1 2 3 4 5 6 7 8 9 10 11 12 13 14 15 16 17 18 19 20 21 22 23 24 25 26 27


ᠯᠧᠸᠢ ᠠᠷᠪᠠ ᠶᠢᠰᠦ
 ᠰᠢᠲᠦᠭᠡᠨ ᠳᠦ ᠮᠥᠷᠭᠥᠵᠦ ᠪᠣᠯᠬᠤ ᠦᠭᠡᠢ

1 ᠶᠣᠬᠣᠸᠠ ᠮᠣᠰᠧ ᠳᠤ ᠠᠢᠯᠠᠳᠤᠨ᠄ 2 《ᠢᠰᠷᠧᠯ ᠤᠨ ᠨᠡᠢᠲᠡ ᠴᠢᠭᠤᠯᠭᠠᠨ ᠳᠤ ᠵᠠᠬᠢ᠄ ᠲᠠ ᠨᠠᠷ ᠤᠨ ᠪᠤᠷᠬᠠᠨ ᠶᠣᠬᠣᠸᠠ ᠪᠢ ᠠᠷᠢᠭᠤᠨ ᠪᠣᠯᠬᠣᠷ ᠲᠠ ᠨᠠᠷ ᠴᠤ ᠠᠷᠢᠭᠤᠨ ᠪᠠᠢᠭᠲᠤᠨ᠃ 3 ᠲᠠ ᠨᠠᠷ ᠤᠨ ᠬᠥᠮᠦᠨ ᠪᠦᠷᠢ ᠡᠴᠢᠭᠡ ᠡᠬᠡ ᠡᠴᠡ ᠪᠡᠨ ᠡᠮᠢᠶᠡᠨ ᠠᠮᠠᠷᠠᠯ ᠤᠨ ᠡᠳᠦᠷ ᠢ ᠮᠢᠨᠢ ᠰᠠᠬᠢ᠃ ᠲᠠ ᠨᠠᠷ ᠤᠨ ᠪᠤᠷᠬᠠᠨ ᠪᠣᠯ ᠶᠣᠬᠣᠸᠠ ᠪᠢ᠃ 4 ᠰᠢᠲᠦᠭᠡᠨ ᠨᠦᠭᠦᠳ ᠤᠷᠤᠭᠤ ᠪᠦᠦ ᠡᠷᠭᠢ᠂ ᠴᠢᠳᠬᠤᠮᠠᠯ ᠪᠤᠷᠬᠠᠳ ᠢ ᠪᠦᠦ ᠬᠢ᠃ ᠲᠠ ᠨᠠᠷ ᠤᠨ ᠪᠤᠷᠬᠠᠨ ᠪᠣᠯ ᠶᠣᠬᠣᠸᠠ ᠪᠢ᠃

5 ᠲᠠ ᠨᠠᠷ ᠶᠣᠬᠣᠸᠠ ᠳᠤ ᠡᠪ ᠦᠨ ᠲᠠᠬᠢᠯ ᠡᠷᠭᠦᠬᠦ ᠭᠡᠪᠡᠯ᠂ ᠲᠡᠭᠦᠨ ᠢ ᠪᠠᠨ ᠬᠦᠯᠢᠶᠡᠨ ᠠᠪᠤᠭᠳᠠᠬᠤ ᠪᠠᠢᠳᠠᠯ ᠢᠶᠠᠷ ᠡᠷᠭᠦᠬᠦ ᠶᠣᠰᠣᠲᠠᠢ᠂ 6 ᠡᠷᠭᠦᠭᠰᠡᠨ ᠲᠡᠷᠡ ᠡᠳᠦᠷ ᠢᠶᠡᠨ᠂ ᠡᠰᠡᠪᠡᠯ ᠳᠠᠷᠠᠭ᠎ᠠ ᠶᠢᠨ ᠡᠳᠦᠷ ᠨᠢ ᠢᠳᠡᠬᠦ ᠶᠣᠰᠣᠲᠠᠢ᠂ ᠭᠤᠷᠪᠠᠳᠠᠬᠢ ᠬᠣᠨᠣᠭ ᠬᠦᠷᠲᠡᠯ᠎ᠡ ᠦᠯᠡᠳᠡᠭᠰᠡᠨ ᠢ ᠨᠢ ᠭᠠᠯ ᠳᠤ ᠰᠢᠲᠠᠭ᠎ᠠ᠃ 7 ᠭᠤᠷᠪᠠᠳᠠᠬᠢ ᠬᠣᠨᠣᠭ ᠳᠡᠭᠡᠷ᠎ᠡ ᠨᠢ ᠢᠳᠡᠪᠡᠯ ᠲᠡᠷᠡ ᠲᠠᠬᠢᠯ ᠵᠢᠭᠰᠢᠭᠦᠷᠢᠲᠦ ᠵᠦᠢᠯ ᠪᠣᠯᠣᠭᠠᠳ ᠬᠦᠯᠢᠶᠡᠨ ᠠᠪᠤᠭᠳᠠᠬᠤ ᠦᠭᠡᠢ᠃ 8 ᠡᠭᠦᠨ ᠢ ᠢᠳᠡᠭᠰᠡᠨ ᠬᠥᠮᠦᠨ ᠶᠣᠬᠣᠸᠠ ᠶᠢᠨ ᠠᠷᠢᠭᠤᠨ ᠵᠦᠢᠯ ᠢ ᠭᠤᠲᠤᠭᠠᠭᠰᠠᠨ ᠭᠡᠮ ᠪᠤᠷᠤᠭᠤ ᠪᠠᠨ ᠡᠭᠦᠷᠴᠦ ᠠᠷᠠᠳ ᠲᠦᠮᠡᠨ ᠡᠴᠡ ᠪᠡᠨ ᠲᠠᠰᠤᠯᠤᠭᠳᠠᠬᠤ ᠪᠣᠯᠣᠨ᠎ᠠ᠃
 ᠨᠡᠢᠭᠡᠮ ᠦᠨ ᠶᠣᠰᠣ ᠵᠢᠷᠤᠮ

9 ᠲᠠ ᠨᠠᠷ ᠭᠠᠵᠠᠷ ᠤᠨ ᠢᠶᠠᠨ ᠤᠷᠭᠤᠴᠠ ᠶᠢ ᠬᠤᠷᠢᠶᠠᠬᠤ ᠳᠠᠭᠠᠨ ᠲᠠᠯᠠᠪᠠᠢ ᠶᠢᠨ ᠢᠶᠠᠨ ᠥᠨᠴᠥᠭ ᠪᠤᠯᠤᠩ ᠳᠦᠨᠢ ᠬᠦᠷᠲᠡᠯ᠎ᠡ ᠭᠦᠢᠴᠡᠳ ᠬᠤᠷᠢᠶᠠᠬᠤ ᠬᠡᠷᠡᠭ ᠦᠭᠡᠢ᠃ ᠤᠷᠭᠤᠴᠠ ᠶᠢᠨ ᠢᠶᠠᠨ ᠣᠷᠬᠢᠭᠳᠠᠭᠰᠠᠨ ᠲᠦᠷᠦᠭᠦᠦ ᠶᠢ ᠴᠤ ᠪᠦᠦ ᠲᠡᠭᠦᠵᠦ ᠴᠤᠭᠯᠠᠭᠤᠯ᠃ 10 ᠮᠥᠨ ᠦᠵᠦᠮ ᠦᠨ ᠲᠠᠯᠠᠪᠠᠢ ᠶᠢᠨ ᠢᠶᠠᠨ ᠦᠯᠡᠳᠡᠪᠦᠷᠢ ᠶᠢ ᠪᠦᠦ ᠲᠡᠭᠦ᠂ ᠦᠵᠦᠮ ᠦᠨ ᠲᠠᠯᠠᠪᠠᠢ ᠶᠢᠨ ᠢᠶᠠᠨ ᠤᠨᠠᠭᠰᠠᠨ ᠵᠢᠮᠢᠰ ᠢ ᠴᠤ ᠪᠦᠦ ᠴᠤᠭᠯᠠᠭᠤᠯ᠃ ᠡᠳᠡᠭᠡᠷ ᠢ ᠶᠠᠳᠠᠭᠤᠰ ᠪᠣᠯᠣᠨ ᠭᠠᠳᠠᠨ᠎ᠠ ᠶᠢᠨ ᠬᠢᠨ ᠳᠤ ᠵᠣᠷᠢᠭᠤᠯᠤᠨ ᠦᠯᠡᠳᠡᠭᠡ᠃ ᠲᠠ ᠨᠠᠷ ᠤᠨ ᠪᠤᠷᠬᠠᠨ ᠪᠣᠯ ᠶᠣᠬᠣᠸᠠ ᠪᠢ᠃

11 ᠲᠠ ᠨᠠᠷ ᠪᠦᠦ ᠬᠤᠯᠠᠭᠠᠢ ᠬᠢ᠂ ᠪᠦᠦ ᠬᠤᠳᠠᠯ ᠶᠠᠷᠢ᠂ ᠪᠡᠶ᠎ᠡ ᠪᠡᠶ᠎ᠡ ᠪᠡᠨ ᠪᠦᠦ ᠬᠠᠭᠤᠷ᠃ 12 ᠮᠢᠨᠦ ᠨᠡᠷ᠎ᠡ ᠪᠡᠷ ᠪᠦᠦ ᠬᠠᠭᠤᠷᠮᠠᠭᠯᠠᠨ ᠲᠠᠩ᠋ᠭᠠᠷᠢᠭᠯᠠ᠂ ᠪᠤᠷᠬᠠᠨ ᠤ ᠨᠡᠷ᠎ᠡ ᠶᠢ ᠪᠦᠦ ᠭᠤᠲᠤᠭ᠎ᠠ᠂ ᠪᠢ ᠪᠣᠯ ᠶᠣᠬᠣᠸᠠ᠃

13 ᠴᠢ ᠬᠥᠷᠰᠢ ᠪᠠᠨ ᠪᠦᠦ ᠳᠠᠷᠤᠯᠠ᠂ ᠪᠦᠦ ᠮᠥᠯᠵᠢ᠃ ᠬᠥᠯᠥᠰᠥᠨ ᠦ ᠬᠥᠮᠦᠨ ᠦ ᠪᠠᠨ ᠴᠠᠯᠢᠩ ᠬᠥᠯᠥᠰᠥ ᠶᠢ ᠪᠦᠬᠦᠯᠢ ᠰᠥᠨᠢᠵᠢᠨ ᠢᠶᠠᠨ᠂ ᠥᠷᠯᠥᠭᠡ ᠪᠣᠯᠲᠠᠯ᠎ᠠ ᠪᠡᠶ᠎ᠡ ᠳᠡᠭᠡᠨ ᠪᠦᠦ ᠦᠯᠡᠳᠡᠭᠡ᠃ 14 ᠳᠦᠯᠡᠢ ᠬᠥᠮᠦᠨ ᠢ ᠪᠦᠦ ᠬᠠᠷᠢᠶᠠ᠃ ᠰᠣᠬᠣᠷ ᠬᠥᠮᠦᠨ ᠦ ᠡᠮᠦᠨ᠎ᠡ ᠰᠠᠭᠠᠳ ᠪᠦᠦ ᠲᠠᠯᠪᠢ᠃ ᠬᠠᠷᠢᠨ ᠪᠤᠷᠬᠠᠨ ᠠᠴᠠ ᠪᠠᠨ ᠡᠮᠢᠶᠡ᠃ ᠪᠢ ᠪᠣᠯ ᠶᠣᠬᠣᠸᠠ᠃

15 ᠰᠢᠭᠦᠬᠦ ᠳᠡᠭᠡᠷ᠎ᠡ ᠰᠢᠳᠤᠷᠭᠤ ᠪᠤᠰᠤ ᠪᠠᠷ ᠪᠦᠦ ᠦᠢᠯᠡᠳ᠃ ᠡᠭᠡᠯ ᠨᠢᠭᠡᠨ ᠢ ᠬᠥᠩᠭᠡᠷᠡᠭᠦᠯᠵᠦ᠂ ᠡᠷᠬᠡ ᠮᠡᠳᠡᠯᠲᠡᠨ ᠢ ᠬᠦᠨᠳᠦᠷᠡᠭᠦᠯᠵᠦ ᠪᠣᠯᠬᠤ ᠦᠭᠡᠢ᠃ ᠬᠠᠷᠢᠨ ᠬᠥᠷᠰᠢ ᠪᠠᠨ ᠭᠣᠣᠯᠴᠢ ᠪᠠᠷ ᠰᠢᠭᠦ᠃ 16 ᠠᠷᠠᠳ ᠣᠯᠠᠨ ᠤ ᠪᠠᠨ ᠳᠤᠮᠳᠠ ᠪᠦᠦ ᠬᠣᠪ ᠵᠥᠭᠡᠭᠡᠵᠦ ᠶᠠᠪᠤ᠃ ᠬᠥᠷᠰᠢ ᠶᠢᠨ ᠢᠶᠠᠨ ᠠᠮᠢᠨ ᠳᠤ ᠠᠶᠤᠯ ᠤᠴᠠᠷᠠᠭᠤᠯᠬᠤ ᠲᠠᠯ᠎ᠠ ᠳᠤ ᠪᠦᠦ ᠵᠣᠭᠰᠣ᠃ ᠪᠢ ᠪᠣᠯ ᠶᠣᠬᠣᠸᠠ᠃

17 ᠠᠬ᠎ᠠ ᠳᠡᠭᠦᠦ ᠪᠡᠨ ᠵᠢᠷᠦᠬᠡᠨ ᠳᠡᠭᠡᠨ ᠪᠦᠦ ᠵᠠᠨᠤ᠃ ᠬᠥᠷᠰᠢ ᠪᠠᠨ ᠵᠢᠮᠡᠯᠡᠵᠦ ᠵᠠᠯᠠᠷᠠᠭᠤᠯ᠃ ᠲᠡᠭᠡᠪᠡᠯ ᠴᠢ ᠡᠮᠦᠨ᠎ᠡ ᠡᠴᠡ ᠨᠢ ᠭᠡᠮ ᠨᠢᠭᠦᠯ ᠡᠭᠦᠷᠬᠦ ᠦᠭᠡᠢ᠃ 18 ᠴᠢ ᠠᠷᠠᠳ ᠲᠦᠮᠡᠨ ᠦ ᠪᠠᠨ ᠬᠡᠨ ᠨᠢᠭᠡᠨ ᠡᠴᠡ ᠥᠰᠢᠶ᠎ᠡ ᠪᠦᠦ ᠠᠪ᠂ ᠲᠡᠭᠦᠨ ᠳᠦ ᠬᠣᠷᠣᠰᠣᠯ ᠪᠦᠦ ᠡᠪᠦᠷᠯᠡ᠂ ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ᠂ ᠪᠢ ᠪᠣᠯ ᠶᠣᠬᠣᠸᠠ᠃

19 ᠲᠠ ᠨᠠᠷ ᠶᠣᠰᠣ ᠵᠢᠷᠤᠮ ᠢ ᠮᠢᠨᠢ ᠰᠠᠬᠢ᠃ ᠮᠠᠯ ᠢᠶᠠᠨ ᠥᠭᠡᠷ᠎ᠡ ᠲᠥᠷᠥᠯ ᠦᠨ ᠮᠠᠯ ᠲᠠᠢ ᠪᠦᠦ ᠬᠡᠭᠡᠯᠲᠦᠭᠦᠯ᠃ ᠲᠠᠷᠢᠶᠠᠨ ᠲᠠᠯᠠᠪᠠᠢ ᠳᠠᠭᠠᠨ ᠬᠣᠶᠠᠷ ᠥᠭᠡᠷ᠎ᠡ ᠲᠥᠷᠥᠯ ᠦᠨ ᠦᠷ᠎ᠡ ᠶᠢ ᠪᠦᠦ ᠬᠣᠯᠢᠵᠤ ᠲᠠᠷᠢ᠃ ᠬᠣᠶᠠᠷ ᠥᠭᠡᠷ᠎ᠡ ᠲᠥᠷᠥᠯ ᠦᠨ ᠪᠥᠰ ᠢᠶᠡᠷ ᠬᠣᠯᠢᠵᠤ ᠬᠢᠭᠰᠡᠨ ᠬᠤᠪᠴᠠᠰᠤ ᠶᠢ ᠪᠦᠦ ᠡᠮᠦᠰ᠃

20 ᠡᠷᠡᠭᠲᠡᠢ ᠬᠥᠮᠦᠨ ᠡᠮᠡᠭᠲᠡᠢ ᠬᠥᠮᠦᠨ ᠲᠡᠢ ᠬᠤᠷᠢᠴᠠᠭᠰᠠᠨ ᠲᠣᠬᠢᠶᠠᠯᠳᠤᠯ ᠳᠤ᠂ ᠬᠡᠷᠪᠡ ᠡᠮᠡᠭᠲᠡᠢ ᠨᠢ ᠥᠭᠡᠷ᠎ᠡ ᠬᠥᠮᠦᠨ ᠲᠡᠢ ᠰᠦᠢ ᠲᠠᠯᠪᠢᠭᠰᠠᠨ ᠪᠣᠭᠣᠯ ᠡᠮᠡᠭᠲᠡᠢ ᠪᠥᠭᠡᠳ ᠰᠦᠢᠲᠦ ᠡᠷ᠎ᠡ ᠡᠭᠦᠨ ᠢ ᠨᠢ ᠬᠠᠷᠠᠬᠠᠨ ᠲᠥᠯᠥᠭᠡ ᠦᠭᠡᠢ᠂ ᠲᠡᠷᠡ ᠡᠮᠡᠭᠲᠡᠢ ᠴᠤ ᠡᠷᠬᠡ ᠴᠢᠯᠥᠭᠡ ᠲᠠᠢ ᠪᠣᠯᠣᠭ᠎ᠠ ᠦᠭᠡᠢ ᠪᠠᠢᠪᠠᠯ ᠬᠤᠷᠢᠴᠠᠭᠰᠠᠨ ᠬᠣᠶᠠᠷ ᠰᠢᠳᠬᠡᠯ ᠠᠪᠬᠤ ᠪᠣᠯᠪᠠᠴᠤ ᠴᠠᠭᠠᠵᠠᠯᠠᠭᠳᠠᠬᠤ ᠦᠭᠡᠢ᠃ ᠤᠴᠢᠷ ᠨᠢ ᠲᠡᠷᠡ ᠡᠮᠡᠭᠲᠡᠢ ᠳᠦ ᠡᠷᠬᠡ ᠴᠢᠯᠥᠭᠡ ᠦᠭᠡᠢ ᠠᠵᠢ᠃ 21 ᠬᠠᠷᠢᠨ ᠡᠷᠡᠭᠲᠡᠢ ᠭᠡᠮ ᠦᠨ ᠢᠶᠠᠨ ᠲᠠᠬᠢᠯ ᠳᠤ ᠨᠢᠭᠡ ᠬᠤᠴᠠ ᠶᠢ ᠶᠣᠬᠣᠸᠠ ᠶᠢᠨ ᠡᠮᠦᠨ᠎ᠡ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠠᠪᠴᠢᠷᠠᠬᠤ ᠶᠣᠰᠣᠲᠠᠢ᠃ 22 ᠲᠠᠬᠢᠯᠴᠢ ᠲᠡᠭᠦᠨ ᠦ ᠡᠮᠦᠨ᠎ᠡ ᠡᠴᠡ ᠦᠢᠯᠡᠳᠦᠭᠰᠡᠨ ᠨᠢᠭᠦᠯ ᠦᠨ ᠬᠢᠨᠢ ᠲᠥᠯᠥᠭᠡ ᠭᠡᠮ ᠦᠨ ᠲᠠᠬᠢᠯ ᠤᠨ ᠬᠤᠴᠠ ᠪᠠᠷ ᠶᠣᠬᠣᠸᠠ ᠶᠢᠨ ᠡᠮᠦᠨ᠎ᠡ ᠭᠡᠮ ᠦᠨ ᠬᠡᠯᠲᠦᠷᠢᠭᠦᠯᠦᠯᠭᠡ ᠶᠢ ᠬᠢᠬᠦ ᠪᠥᠭᠡᠳ ᠦᠢᠯᠡᠳᠦᠭᠰᠡᠨ ᠨᠢᠭᠦᠯ ᠨᠢ ᠠᠭᠤᠴᠢᠯᠠᠭᠳᠠᠬᠤ ᠪᠣᠯᠣᠨ᠎ᠠ᠃

23 ᠲᠠ ᠨᠠᠷ ᠲᠡᠷᠡ ᠨᠤᠲᠤᠭ ᠲᠤ ᠣᠷᠣᠭᠠᠳ ᠲᠥᠷᠥᠯ ᠪᠦᠷᠢ ᠶᠢᠨ ᠵᠢᠮᠢᠰ ᠤᠨ ᠮᠣᠳᠣᠳ ᠲᠠᠷᠢᠬᠤ ᠳᠠᠭᠠᠨ ᠦᠷ᠎ᠡ ᠵᠢᠮᠢᠰ ᠢ ᠨᠢ ᠬᠣᠷᠢᠭ᠎ᠠ ᠲᠠᠢ 12 ᠭᠡᠵᠦ ᠲᠣᠭᠠᠴᠠ᠃ ᠭᠤᠷᠪᠠᠨ ᠵᠢᠯ ᠤᠨ ᠲᠤᠷᠰᠢ 《ᠬᠣᠷᠢᠭ᠎ᠠ ᠲᠠᠢ》 ᠭᠡᠵᠦ᠂ ᠪᠦᠦ ᠢᠳᠡ᠃ 24 ᠭᠡᠪᠡᠴᠦ ᠳᠥᠷᠪᠡᠳᠡᠬᠢ ᠵᠢᠯ ᠳᠤ ᠬᠠᠮᠤᠭ ᠦᠷ᠎ᠡ ᠵᠢᠮᠢᠰ ᠨᠢ ᠶᠣᠬᠣᠸᠠ ᠳᠤ ᠡᠷᠭᠦᠬᠦ ᠠᠷᠢᠭᠤᠨ ᠮᠠᠭᠲᠠᠭᠠᠯ ᠪᠣᠯᠬᠤ ᠪᠥᠭᠡᠳ 25 ᠲᠠᠪᠤᠳᠠᠬᠢ ᠵᠢᠯ ᠳᠦᠨᠢ ᠲᠠ ᠨᠠᠷ ᠦᠷ᠎ᠡ ᠵᠢᠮᠢᠰ ᠢ ᠨᠢ ᠢᠳᠡᠵᠦ ᠪᠣᠯᠣᠨ᠎ᠠ᠃ ᠦᠷ᠎ᠡ ᠵᠢᠮᠢᠰ ᠨᠢ ᠲᠡᠢᠨ ᠬᠦ ᠲᠠ ᠨᠠᠷ ᠲᠤ ᠨᠡᠮᠡᠭᠳᠡᠨ᠎ᠡ᠃ ᠲᠠ ᠨᠠᠷ ᠤᠨ ᠪᠤᠷᠬᠠᠨ ᠪᠣᠯ ᠶᠣᠬᠣᠸᠠ ᠪᠢ᠃

26 ᠲᠠ ᠨᠠᠷ ᠶᠠᠭᠤ ᠶᠢ ᠴᠤ ᠴᠢᠰᠤ ᠲᠠᠢ ᠨᠢ ᠪᠦᠦ ᠢᠳᠡ᠃ ᠲᠥᠯᠭᠡ ᠪᠦᠦ ᠲᠠᠯᠪᠢ᠂ ᠤᠪᠠᠳᠢᠰ ᠪᠦᠦ ᠬᠡᠷᠡᠭᠯᠡ᠃ 27 ᠦᠰᠦ ᠪᠡᠨ ᠨᠢᠭᠡ ᠰᠠᠨᠴᠢᠭ ᠠᠴᠠ ᠨᠥᠭᠥᠭᠡ ᠰᠠᠨᠴᠢᠭ ᠲᠠᠭᠠᠨ ᠬᠦᠷᠲᠡᠯ᠎ᠡ ᠪᠦᠦ ᠲᠣᠭᠣᠷᠢᠭᠤᠯᠤᠨ ᠬᠤᠰᠤᠵᠤ ᠵᠠᠬᠠᠯᠠ᠂ ᠰᠢᠨᠠ ᠶᠢᠨ ᠦᠰᠦ ᠪᠡᠨ ᠪᠦᠦ ᠡᠪᠳᠡ᠃ 28 ᠦᠬᠦᠭᠰᠡᠨ ᠬᠥᠮᠦᠨ ᠦ ᠲᠥᠯᠥᠭᠡ ᠪᠡᠶ᠎ᠡ ᠪᠡᠨ ᠪᠦᠦ ᠵᠦᠰᠦ᠃ ᠥᠪᠡᠷᠰᠡᠳ ᠳᠡᠭᠡᠷ᠎ᠡ ᠪᠡᠨ ᠰᠢᠪᠡᠭᠡᠰᠦ ᠲᠡᠮᠳᠡᠭ ᠴᠤ ᠪᠦᠦ ᠬᠢ᠃ ᠪᠢ ᠪᠣᠯ ᠶᠣᠬᠣᠸᠠ᠃

29 ᠥᠬᠢᠨ ᠤ ᠪᠠᠨ ᠰᠠᠳᠤᠷᠯᠠᠵᠤ ᠪᠤᠵᠠᠷᠲᠤᠬᠤ ᠶᠢ ᠪᠦᠦ ᠵᠥᠪᠰᠢᠶᠡᠷᠡ᠃ ᠡᠰᠡ ᠲᠡᠭᠡᠪᠡᠯ ᠭᠠᠵᠠᠷ ᠲᠤ ᠰᠠᠭᠤᠭᠴᠢᠳ ᠰᠠᠳᠤᠷᠯᠠᠵᠤ᠂ ᠭᠠᠵᠠᠷ ᠰᠠᠳᠤᠷ ᠰᠠᠮᠠᠭᠤᠨ ᠢᠶᠠᠷ ᠳᠦᠭᠦᠷᠦᠨ᠎ᠡ᠃ 30 ᠠᠮᠠᠷᠠᠯ ᠤᠨ ᠡᠳᠦᠷ ᠢ ᠰᠠᠬᠢᠵᠤ᠂ ᠠᠷᠢᠭᠤᠨ ᠭᠠᠵᠠᠷ ᠠᠴᠠ ᠮᠢᠨᠢ ᠡᠮᠢᠶᠡ᠃ ᠪᠢ ᠪᠣᠯ ᠶᠣᠬᠣᠸᠠ᠃

31 ᠰᠦᠨᠡᠰᠦ ᠳᠠᠭᠤᠳᠠᠭᠴᠢᠳ ᠢ ᠪᠦᠦ ᠬᠠᠢ᠂ ᠮᠡᠷᠭᠡ ᠲᠥᠯᠭᠡᠴᠢᠳ ᠡᠴᠡ ᠪᠦᠦ ᠠᠰᠠᠭᠤ᠂ ᠲᠡᠳᠡᠭᠡᠷ ᠢᠶᠡᠷ ᠪᠤᠵᠠᠷᠲᠤᠬᠤ ᠪᠤᠢ᠃ ᠲᠠ ᠨᠠᠷ ᠤᠨ ᠪᠤᠷᠬᠠᠨ ᠪᠣᠯ ᠶᠣᠬᠣᠸᠠ ᠪᠢ᠃

32 ᠪᠤᠭᠤᠷᠤᠯ ᠤᠨ ᠡᠮᠦᠨ᠎ᠡ ᠪᠣᠰ᠂ ᠨᠠᠰᠤᠲᠠᠨ ᠢ ᠳᠡᠭᠡᠳᠦᠯᠡ᠂ ᠪᠤᠷᠬᠠᠨ ᠠᠴᠠ ᠡᠮᠢᠶᠡ᠃ ᠪᠢ ᠪᠣᠯ ᠶᠣᠬᠣᠸᠠ᠃

33 ᠬᠠᠷᠢ ᠶᠢᠨ ᠬᠥᠮᠦᠨ ᠲᠠ ᠨᠠᠷ ᠲᠠᠢ ᠬᠠᠮᠲᠤ ᠨᠤᠲᠤᠭ ᠲᠤ ᠴᠢᠨᠢ ᠰᠠᠭᠤᠵᠤ ᠪᠠᠢᠪᠠᠯ ᠲᠡᠭᠦᠨ ᠢ ᠪᠦᠦ ᠳᠠᠷᠤᠯᠠ᠂ 34 ᠲᠠ ᠨᠠᠷ ᠲᠠᠢ ᠬᠠᠮᠲᠤ ᠰᠠᠭᠤᠵᠤ ᠪᠠᠢᠭ᠎ᠠ ᠬᠠᠷᠢ ᠶᠢᠨ ᠬᠥᠮᠦᠨ ᠳᠦ ᠲᠠᠨ ᠤ ᠤᠤᠭᠠᠯ ᠬᠥᠮᠦᠨ ᠮᠡᠲᠦ ᠬᠠᠨᠳᠤᠵᠤ᠂ ᠲᠡᠭᠦᠨ ᠢ ᠥᠪᠡᠷ ᠦᠨ ᠢᠶᠠᠨ ᠪᠡᠶ᠎ᠡ ᠮᠡᠲᠦ ᠬᠠᠢᠷᠠᠯᠠ᠃ ᠲᠠ ᠨᠠᠷ ᠴᠤ ᠶᠧᠵᠢᠫᠲ ᠲᠤ ᠪᠠᠢᠬᠤ ᠳᠠᠭᠠᠨ ᠬᠠᠷᠢ ᠶᠢᠨ ᠬᠢᠨ ᠪᠠᠢᠭᠰᠠᠨ ᠪᠢᠯᠡ᠃ ᠲᠠ ᠨᠠᠷ ᠤᠨ ᠪᠤᠷᠬᠠᠨ ᠪᠣᠯ ᠶᠣᠬᠣᠸᠠ ᠪᠢ᠃

35 ᠲᠠ ᠨᠠᠷ ᠰᠢᠭᠦᠬᠦ ᠳᠡᠭᠡᠨ᠂ ᠮᠥᠨ ᠤᠷᠲᠤ᠂ ᠵᠢᠩ᠂ ᠪᠠᠭᠲᠠᠭᠠᠮᠵᠢ ᠶᠢ ᠬᠡᠮᠵᠢᠬᠦ ᠳᠡᠭᠡᠨ ᠰᠢᠳᠤᠷᠭᠤ ᠪᠤᠰᠤ ᠪᠠᠷ ᠪᠦᠦ ᠦᠢᠯᠡᠳ᠂ 36 ᠲᠠ ᠨᠠᠷ ᠵᠥᠪ ᠵᠢᠩᠯᠡᠭᠦᠷ᠂ ᠵᠥᠪ ᠲᠠᠤᠬᠠᠢ᠂ ᠵᠥᠪ ᠡᠹᠠ 13 ᠂ ᠵᠥᠪ ᠾᠢᠨ 14  ᠢ ᠬᠡᠷᠡᠭᠯᠡ᠃ ᠲᠠ ᠨᠠᠷ ᠢ ᠶᠧᠵᠢᠫᠲ ᠡᠴᠡ ᠠᠪᠴᠢᠷᠠᠭᠰᠠᠨ ᠲᠠ ᠨᠠᠷ ᠤᠨ ᠪᠤᠷᠬᠠᠨ ᠪᠣᠯ ᠶᠣᠬᠣᠸᠠ ᠪᠢ᠃ 37 ᠡᠢᠮᠦ ᠡᠴᠡ ᠲᠠ ᠨᠠᠷ ᠠᠯᠢᠪᠠ ᠵᠢᠷᠤᠮ ᠢ ᠮᠢᠨᠢ᠂ ᠮᠥᠨ ᠠᠯᠢᠪᠠ ᠲᠣᠭᠲᠠᠭᠠᠯ ᠢ ᠮᠢᠨᠢ ᠰᠠᠬᠢᠵᠤ ᠪᠡᠶᠡᠯᠡᠭᠦᠯ᠃ ᠪᠢ ᠪᠣᠯ ᠶᠣᠬᠣᠸᠠ》 ᠭᠡᠯ᠎ᠡ᠃