ᠯᠧᠸᠢ ᠬᠣᠶᠠᠷ
ᠢᠳᠡᠭᠡᠨ ᠲᠠᠬᠢᠯ
1 ᠬᠡᠨ ᠨᠢᠭᠡᠨ ᠨᠢ ᠶᠣᠬᠣᠸᠠ ᠳᠤ ᠢᠳᠡᠭᠡᠨ ᠲᠠᠬᠢᠯ ᠡᠷᠭᠦᠬᠦ ᠭᠡᠪᠡᠯ᠂ ᠲᠠᠬᠢᠯ ᠨᠢ ᠨᠠᠷᠢᠯᠢᠭ᠋ ᠭᠤᠯᠢᠷ ᠤᠨ ᠬᠢ ᠪᠠᠢᠬᠤ ᠶᠣᠰᠣᠲᠠᠢ᠃ ᠡᠷᠭᠦᠭᠴᠢ ᠨᠢ ᠲᠡᠭᠦᠨ ᠳᠡᠭᠡᠷ᠎ᠡ ᠲᠣᠰᠣ ᠠᠰᠬᠠᠨ ᠳᠡᠭᠡᠷ᠎ᠡ ᠨᠢ ᠭᠦᠭᠦᠯ ᠨᠡᠮᠡᠵᠦ᠂ 2 ᠠᠷᠣᠨ ᠤ ᠬᠥᠪᠡᠭᠦᠳ ᠪᠣᠯᠬᠤ ᠲᠠᠬᠢᠯᠴᠢᠳ ᠲᠤ ᠠᠪᠴᠢᠷᠠᠪᠠᠯ᠂ ᠲᠠᠬᠢᠯᠴᠢ ᠲᠣᠰᠣ ᠲᠠᠢ ᠨᠠᠷᠢᠯᠢᠭ᠋ ᠭᠤᠯᠢᠷ ᠠᠴᠠ ᠨᠢ ᠠᠳᠬᠤ ᠶᠢ᠂ ᠭᠦᠭᠦᠯ ᠢ ᠨᠢ ᠪᠦᠬᠦᠨ ᠢ ᠳᠤᠷᠠᠰᠬᠠᠯ ᠤᠨ ᠬᠤᠪᠢ ᠪᠣᠯᠭᠠᠨ ᠠᠪᠴᠤ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠪᠣᠯ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠡᠷᠭᠦᠯ ᠶᠤᠮ᠃ 3 ᠢᠳᠡᠭᠡᠨ ᠲᠠᠬᠢᠯ ᠤᠨ ᠦᠯᠡᠳᠡᠪᠦᠷᠢ ᠨᠢ ᠠᠷᠣᠨ ᠪᠣᠯᠣᠨ ᠲᠡᠭᠦᠨ ᠦ ᠬᠥᠪᠡᠭᠦᠳ ᠦᠨ ᠬᠢ᠂ ᠡᠨᠡ ᠨᠢ ᠶᠣᠬᠣᠸᠠ ᠳᠤ ᠡᠷᠭᠦᠬᠦ ᠭᠠᠯ ᠤᠨ ᠡᠷᠭᠦᠯ ᠤᠳ ᠤᠨ ᠳᠣᠲᠣᠷ᠎ᠠ ᠠᠷᠢᠭᠤᠨ ᠠᠴᠠ ᠠᠷᠢᠭᠤᠨ ᠪᠢᠯᠡ᠃
4 ᠴᠢ ᠵᠤᠤᠬᠠᠨ ᠳᠡᠭᠡᠷ᠎ᠡ ᠰᠢᠷᠠᠭᠰᠠᠨ ᠵᠦᠢᠯ ᠢᠶᠠᠷ ᠢᠳᠡᠭᠡᠨ ᠲᠠᠬᠢᠯ ᠡᠷᠭᠦᠬᠦ ᠭᠡᠪᠡᠯ᠂ ᠨᠠᠷᠢᠯᠢᠭ᠋ ᠭᠤᠯᠢᠷ ᠤᠨ ᠢᠳᠡᠭᠡᠨ᠂ ᠲᠤᠬᠠᠢᠯᠠᠪᠠᠯ ᠲᠣᠰᠣ ᠲᠠᠢ ᠪᠠᠭᠰᠤᠷᠠᠭᠰᠠᠨ ᠢᠰᠭᠡᠭᠡ ᠦᠭᠡᠢ ᠪᠣᠭᠣᠷᠰᠣᠭ᠂ ᠡᠰᠡᠪᠡᠯ ᠢᠰᠭᠡᠭᠡ ᠦᠭᠡᠢ ᠬᠠᠭᠠᠷᠢᠭᠰᠠᠨ ᠪᠣᠣᠪᠣ ᠠᠪᠴᠤ ᠢᠷ᠎ᠠ᠃ 5 ᠬᠡᠷᠪᠡ ᠬᠠᠭᠠᠷᠢᠭᠤᠯ ᠳᠡᠭᠡᠷ᠎ᠡ ᠬᠢᠭᠰᠡᠨ ᠵᠦᠢᠯ ᠢᠶᠠᠷ ᠢᠳᠡᠭᠡᠨ ᠲᠠᠬᠢᠯ ᠡᠷᠭᠦᠬᠦ ᠭᠡᠪᠡᠯ᠂ ᠢᠰᠭᠡᠭᠡ ᠦᠭᠡᠢ ᠪᠥᠭᠡᠳ ᠲᠣᠰᠣ ᠲᠠᠢ ᠪᠠᠭᠰᠤᠷᠠᠭᠰᠠᠨ ᠨᠠᠷᠢᠯᠢᠭ᠋ ᠭᠤᠯᠢᠷ ᠢᠶᠠᠷ ᠪᠡᠯᠡᠳᠬᠡᠬᠦ ᠶᠣᠰᠣᠲᠠᠢ᠃ 6 ᠴᠢ ᠲᠡᠭᠦᠨ ᠢ ᠬᠡᠰᠡᠭᠯᠡᠨ ᠬᠤᠪᠢᠶᠠᠵᠤ᠂ ᠳᠡᠭᠡᠷ᠎ᠡ ᠨᠢ ᠲᠣᠰᠣ ᠠᠰᠬ᠎ᠠ᠃ ᠡᠨᠡ ᠨᠢ ᠢᠳᠡᠭᠡᠨ ᠲᠠᠬᠢᠯ ᠶᠤᠮ᠃ 7 ᠬᠡᠷᠪᠡ ᠲᠣᠭᠣᠭᠠᠨ ᠳᠣᠲᠣᠷ᠎ᠠ ᠬᠢᠭᠰᠡᠨ ᠵᠦᠢᠯ ᠢᠶᠠᠷ ᠢᠳᠡᠭᠡᠨ ᠲᠠᠬᠢᠯ ᠡᠷᠭᠦᠬᠦ ᠭᠡᠪᠡᠯ ᠡᠭᠦᠨ ᠢ ᠲᠣᠰᠣ ᠲᠠᠢ ᠨᠠᠷᠢᠯᠢᠭ᠋ ᠭᠤᠯᠢᠷ ᠢᠶᠠᠷ ᠪᠡᠯᠡᠳᠬᠡᠬᠦ ᠶᠣᠰᠣᠲᠠᠢ᠃ 8 ᠴᠢ ᠠᠯᠢ ᠮᠠᠶ᠋ᠢᠭ ᠢᠶᠠᠷ ᠪᠡᠯᠡᠳᠬᠡᠭᠰᠡᠨ ᠴᠤ ᠲᠡᠷᠡ ᠢᠳᠡᠭᠡᠨ ᠲᠠᠬᠢᠯ ᠢ ᠶᠣᠬᠣᠸᠠ ᠶᠢᠨ ᠡᠮᠦᠨ᠎ᠡ ᠠᠪᠴᠢᠷᠠᠵᠤ ᠲᠠᠬᠢᠯᠴᠢ ᠳᠤ ᠥᠭᠬᠦ ᠳᠦ᠂ ᠲᠡᠷᠡ ᠲᠡᠭᠦᠨ ᠢ ᠲᠠᠬᠢᠯ ᠤᠨ ᠰᠢᠷᠡᠭᠡᠨ ᠳᠦ ᠠᠪᠠᠴᠢᠨ᠎ᠠ᠃ 9 ᠲᠡᠭᠡᠪᠡᠯ ᠲᠠᠬᠢᠯᠴᠢ ᠢᠳᠡᠭᠡᠨ ᠲᠠᠬᠢᠯ ᠠᠴᠠ ᠳᠤᠷᠠᠰᠬᠠᠯ ᠤᠨ ᠬᠤᠪᠢ ᠶᠢ ᠠᠪᠴᠤ᠂ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠨᠢ ᠰᠢᠲᠠᠭᠠᠯᠭᠠᠲᠤ ᠲᠠᠬᠢᠯ ᠪᠥᠭᠡᠳ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ᠂ ᠭᠠᠯ ᠤᠨ ᠡᠷᠭᠦᠯ ᠶᠤᠮ᠃ 10 ᠢᠳᠡᠭᠡᠨ ᠲᠠᠬᠢᠯ ᠤᠨ ᠦᠯᠡᠳᠡᠪᠦᠷᠢ ᠨᠢ ᠠᠷᠣᠨ ᠪᠣᠯᠣᠨ ᠲᠡᠭᠦᠨ ᠦ ᠬᠥᠪᠡᠭᠦᠳ ᠦᠨ ᠬᠢ᠂ ᠡᠨᠡ ᠨᠢ ᠶᠣᠬᠣᠸᠠ ᠳᠤ ᠡᠷᠭᠦᠬᠦ ᠭᠠᠯ ᠤᠨ ᠡᠷᠭᠦᠯ ᠤᠳ ᠤᠨ ᠳᠣᠲᠣᠷ᠎ᠠ ᠠᠷᠢᠭᠤᠨ ᠠᠴᠠ ᠠᠷᠢᠭᠤᠨ ᠪᠢᠯᠡ᠃
11 ᠲᠠ ᠨᠠᠷ ᠶᠣᠬᠣᠸᠠ ᠳᠤ ᠠᠪᠴᠢᠷᠠᠬᠤ ᠢᠳᠡᠭᠡᠨ ᠲᠠᠬᠢᠯ ᠪᠣᠯᠭᠠᠨ ᠳᠠᠭᠠᠨ ᠢᠰᠭᠡᠭᠦᠷ ᠬᠢᠵᠦ ᠪᠣᠯᠬᠤ ᠦᠭᠡᠢ᠃ ᠤᠴᠢᠷ ᠨᠢ ᠲᠠ ᠨᠠᠷ ᠶᠣᠬᠣᠸᠠ ᠳᠤ ᠭᠠᠯ ᠤᠨ ᠡᠷᠭᠦᠯ ᠡᠷᠭᠦᠬᠦ ᠳᠡᠭᠡᠨ ᠶᠠᠮᠠᠷ ᠴᠤ ᠢᠰᠭᠡᠭᠦᠷ ᠪᠤᠶᠤ ᠪᠠᠯ ᠢ ᠰᠢᠲᠠᠭᠠᠵᠤ ᠪᠣᠯᠬᠤ ᠦᠭᠡᠢ᠃ 12 ᠲᠠ ᠨᠠᠷ ᠢᠰᠭᠡᠭᠦᠷ ᠪᠤᠶᠤ ᠪᠠᠯ ᠢ ᠠᠩ᠋ᠬᠠᠨ ᠤ ᠦᠷ᠎ᠡ ᠵᠢᠮᠢᠰ ᠤᠨ ᠡᠷᠭᠦᠯ ᠳᠦ ᠬᠢᠵᠦ ᠪᠣᠯᠣᠨ᠎ᠠ᠂ ᠬᠠᠷᠢᠨ ᠶᠣᠬᠣᠸᠠ ᠳᠤ ᠲᠠᠭᠠᠯᠠᠭᠳᠠᠬᠤ ᠠᠩᠬᠢᠯᠤᠭᠤᠨ ᠦᠨᠦᠷ ᠪᠣᠯᠭᠠᠬᠤ ᠪᠠᠷ ᠡᠳᠡᠭᠡᠷ ᠢ ᠲᠠᠬᠢᠯ ᠤᠨ ᠰᠢᠷᠡᠭᠡᠨ ᠳᠡᠭᠡᠷ᠎ᠡ ᠡᠷᠭᠦᠵᠦ ᠪᠣᠯᠬᠤ ᠦᠭᠡᠢ᠃ 13 ᠴᠢ ᠢᠳᠡᠭᠡᠨ ᠲᠠᠬᠢᠯ ᠪᠣᠯᠭᠠᠨ ᠳᠠᠭᠠᠨ ᠳᠠᠪᠤᠰᠤ ᠬᠢ᠃ ᠪᠤᠷᠬᠠᠨ ᠤ ᠭᠡᠷ᠎ᠡ ᠶᠢ ᠰᠠᠨᠠᠭᠤᠯᠬᠤ ᠳᠠᠪᠤᠰᠤ ᠨᠢ ᠢᠳᠡᠭᠡᠨ ᠲᠠᠬᠢᠯ ᠳᠤ ᠴᠢᠨᠢ ᠣᠷᠬᠢᠭᠳᠠᠵᠤ ᠪᠣᠯᠬᠤ ᠦᠭᠡᠢ᠃ ᠠᠯᠢᠪᠠ ᠢᠳᠡᠭᠡᠨ ᠡᠷᠭᠦᠯ ᠳᠡᠭᠡᠨ ᠳᠠᠪᠤᠰᠤ ᠨᠡᠮᠡᠭᠡᠷᠡᠢ᠃
14 ᠬᠡᠷᠪᠡ ᠴᠢ ᠠᠩ᠋ᠬᠠᠨ ᠤ ᠦᠷ᠎ᠡ ᠵᠢᠮᠢᠰ ᠤᠨ ᠢᠳᠡᠭᠡᠨ ᠲᠠᠬᠢᠯ ᠢ ᠶᠣᠬᠣᠸᠠ ᠳᠤ ᠪᠠᠷᠢᠬᠤ ᠭᠡᠪᠡᠯ᠂ ᠰᠢᠨ᠎ᠡ ᠲᠠᠷᠢᠶᠠᠨ ᠲᠦᠷᠦᠭᠦᠦ ᠶᠢ ᠦᠢᠷᠡᠭᠦᠯᠵᠦ᠂ ᠭᠠᠯ ᠳᠡᠭᠡᠷ᠎ᠡ ᠬᠠᠭᠤᠷᠤᠭᠠᠳ ᠠᠪᠴᠤ ᠢᠷ᠎ᠠ᠃ 15 ᠲᠡᠭᠡᠭᠡᠳ ᠡᠷᠭᠦᠯ ᠳᠡᠭᠡᠷ᠎ᠡ ᠲᠣᠰᠣ ᠠᠰᠬᠠᠨ ᠭᠦᠭᠦᠯ ᠲᠠᠯᠪᠢ᠃ ᠡᠨᠡ ᠨᠢ ᠢᠳᠡᠭᠡᠨ ᠲᠠᠬᠢᠯ ᠶᠤᠮ᠃ 16 ᠲᠠᠬᠢᠯᠴᠢ ᠨᠢ ᠦᠢᠷᠡᠭᠦᠯᠦᠭᠰᠡᠨ ᠲᠠᠷᠢᠶᠠᠨ ᠲᠦᠷᠦᠭᠦᠨ ᠡᠴᠡ᠂ ᠮᠥᠨ ᠲᠣᠰᠣᠨ ᠠᠴᠠ ᠳᠤᠷᠠᠰᠬᠠᠯ ᠤᠨ ᠬᠤᠪᠢ ᠶᠢ ᠠᠪᠴᠤ᠂ ᠡᠳᠡᠭᠡᠷ ᠢ ᠪᠦᠬᠦ ᠭᠦᠭᠦᠯ ᠦᠨ ᠬᠠᠮᠲᠤ ᠰᠢᠲᠠᠭᠠᠬᠤ ᠪᠣᠯᠣᠨ᠎ᠠ᠃ ᠡᠨᠡ ᠨᠢ ᠶᠣᠬᠣᠸᠠ ᠳᠤ ᠪᠠᠷᠢᠬᠤ ᠭᠠᠯ ᠤᠨ ᠡᠷᠭᠦᠯ ᠶᠤᠮ᠃