠤᠴᠢᠯᠠᠭᠳᠠᠬᠤ ᠪᠣᠯᠣᠨ᠎ᠠ᠃ 21 ᠲᠡᠭᠡᠭᠡᠳ ᠲᠡᠷᠡ ᠪᠡᠷ ᠪᠤᠬ᠎ᠠ ᠶᠢ ᠬᠤᠸᠠᠷᠠᠨ ᠤ ᠭᠠᠳᠠᠨ᠎ᠠ ᠠᠪᠠᠴᠢᠵᠤ᠂ ᠡᠬᠢᠨ ᠤ ᠪᠤᠬ᠎ᠠ ᠶᠢ ᠰᠢᠲᠠᠭᠠᠭᠰᠠᠨ ᠲᠠᠢ ᠠᠳᠠᠯᠢ ᠰᠢᠲᠠᠭᠠᠨ᠎ᠠ᠃ ᠡᠨᠡ ᠪᠣᠯ ᠴᠢᠭᠤᠯᠭᠠᠨ ᠤ ᠲᠥᠯᠥᠭᠡᠬᠢ ᠨᠢᠭᠦᠯ ᠦᠨ ᠲᠠᠬᠢᠯ ᠶᠤᠮ᠃
22 ᠤᠳᠤᠷᠢᠳᠤᠭᠴᠢ ᠨᠢᠭᠦᠯ ᠦᠢᠯᠡᠳᠴᠦ᠂ ᠶᠣᠬᠣᠸᠠ ᠪᠤᠷᠬᠠᠨ ᠤ ᠬᠣᠷᠢᠭᠯᠠᠭᠰᠠᠨ ᠠᠯᠢᠪᠠ ᠵᠦᠢᠯ ᠡᠴᠡ ᠠᠯᠢ ᠨᠢᠭᠡ ᠶᠢ ᠨᠢ ᠰᠠᠨᠠᠮᠰᠠᠷ ᠦᠭᠡᠢ ᠪᠠᠷ ᠵᠥᠷᠢᠴᠡᠵᠦ ᠭᠡᠮ ᠲᠡᠢ ᠪᠣᠯᠬᠤ ᠲᠣᠬᠢᠶᠠᠯᠳᠤᠯ ᠳᠤ᠂ 23 ᠲᠡᠷᠡ ᠪᠡᠷ ᠦᠢᠯᠡᠳᠦᠭᠰᠡᠨ ᠨᠢᠭᠦᠯ ᠢᠶᠡᠨ ᠮᠡᠳᠡᠮᠡᠭᠴᠡ ᠲᠠᠬᠢᠯ ᠪᠣᠯᠭᠠᠬᠤ ᠰᠣᠭᠣᠭ ᠦᠭᠡᠢ ᠤᠬᠤᠨ᠎ᠠ ᠪᠠᠨ ᠠᠪᠴᠢᠷᠠᠵᠤ᠂ 24 ᠤᠬᠤᠨ᠎ᠠ ᠶᠢᠨ ᠲᠣᠯᠣᠭᠠᠢ ᠳᠡᠭᠡᠷ᠎ᠡ ᠭᠠᠷ ᠢᠶᠠᠨ ᠲᠠᠯᠪᠢᠬᠤ ᠪᠠ ᠲᠡᠭᠦᠨ ᠢ ᠰᠢᠲᠠᠭᠠᠯᠭᠠᠲᠤ ᠲᠠᠬᠢᠯ ᠨᠢᠲᠤᠯᠳᠠᠭ ᠭᠠᠵᠠᠷ ᠲᠤ ᠶᠣᠬᠣᠸᠠ ᠶᠢᠨ ᠡᠮᠦᠨ᠎ᠡ ᠨᠢᠲᠤᠯᠬᠤ ᠶᠣᠰᠣᠲᠠᠢ᠃ ᠡᠨᠡ ᠨᠢ ᠨᠢᠭᠦᠯ ᠦᠨ ᠲᠠᠬᠢᠯ ᠶᠤᠮ᠃ 25 ᠲᠠᠬᠢᠯᠴᠢ ᠨᠢᠭᠦᠯ ᠦᠨ ᠲᠠᠬᠢᠯ ᠤᠨ ᠬᠡᠰᠡᠭ ᠴᠢᠰᠤ ᠶᠢ ᠬᠤᠷᠤᠭᠤ ᠪᠠᠷ ᠢᠶᠠᠨ ᠠᠪᠴᠤ᠂ ᠰᠢᠲᠠᠭᠠᠯᠭᠠᠲᠤ ᠲᠠᠬᠢᠯ ᠤᠨ ᠰᠢᠷᠡᠭᠡᠨ ᠦ ᠡᠪᠡᠷ ᠤᠳ ᠳᠡᠭᠡᠷ᠎ᠡ ᠨᠢᠯᠠᠨ᠂ ᠦᠯᠡᠳᠡᠭᠰᠡᠨ ᠴᠢᠰᠤ ᠶᠢ ᠨᠢ ᠰᠢᠲᠠᠭᠠᠯᠭᠠᠲᠤ ᠲᠠᠬᠢᠯ ᠤᠨ ᠰᠢᠷᠡᠭᠡᠨ ᠦ ᠰᠠᠭᠤᠷᠢ ᠤᠷᠤᠭᠤ ᠠᠰᠬᠠᠬᠤ ᠪᠣᠯᠣᠨ᠎ᠠ᠃ 26 ᠪᠦᠬᠦ ᠥᠭᠡᠬᠦ ᠶᠢ ᠨᠢ ᠡᠪ ᠦᠨ ᠲᠠᠬᠢᠯ ᠤᠨ ᠥᠭᠡᠬᠦ ᠶᠢ ᠰᠢᠲᠠᠭᠠᠳᠠᠭ ᠤᠨ ᠠᠳᠠᠯᠢ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠶᠣᠰᠣᠲᠠᠢ᠃ ᠡᠢᠨ ᠬᠦ ᠲᠠᠬᠢᠯᠴᠢ ᠲᠡᠭᠦᠨ ᠦ ᠨᠢᠭᠦᠯ ᠦᠨ ᠲᠥᠯᠥᠭᠡᠬᠢ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠠᠭᠤᠴᠢᠯᠠᠭᠳᠠᠬᠤ ᠪᠣᠯᠣᠨ᠎ᠠ᠃
27 ᠨᠤᠲᠤᠭ ᠤᠨ ᠨᠢᠭᠡᠨ ᠵᠢᠷ ᠤᠨ ᠬᠥᠮᠦᠨ ᠰᠠᠨᠠᠮᠰᠠᠷ ᠦᠭᠡᠢ ᠨᠢᠭᠦᠯ ᠦᠢᠯᠡᠳᠦᠨ ᠶᠣᠬᠣᠸᠠ ᠶᠢᠨ ᠬᠣᠷᠢᠭᠯᠠᠭᠰᠠᠨ ᠵᠦᠢᠯᠡᠰ ᠦᠨ ᠠᠯᠢ ᠨᠢᠭᠡ ᠶᠢ ᠵᠥᠷᠢᠴᠡᠨ ᠭᠡᠮ ᠲᠡᠢ ᠪᠣᠯᠬᠤ ᠲᠣᠬᠢᠶᠠᠯᠳᠤᠯ ᠳᠤ᠂ 28 ᠲᠡᠷᠡ ᠬᠥᠮᠦᠨ ᠦᠢᠯᠡᠳᠦᠭᠰᠡᠨ ᠨᠢᠭᠦᠯ ᠢᠶᠡᠨ ᠮᠡᠳᠡᠮᠡᠭᠴᠡ᠂ ᠦᠢᠯᠡᠳᠦᠭᠰᠡᠨ ᠨᠢᠭᠦᠯ ᠦᠨ ᠢᠶᠠᠨ ᠲᠠᠬᠢᠯ ᠪᠣᠯᠭᠠᠬᠤ ᠰᠣᠭᠣᠭ ᠦᠭᠡᠢ ᠡᠮ᠎ᠡ ᠢᠮᠠᠭ᠎ᠠ ᠠᠪᠴᠢᠷᠠᠵᠤ᠂ 29 ᠨᠢᠭᠦᠯ ᠦᠨ ᠲᠠᠬᠢᠯ ᠤᠨ ᠢᠮᠠᠭᠠᠨ ᠤ ᠲᠣᠯᠣᠭᠠᠢ ᠳᠡᠭᠡᠷ᠎ᠡ ᠭᠠᠷ ᠢᠶᠠᠨ ᠲᠠᠯᠪᠢᠬᠤ ᠪᠠ ᠰᠢᠲᠠᠭᠠᠯᠭᠠᠲᠤ ᠲᠠᠬᠢᠯ ᠤᠨ ᠪᠠᠢᠷᠢᠨ ᠳᠤ ᠲᠡᠭᠦᠨ ᠢ ᠨᠢᠲᠤᠯᠬᠤ ᠶᠣᠰᠣᠲᠠᠢ᠃ 30 ᠲᠠᠬᠢᠯᠴᠢ ᠬᠡᠰᠡᠭ ᠴᠢᠰᠤ ᠶᠢ ᠬᠤᠷᠤᠭᠤ ᠪᠠᠷ ᠢᠶᠠᠨ ᠠᠪᠴᠤ᠂ ᠰᠢᠲᠠᠭᠠᠯᠭᠠᠲᠤ ᠲᠠᠬᠢᠯ ᠤᠨ ᠰᠢᠷᠡᠭᠡᠨ ᠦ ᠡᠪᠡᠷ ᠤᠳ ᠳᠡᠭᠡᠷ᠎ᠡ ᠨᠢᠯᠠᠨ᠂ ᠦᠯᠡᠳᠡᠭᠰᠡᠨ ᠴᠢᠰᠤ ᠶᠢ ᠨᠢ ᠲᠠᠬᠢᠯ ᠤᠨ ᠰᠢᠷᠡᠭᠡᠨ ᠦ ᠰᠠᠭᠤᠷᠢ ᠤᠷᠤᠭᠤ ᠠᠰᠬᠠᠨ᠎ᠠ᠃ 31 ᠪᠦᠬᠦ ᠥᠭᠡᠬᠦ ᠶᠢ ᠨᠢ ᠡᠪ ᠦᠨ ᠲᠠᠬᠢᠯ ᠤᠨ ᠥᠭᠡᠬᠦ ᠶᠢ ᠰᠠᠯᠭᠠᠳᠠᠭ ᠤᠨ ᠠᠳᠠᠯᠢ ᠰᠠᠯᠭᠠᠬᠤ ᠶᠣᠰᠣᠲᠠᠢ᠃ ᠲᠠᠬᠢᠯᠴᠢ ᠲᠡᠭᠦᠨ ᠢ ᠨᠢ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠨ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠢᠨ ᠬᠦ ᠲᠠᠬᠢᠯᠴᠢ ᠲᠡᠭᠦᠨ ᠦ ᠭᠡᠮ ᠦᠨ ᠲᠥᠯᠥᠭᠡᠬᠢ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠠᠭᠤᠴᠢᠯᠠᠭᠳᠠᠬᠤ ᠪᠣᠯᠣᠨ᠎ᠠ᠃
32 ᠬᠡᠷᠪᠡ ᠲᠡᠷᠡ ᠪᠡᠷ ᠬᠤᠷᠠᠭ᠎ᠠ ᠠᠪᠴᠢᠷᠠᠵᠤ ᠨᠢᠭᠦᠯ ᠦᠨ ᠲᠠᠬᠢᠯ ᠪᠣᠯᠭᠠᠬᠤ ᠭᠡᠪᠡᠯ᠂ ᠰᠣᠭᠣᠭ ᠦᠭᠡᠢ ᠥᠬᠢᠨ ᠬᠤᠷᠠᠭ᠎ᠠ ᠠᠪᠴᠢᠷᠠᠬᠤ ᠶᠣᠰᠣᠲᠠᠢ᠃ 33 ᠲᠡᠭᠡᠭᠡᠳ ᠲᠡᠭᠦᠨ ᠦ ᠲᠣᠯᠣᠭᠠᠢ ᠳᠡᠭᠡᠷ᠎ᠡ ᠭᠠᠷ ᠢᠶᠠᠨ ᠲᠠᠯᠪᠢᠵᠤ᠂ ᠲᠡᠭᠦᠨ ᠢ ᠰᠢᠲᠠᠭᠠᠯᠭᠠᠲᠤ ᠲᠠᠬᠢᠯ ᠨᠢᠲᠤᠯᠳᠠᠭ ᠭᠠᠵᠠᠷ ᠲᠤ ᠨᠢᠭᠦᠯ ᠦᠨ ᠲᠠᠬᠢᠯ ᠪᠣᠯᠭᠠᠵᠤ ᠨᠢᠳᠤᠯᠤᠨᠠ᠃ 34 ᠲᠠᠬᠢᠯᠴᠢ ᠨᠢᠭᠦᠯ ᠦᠨ ᠲᠠᠬᠢᠯ ᠤᠨ ᠬᠡᠰᠡᠭ ᠴᠢᠰᠤ ᠶᠢ ᠬᠤᠷᠤᠭᠤ ᠪᠠᠷ ᠢᠶᠠᠨ ᠠᠪᠴᠤ ᠰᠢᠲᠠᠭᠠᠯᠭᠠᠲᠤ ᠲᠠᠬᠢᠯ ᠤᠨ ᠰᠢᠷᠡᠭᠡᠨ ᠦ ᠡᠪᠡᠷ ᠤᠳ ᠳᠡᠭᠡᠷ᠎ᠡ ᠨᠢᠯᠠᠭᠠᠳ᠂ ᠦᠯᠡᠳᠡᠭᠰᠡᠨ ᠴᠢᠰᠤ ᠶᠢ ᠨᠢ ᠲᠠᠬᠢᠯ ᠤᠨ ᠰᠢᠷᠡᠭᠡᠨ ᠦ ᠰᠠᠭᠤᠷᠢ ᠤᠷᠤᠭᠤ ᠠᠰᠬᠠᠨ᠎ᠠ᠃ 35 ᠳᠠᠷᠠᠭ᠎ᠠ ᠨᠢ ᠲᠡᠷᠡ ᠪᠦᠬᠦ ᠥᠭᠡᠬᠦ ᠶᠢ ᠡᠪ ᠦᠨ ᠲᠠᠬᠢᠯ ᠤᠨ ᠬᠤᠷᠠᠭᠠᠨ ᠤ ᠥᠭᠡᠬᠦ ᠶᠢ ᠰᠠᠯᠭᠠᠳᠠᠭ ᠤᠨ ᠠᠳᠠᠯᠢ ᠰᠠᠯᠭᠠᠬᠤ ᠪᠥᠭᠡᠳ ᠲᠠᠬᠢᠯᠴᠢ ᠲᠡᠳᠡᠭᠡᠷ ᠢ ᠲᠠᠬᠢᠯ ᠤᠨ ᠰᠢᠷᠡᠭᠡᠨ ᠳᠡᠭᠡᠷ᠎ᠡ ᠶᠣᠬᠣᠸᠠ ᠳᠤ ᠡᠷᠭᠦᠬᠦ ᠭᠠᠯ ᠤᠨ ᠲᠠᠬᠢᠯ ᠤᠳ ᠤᠨ ᠬᠠᠮᠲᠤ ᠰᠢᠲᠠᠭᠠᠬᠤ ᠪᠣᠯᠣᠨ᠎ᠠ᠃ ᠡᠢᠨ ᠬᠦ ᠲᠠᠬᠢᠯᠴᠢ ᠲᠡᠭᠦᠨ ᠦ ᠦᠢᠯᠡᠳᠦᠭᠰᠡᠨ ᠨᠢᠭᠦᠯ ᠦᠨ ᠲᠥᠯᠥᠭᠡᠬᠢ ᠬᠡᠯᠲᠦᠷᠢᠭᠦᠯᠦᠯ ᠢ ᠬᠢᠬᠦ ᠪᠥᠭᠡᠳ ᠲᠡᠷᠡ ᠠᠭᠤᠴᠢᠯᠠᠭᠳᠠᠬᠤ ᠪᠣᠯᠣᠨ᠎ᠠ᠃