ᠯᠧᠸᠢ ᠬᠣᠷᠢ
ᠵᠢᠭᠰᠢᠭᠦᠷᠢᠲᠦ ᠶᠠᠪᠤᠳᠠᠯ ᠤᠳ ᠲᠤ ᠤᠨᠤᠭᠠᠬᠤ ᠰᠢᠳᠬᠡᠯ
1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ 〈ᠢᠰᠷᠧᠯᠴᠦᠳ᠂ ᠡᠰᠡᠪᠡᠯ ᠢᠰᠷᠧᠯ ᠳᠤ ᠰᠠᠭᠤᠵᠤ ᠪᠠᠢᠭ᠎ᠠ ᠬᠠᠷᠢᠴᠤᠳ ᠠᠴᠠ ᠬᠡᠨ ᠨᠢᠭᠡ ᠨᠢ ᠦᠷ᠎ᠡ ᠬᠡᠦᠬᠡᠳ ᠤᠳ ᠠᠴᠠ ᠪᠠᠨ ᠮᠣᠯᠧᠺ ᠲᠤ ᠡᠷᠭᠦᠪᠡᠯ ᠭᠠᠷᠴᠠᠭ᠎ᠠ ᠦᠭᠡᠢ ᠠᠯᠠᠭᠳᠠᠬᠤ ᠪᠣᠯᠣᠨ᠎ᠠ᠃ ᠨᠤᠲᠤᠭ ᠤᠨ ᠠᠷᠠᠳ ᠣᠯᠠᠨ ᠲᠡᠭᠦᠨ ᠤᠷᠤᠭᠤ ᠴᠢᠯᠠᠭᠤ ᠰᠢᠳᠡᠬᠦ ᠪᠣᠯᠣᠨ᠎ᠠ᠃ 3 ᠪᠢ ᠴᠤ ᠲᠡᠭᠦᠨ ᠤᠷᠤᠭᠤ ᠴᠢᠷᠠᠢ ᠪᠠᠷᠤᠢᠯᠭᠠᠨ᠂ ᠲᠡᠭᠦᠨ ᠢ ᠠᠷᠠᠳ ᠲᠦᠮᠡᠨ ᠦ ᠬᠢᠨᠢ ᠳᠤᠮᠳᠠ ᠠᠴᠠ ᠲᠠᠰᠤᠯᠬᠤ ᠪᠣᠯᠣᠨ᠎ᠠ᠃ ᠤᠴᠢᠷ ᠨᠢ ᠲᠡᠷᠡ ᠦᠷ᠎ᠡ ᠬᠡᠦᠬᠡᠳ ᠡᠴᠡ ᠪᠡᠨ ᠮᠣᠯᠧᠺ ᠲᠤ ᠡᠷᠭᠦᠭᠰᠡᠨ ᠢᠶᠡᠷ ᠢᠶᠠᠨ ᠠᠷᠢᠭᠤᠨ ᠭᠠᠵᠠᠷ ᠢ ᠮᠢᠨᠢ ᠪᠤᠵᠠᠷᠯᠠᠵᠤ᠂ ᠠᠷᠢᠭᠤᠨ ᠨᠡᠷ᠎ᠡ ᠶᠢ ᠮᠢᠨᠢ ᠭᠤᠲᠤᠭᠠᠭᠰᠠᠨ ᠶᠤᠮ᠃ 4 ᠬᠡᠷᠪᠡ ᠲᠡᠷᠡ ᠦᠷ᠎ᠡ ᠬᠡᠦᠬᠡᠳ ᠡᠴᠡ ᠪᠡᠨ ᠮᠣᠯᠧᠺ ᠲᠤ ᠡᠷᠭᠦᠬᠦ ᠳᠦ᠂ ᠲᠡᠷᠡ ᠨᠤᠲᠤᠭ ᠤᠨ ᠬᠢᠨ ᠨᠢᠳᠦ ᠪᠡᠨ ᠠᠨᠢᠨ ᠲᠡᠭᠦᠨ ᠢ ᠴᠠᠭᠠᠵᠠᠯᠠᠬᠤ ᠦᠭᠡᠢ ᠪᠠᠢᠪᠠᠯ᠂ 5 ᠪᠢ ᠥᠪᠡᠷ ᠢᠶᠡᠨ᠂ ᠲᠡᠷᠡ ᠬᠥᠮᠦᠨ ᠪᠣᠯᠣᠨ ᠲᠡᠭᠦᠨ ᠦ ᠭᠡᠷ ᠪᠦᠯᠢ ᠶᠢᠨ ᠡᠰᠡᠷᠭᠦ ᠴᠢᠷᠠᠢ ᠪᠠᠷᠤᠢᠯᠭᠠᠬᠤ ᠪᠥᠭᠡᠳ ᠲᠡᠭᠦᠨ ᠢᠶᠡᠷ ᠪᠠᠷᠠᠬᠤ ᠦᠭᠡᠢ᠂ ᠲᠡᠭᠦᠨ ᠦ ᠠᠷᠤ ᠠᠴᠠ ᠳᠠᠭᠠᠨ ᠮᠣᠯᠧᠺ ᠲᠠᠢ ᠵᠠᠪᠬᠠᠢᠷᠠᠳᠠᠭ ᠪᠦᠬᠦᠨ ᠢ ᠠᠷᠠᠳ ᠲᠦᠮᠡᠨ ᠡᠴᠡ ᠨᠢ ᠲᠠᠰᠤᠯᠬᠤ ᠪᠣᠯᠣᠨ᠎ᠠ᠃
6 ᠰᠦᠨᠡᠰᠦ ᠳᠠᠭᠤᠳᠠᠭᠴᠢᠳ᠂ ᠮᠡᠷᠭᠡᠴᠢ ᠲᠥᠯᠭᠡᠴᠢᠳ ᠢ ᠬᠠᠢᠵᠤ ᠠᠷᠤ ᠠᠴᠠ ᠨᠢ ᠳᠠᠭᠠᠨ ᠲᠡᠳᠡᠨ ᠲᠡᠢ ᠵᠠᠪᠬᠠᠢᠷᠠᠳᠠᠭ ᠬᠥᠮᠦᠨ ᠦ ᠡᠰᠡᠷᠭᠦ ᠪᠢ ᠴᠢᠷᠠᠢ ᠪᠠᠷᠤᠢᠯᠭᠠᠨ ᠲᠡᠭᠦᠨ ᠢ ᠠᠷᠠᠳ ᠲᠦᠮᠡᠨ ᠡᠴᠡ ᠨᠢ ᠲᠠᠰᠤᠯᠬᠤ ᠪᠣᠯᠣᠨ᠎ᠠ᠃ 7 ᠡᠢᠮᠦ ᠡᠴᠡ ᠲᠠ ᠨᠠᠷ ᠥᠪᠡᠷᠰᠡᠳ ᠢ ᠪᠠᠨ ᠲᠤᠰᠠᠭᠠᠷᠯᠠᠵᠤ᠂ ᠠᠷᠢᠭᠤᠨ ᠪᠠᠢ᠃ ᠲᠠ ᠨᠠᠷ ᠤᠨ ᠪᠤᠷᠬᠠᠨ ᠪᠣᠯ ᠶᠣᠬᠣᠸᠠ ᠪᠢ᠃ 8 ᠲᠠ ᠨᠠᠷ ᠶᠣᠰᠣ ᠵᠢᠷᠤᠮ ᠢ ᠮᠢᠨᠢ ᠰᠠᠬᠢᠵᠤ ᠪᠡᠶᠡᠯᠡᠭᠦᠯ᠃ ᠶᠣᠬᠣᠸᠠ ᠪᠢ ᠲᠠ ᠨᠠᠷ ᠢ ᠠᠷᠢᠭᠤᠨ ᠪᠠᠢᠯᠭᠠᠬᠤ ᠪᠠᠷ ᠲᠤᠰᠠᠭᠠᠷᠯᠠᠭᠰᠠᠨ ᠶᠤᠮ᠃ 9 ᠡᠴᠢᠭᠡ ᠡᠬᠡ ᠪᠡᠨ ᠵᠦᠬᠡᠬᠦ ᠬᠥᠮᠦᠨ ᠭᠠᠷᠴᠠᠭ᠎ᠠ ᠦᠭᠡᠢ ᠴᠠᠭᠠᠵᠠᠯᠠᠭᠤᠯᠬᠤ ᠶᠣᠰᠣᠲᠠᠢ᠃ ᠡᠴᠢᠭᠡ ᠡᠬᠡ ᠪᠡᠨ ᠵᠦᠬᠡᠭᠰᠡᠨ ᠢᠶᠡᠷ ᠴᠢᠰᠤᠨ ᠤ ᠶᠠᠯ᠎ᠠ ᠨᠢ ᠥᠪᠡᠷ ᠳᠡᠭᠡᠷ᠎ᠡ ᠨᠢ ᠪᠠᠢᠬᠤ ᠪᠣᠯᠣᠨ᠎ᠠ᠃
10 ᠬᠡᠷᠪᠡ ᠡᠷ᠎ᠡ ᠬᠥᠮᠦᠨ ᠭᠡᠷᠯᠡᠭᠰᠡᠨ ᠡᠮᠡᠭᠲᠡᠢ᠂ ᠲᠤᠬᠠᠢᠯᠠᠪᠠᠯ ᠥᠭᠡᠷ᠎ᠡ ᠬᠥᠮᠦᠨ ᠦ ᠡᠬᠡᠨᠡᠷ ᠲᠡᠢ ᠵᠠᠪᠬᠠᠢᠷᠠᠪᠠᠯ᠂ ᠵᠠᠪᠬᠠᠢ ᠡᠷ᠎ᠡ ᠡᠮ᠎ᠡ ᠬᠣᠶᠠᠷ ᠭᠠᠷᠴᠠᠭ᠎ᠠ ᠦᠭᠡᠢ ᠴᠠᠭᠠᠵᠠᠯᠠᠭᠤᠯᠬᠤ ᠶᠣᠰᠣᠲᠠᠢ᠃ 11 ᠬᠡᠷᠪᠡ ᠡᠷ᠎ᠡ ᠬᠥᠮᠦᠨ ᠡᠴᠢᠭᠡ ᠶᠢᠨ ᠢᠶᠠᠨ ᠡᠬᠡᠨᠡᠷ ᠲᠡᠢ ᠬᠤᠷᠢᠴᠠᠪᠠᠯ ᠲᠡᠷᠡ ᠪᠡᠷ ᠡᠴᠢᠭᠡ ᠶᠢᠨ ᠢᠶᠠᠨ ᠨᠢᠴᠦᠭᠦᠨ ᠪᠡᠶ᠎ᠡ ᠶᠢ ᠢᠯᠡ ᠭᠠᠷᠭᠠᠭᠰᠠᠨ ᠬᠡᠷᠡᠭ᠃ ᠲᠡᠳᠡ ᠬᠣᠶᠠᠭᠤᠯᠠ ᠪᠠᠨ ᠭᠠᠷᠴᠠᠭ᠎ᠠ ᠦᠭᠡᠢ ᠴᠠᠭᠠᠵᠠᠯᠠᠭᠤᠯᠬᠤ ᠪᠥᠭᠡᠳ ᠴᠢᠰᠤᠨ ᠤ ᠶᠠᠯ᠎ᠠ ᠨᠢ ᠥᠪᠡᠷ ᠳᠡᠭᠡᠷ᠎ᠡ ᠨᠢ ᠪᠠᠢᠬᠤ ᠪᠣᠯᠣᠨ᠎ᠠ᠃ 12 ᠬᠡᠷᠪᠡ ᠡᠷ᠎ᠡ ᠬᠥᠮᠦᠨ ᠪᠡᠷᠢ ᠲᠠᠢ ᠪᠠᠨ ᠬᠤᠷᠢᠴᠠᠪᠠᠯ ᠲᠡᠳᠡ ᠬᠣᠶᠠᠭᠤᠯᠠ ᠪᠠᠨ ᠭᠠᠷᠴᠠᠭ᠎ᠠ ᠦᠭᠡᠢ ᠴᠠᠭᠠᠵᠠᠯᠠᠭᠤᠯᠬᠤ ᠪᠣᠯᠣᠨ᠎ᠠ᠃ ᠲᠡᠳᠡ ᠭᠠᠵᠢ ᠶᠠᠪᠤᠳᠠᠯ ᠦᠢᠯᠡᠳᠦᠭᠰᠡᠨ ᠪᠥᠭᠡᠳ ᠴᠢᠰᠤᠨ ᠤ ᠶᠠᠯ᠎ᠠ ᠨᠢ ᠥᠪᠡᠷ ᠳᠡᠭᠡᠷ᠎ᠡ ᠨᠢ ᠪᠠᠢᠬᠤ ᠪᠣᠯᠣᠨ᠎ᠠ᠃ 13 ᠬᠡᠷᠪᠡ ᠡᠷ᠎ᠡ ᠬᠥᠮᠦᠨ ᠡᠮᠡᠭᠲᠡᠢ ᠬᠥᠮᠦᠨ ᠲᠡᠢ ᠬᠤᠷᠢᠴᠠᠳᠠᠭ ᠤᠨ ᠠᠳᠠᠯᠢ ᠡᠷ᠎ᠡ ᠬᠥᠮᠦᠨ ᠲᠡᠢ ᠪᠡᠨ ᠬᠤᠷᠢᠴᠠᠪᠠᠯ᠂ ᠲᠡᠳᠡ ᠬᠣᠶᠠᠭᠤᠯᠠ ᠪᠠᠨ ᠵᠢᠭᠰᠢᠭᠦᠷᠢᠲᠦ ᠶᠠᠪᠤᠳᠠᠯ ᠦᠢᠯᠡᠳᠦᠭᠰᠡᠨ ᠪᠥᠭᠡᠳ ᠲᠡᠳᠡ ᠭᠠᠷᠴᠠᠭ᠎ᠠ ᠦᠭᠡᠢ ᠴᠠᠭᠠᠵᠠᠯᠠᠭᠤᠯᠬᠤ ᠪᠣᠯᠣᠨ᠎ᠠ᠂ ᠴᠢᠰᠤᠨ ᠤ ᠶᠠᠯ᠎ᠠ ᠨᠢ ᠥᠪᠡᠷ ᠳᠡᠭᠡᠷ᠎ᠡ ᠨᠢ ᠪᠠᠢᠬᠤ ᠪᠣᠯᠣᠨ᠎ᠠ᠃ 14 ᠬᠡᠷᠪᠡ ᠡᠷ᠎ᠡ ᠬᠥᠮᠦᠨ ᠡᠬᠡ ᠥᠬᠢᠨ ᠬᠣᠶᠠᠷ ᠤᠨ ᠬᠣᠶᠠᠭᠤᠯᠠ ᠲᠠᠢ ᠨᠢ ᠬᠤᠷᠢᠴᠠᠪᠠᠯ ᠡᠨᠡ ᠨᠢ ᠪᠤᠯᠠᠢ ᠶᠠᠪᠤᠳᠠᠯ ᠪᠥᠭᠡᠳ ᠲᠠ ᠨᠠᠷ ᠥᠪᠡᠷᠰᠡᠳ ᠦᠨ ᠢᠶᠠᠨ ᠳᠤᠮᠳᠠ ᠪᠤᠯᠠᠢ ᠶᠠᠪᠤᠳᠠᠯ ᠢ ᠪᠠᠢᠯᠭᠠᠬᠤ ᠦᠭᠡᠢ ᠶᠢᠨ ᠲᠤᠯᠠᠳᠠ ᠲᠡᠷᠡ ᠬᠥᠮᠦᠨ ᠪᠣᠯᠣᠨ ᠲᠡᠳᠡᠨ ᠢ ᠭᠠᠯ ᠳᠤ ᠰᠢᠲᠠᠭᠠᠬᠤ ᠶᠣᠰᠣᠲᠠᠢ᠃ 15 ᠬᠡᠷᠪᠡ ᠡᠷ᠎ᠡ ᠬᠥᠮᠦᠨ ᠠᠮᠢᠲᠠᠨ ᠲᠠᠢ ᠶᠠᠪᠤᠯᠳᠠᠪᠠᠯ ᠲᠡᠷᠡ ᠭᠠᠷᠴᠠᠭ᠎ᠠ ᠦᠭᠡᠢ ᠴᠠᠭᠠᠵᠠᠯᠠᠭᠤᠯᠬᠤ ᠪᠥᠭᠡᠳ ᠲᠡᠷᠡ ᠠᠮᠢᠲᠠᠨ ᠢ ᠴᠤ ᠮᠥᠨ ᠠᠯᠠᠬᠤ ᠶᠣᠰᠣᠲᠠᠢ᠃ 16 ᠬᠡᠷᠪᠡ ᠡᠮᠡᠭᠲᠡᠢ ᠬᠥᠮᠦᠨ ᠠᠯᠢᠪᠠ ᠠᠮᠢᠲᠠᠨ ᠳᠤ ᠣᠢᠷᠠᠲᠤᠵᠤ ᠲᠡᠭᠦᠨ ᠲᠡᠢ ᠶᠠᠪᠤᠯᠳᠠᠪᠠᠯ᠂ ᠲᠠ ᠨᠠᠷ ᠲᠡᠷᠡ ᠡᠮᠡᠭᠲᠡᠢ ᠪᠣᠯᠣᠨ ᠠᠮᠢᠲᠠᠨ ᠢ ᠠᠯᠠᠬᠤ ᠶᠣᠰᠣᠲᠠᠢ᠃ ᠲᠡᠳᠡ ᠭᠠᠷᠴᠠᠭ᠎ᠠ ᠦᠭᠡᠢ ᠠᠯᠠᠭᠤᠯᠬᠤ ᠪᠥᠭᠡᠳ ᠴᠢᠰᠤᠨ ᠤ ᠶᠠᠯ᠎ᠠ ᠨᠢ ᠥᠪᠡᠷ ᠳᠡᠭᠡᠷ᠎ᠡ ᠨᠢ ᠪᠠᠢᠬᠤ ᠪᠣᠯᠣᠨ᠎ᠠ᠃
17 ᠬᠡᠷᠪᠡ ᠡᠷ᠎ᠡ ᠬᠥᠮᠦᠨ ᠡᠴᠢᠭᠡ ᠶᠢᠨ ᠢᠶᠠᠨ ᠥᠬᠢᠨ ᠢ ᠴᠤ ᠪᠠᠢ᠂ ᠡᠬᠡ ᠶᠢᠨ ᠢᠶᠠᠨ ᠥᠬᠢᠨ ᠢ ᠴᠤ ᠪᠠᠢ᠂ ᠡᠭᠡᠴᠢ ᠥᠬᠢᠨ ᠳᠡᠭᠦᠦ ᠪᠡᠨ ᠠᠪᠴᠤ᠂ ᠲᠡᠭᠦᠨ ᠦ ᠨᠢᠴᠦᠭᠦᠨ ᠪᠡᠶ᠎ᠡ ᠶᠢ ᠬᠠᠷᠠᠵᠤ᠂ ᠮᠥᠨ ᠲᠡᠷᠡ ᠡᠮᠡᠭᠲᠡᠢ ᠴᠤ ᠲᠡᠭᠦᠨ ᠦ ᠨᠢᠴᠦᠭᠦᠨ ᠪᠡᠶ᠎ᠡ ᠶᠢ ᠬᠠᠷᠠᠪᠠᠯ᠂ ᠡᠨᠡ ᠨᠢ ᠢᠴᠢᠭᠦᠷᠢᠲᠦ ᠶᠠᠪᠤᠳᠠᠯ ᠶᠤᠮ᠃ ᠲᠡᠳᠡ ᠠᠷᠠᠳ ᠲᠦᠮᠡᠨ ᠦ ᠪᠠᠨ ᠨᠢᠳᠦᠨ ᠦ ᠡᠮᠦᠨ᠎ᠡ ᠡᠴᠡ ᠲᠠᠰᠤᠯᠤᠭᠳᠠᠨ᠎ᠠ᠃ ᠲᠡᠷᠡ ᠡᠭᠡᠴᠢ ᠳᠡᠭᠦᠦ ᠶᠢᠨ ᠢᠶᠠᠨ ᠨᠢᠴᠦᠭᠦᠨ ᠪᠡᠶ᠎ᠡ ᠶᠢ ᠢᠯᠡ ᠭᠠᠷᠭᠠᠭᠰᠠᠨ ᠲᠤᠯᠠ ᠥᠪᠡᠷ ᠦᠨ ᠢᠶᠠᠨ ᠭᠡᠮ ᠪᠤᠷᠤᠭᠤ ᠶᠢ ᠡᠭᠦᠷᠦᠨ᠎ᠡ᠃ 18 ᠬᠡᠷᠪᠡ ᠡᠷ᠎ᠡ ᠬᠥᠮᠦᠨ ᠰᠠᠷ᠎ᠠ ᠶᠢᠨ ᠲᠡᠮᠳᠡᠭ ᠢᠷᠡᠭᠰᠡᠨ ᠡᠮᠡᠭᠲᠡᠢ ᠲᠡᠢ ᠬᠡᠪᠲᠡᠵᠦ ᠨᠢᠴᠦᠭᠦᠨ ᠪᠡᠶ᠎ᠡ ᠶᠢ ᠨᠢ ᠢᠯᠡ ᠭᠠᠷᠭᠠᠪᠠᠯ ᠡᠮᠡᠭᠲᠡᠢ ᠶᠢᠨ ᠡᠬᠢ ᠡᠭᠦᠰᠦᠯ ᠢ ᠨᠢᠴᠦᠭᠦᠯᠡᠭᠰᠡᠨ ᠪᠥᠭᠡᠳ ᠡᠮᠡᠭᠲᠡᠢ ᠴᠤ ᠥᠪᠡᠷ ᠦᠨ ᠢᠶᠠᠨ ᠴᠢᠰᠤᠨ ᠤ ᠡᠬᠢ ᠶᠢ ᠢᠯᠡ ᠭᠠᠷᠭᠠᠭᠰᠠᠨ ᠲᠤᠯᠠ ᠲᠡᠳᠡ ᠬᠣᠶᠠᠭᠤᠯᠠ ᠪᠠᠨ ᠠᠷᠠᠳ ᠲᠦᠮᠡᠨ ᠦ ᠪᠠᠨ ᠳᠤᠮᠳᠠ ᠠᠴᠠ ᠲᠠᠰᠤᠯᠤᠭᠳᠠᠬᠤ ᠶᠣᠰᠣᠲᠠᠢ᠃ 19 ᠲᠠ ᠨᠠᠷ ᠡᠬᠡ ᠶᠢᠨ ᠢᠶᠠᠨ ᠡᠭᠡᠴᠢ ᠥᠬᠢᠨ ᠳᠡᠭᠦᠦ᠂ ᠡᠰᠡᠪᠡᠯ ᠡᠴᠢᠭᠡ ᠶᠢᠨ ᠢᠶᠠᠨ ᠡᠭᠡᠴᠢ ᠥᠬᠢᠨ ᠳᠡᠭᠦᠦ ᠶᠢᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠡᠨᠡ ᠨᠢ ᠴᠢᠰᠤᠨ ᠲᠥᠷᠥᠯ ᠢᠶᠡᠨ ᠨᠢᠴᠦᠭᠦᠯᠡᠬᠦ ᠶᠠᠪᠤᠳᠠᠯ ᠪᠥᠭᠡᠳ ᠡᠳᠡ ᠬᠣᠶᠠᠭᠤᠯᠠ ᠪᠠᠨ ᠭᠡᠮ ᠪᠤᠷᠤᠭᠤ ᠪᠠᠨ ᠡᠭᠦᠷᠦᠨ᠎ᠡ᠃ 20 ᠬᠡᠷᠪᠡ ᠡᠷ᠎ᠡ ᠬᠥᠮᠦᠨ ᠠᠪᠠᠭ᠎ᠠ ᠶᠢᠨ ᠢᠶᠠᠨ ᠡᠬᠡᠨᠡᠷ ᠲᠡᠢ ᠤᠨᠲᠠᠪᠠᠯ ᠠᠪᠠᠭ᠎ᠠ ᠶᠢᠨ ᠢᠶᠠᠨ ᠨᠢᠴᠦᠭᠦᠨ ᠪᠡᠶ᠎ᠡ ᠶᠢ ᠢᠯᠡ ᠭᠠᠷᠭᠠᠭᠰᠠᠨ ᠬᠡᠷᠡᠭ᠂ ᠲᠡᠷᠡ ᠬᠣᠶᠠᠭᠤᠯᠠ ᠥᠪᠡᠷ ᠦᠨ ᠢᠶᠠᠨ ᠨᠢᠭᠦᠯ ᠢ ᠡᠭᠦᠷᠬᠦ ᠪᠥᠭᠡᠳ ᠦᠷ᠎ᠡ ᠬᠡᠦᠬᠡᠳ ᠦᠭᠡᠢ ᠦᠬᠦᠬᠦ ᠤᠴᠢᠷ ᠲᠠᠢ᠃ 21 ᠬᠡᠷᠪᠡ ᠡᠷ᠎ᠡ ᠬᠥᠮᠦᠨ ᠠᠬ᠎ᠠ ᠳᠡᠭᠦᠦ ᠶᠢᠨ ᠢᠶᠠᠨ ᠡᠬᠡᠨᠡᠷ ᠢ ᠠᠪᠴᠤ ᠬᠤᠷᠢᠴᠠᠪᠠᠯ ᠡᠨᠡ ᠨᠢ ᠪᠤᠵᠠᠷ ᠶᠠᠪᠤᠳᠠᠯ ᠶᠤᠮ᠃ ᠡᠨᠡ ᠬᠥᠮᠦᠨ ᠠᠬ᠎ᠠ ᠳᠡᠭᠦᠦ ᠶᠢᠨ ᠢᠶᠠᠨ ᠨᠢᠴᠦᠭᠦᠨ ᠪᠡᠶ᠎ᠡ ᠶᠢ ᠢᠯᠡ ᠭᠠᠷᠭᠠᠭᠰᠠᠨ ᠲᠤᠯᠠ ᠡᠳᠡ ᠬᠣᠶᠠᠭᠤᠯᠠ ᠦᠷ᠎ᠡ ᠬᠡᠦᠬᠡᠳ ᠦᠭᠡᠢ ᠪᠠᠢᠬᠤ ᠤᠴᠢᠷ ᠲᠠᠢ᠃
22 ᠲᠠ ᠨᠠᠷ ᠠᠯᠢᠪᠠ ᠶᠣᠰᠣ ᠵᠢᠷᠤᠮ᠂ ᠠᠯᠢᠪᠠ ᠲᠣᠭᠲᠠᠭᠠᠯ ᠢ ᠮᠢᠨᠢ ᠰᠠᠬᠢᠵᠤ ᠪᠡᠶᠡᠯᠡᠭᠦᠯ᠂ ᠡᠰᠡ ᠲᠡᠭᠡᠪᠡᠯ ᠮᠢᠨᠦ ᠲᠠ ᠨᠠᠷ ᠢ ᠠᠪᠠᠴᠢᠵᠤ ᠰᠠᠭᠤᠯᠭᠠᠬᠤ ᠲᠡᠷᠡ ᠨᠤᠲᠤᠭ ᠲᠠ ᠨᠠᠷ ᠢ ᠪᠥᠭᠡᠯᠵᠢᠨ ᠭᠠᠷᠭᠠᠨ᠎ᠠ᠃ 23 ᠲᠠ ᠨᠠᠷ ᠬᠠᠷᠢ ᠦᠨᠳᠦᠰᠦᠲᠡᠨ ᠨᠦᠭᠦᠳ ᠦᠨ ᠶᠣᠰᠣ ᠵᠢᠷᠤᠮ ᠢ ᠪᠦᠦ ᠳᠠᠭ᠎ᠠ᠃ ᠪᠢ ᠥᠪᠡᠷ ᠢᠶᠡᠨ ᠲᠡᠳᠡ ᠨᠠᠷ ᠢ ᠲᠠ ᠨᠠᠷ ᠤᠨ ᠡᠮᠦᠨ᠎ᠡ ᠡᠴᠡ ᠬᠥᠭᠡᠭᠡᠵᠦ ᠭᠠᠷᠭᠠᠨ᠎ᠠ᠃ ᠤᠴᠢᠷ ᠨᠢ ᠲᠡᠳᠡ ᠡᠳᠡᠭᠡᠷ ᠪᠦᠬᠦ ᠶᠠᠪᠤᠳᠠᠯ ᠢ ᠦᠢᠯᠡᠳᠳᠡᠭ ᠶᠤᠮ᠃ ᠪᠢ ᠲᠡᠳᠡᠨ ᠢ ᠵᠢᠪᠡᠭᠦᠴᠡᠳᠡᠭ ᠪᠣᠯᠬᠣᠷ 24 ᠲᠠ ᠨᠠᠷ ᠲᠤ᠄ 《ᠲᠠ ᠨᠠᠷ ᠲᠡᠳᠡᠨ ᠦ ᠭᠠᠵᠠᠷ ᠢ ᠡᠵᠡᠮᠰᠢᠨ᠎ᠡ᠃ ᠪᠢ ᠥᠪᠡᠷ ᠢᠶᠡᠨ ᠲᠠ ᠨᠠᠷ ᠲᠤ ᠥᠭᠭᠥᠨ᠎ᠡ᠂ ᠰᠦ᠋ ᠪᠠᠯ ᠤᠷᠤᠰᠤᠭᠰᠠᠨ ᠲᠡᠷᠡ ᠨᠤᠲᠤᠭ ᠢ ᠲᠠ ᠨᠠᠷ ᠡᠵᠡᠮᠰᠢᠨ᠎ᠡ》 ᠭᠡᠵᠦ ᠬᠡᠯᠡᠭᠰᠡᠨ᠃ ᠲᠠ ᠨᠠᠷ ᠢ ᠦᠨᠳᠦᠰᠦᠲᠡᠨ ᠨᠦᠭᠦᠳ ᠡᠴᠡ ᠲᠤᠰᠠᠭᠠᠷᠯᠠᠭᠰᠠᠨ ᠲᠠ ᠨᠠᠷ ᠤᠨ ᠪᠤᠷᠬᠠᠨ ᠪᠣᠯ ᠶᠣᠬᠣᠸᠠ ᠪᠢ ᠪᠣᠯᠬᠣᠷ 25 ᠲᠠ ᠨᠠᠷ ᠴᠡᠪᠡᠷ ᠪᠣᠯᠣᠨ ᠪᠤᠵᠠᠷ ᠠᠮᠢᠲᠠᠨ᠂ ᠪᠤᠵᠠᠷ ᠪᠣᠯᠣᠨ ᠴᠡᠪᠡᠷ ᠰᠢᠪᠠᠭᠤ ᠶᠢ ᠢᠯᠭᠠᠬᠤ ᠶᠣᠰᠣᠲᠠᠢ᠃ ᠪᠤᠵᠠᠷ ᠬᠡᠮᠡᠨ ᠲᠠ ᠨᠠᠷ ᠠᠴᠠ ᠰᠠᠯᠭᠠᠭᠰᠠᠨ ᠠᠮᠢᠲᠠᠳ ᠪᠤᠶᠤ ᠰᠢᠪᠠᠭᠤᠳ᠂ ᠡᠰᠡᠪᠡᠯ ᠭᠠᠵᠠᠷ ᠢᠶᠠᠷ ᠮᠥᠯᠬᠥᠭᠴᠢᠳ ᠢᠶᠠᠷ ᠲᠠ ᠨᠠᠷ ᠪᠡᠶ᠎ᠡ ᠪᠡᠨ ᠪᠦᠦ ᠪᠤᠵᠠᠷᠯᠠᠭᠤᠯ᠃ 26 ᠲᠠ ᠨᠠᠷ ᠮᠢᠨᠦ ᠡᠮᠦᠨ᠎ᠡ ᠠᠷᠢᠭᠤᠨ ᠪᠠᠢᠬᠤ ᠶᠣᠰᠣᠲᠠᠢ᠃ ᠤᠴᠢᠷ ᠨᠢ ᠶᠣᠬᠣᠸᠠ ᠪᠢ ᠠᠷᠢᠭᠤᠨ ᠪᠥᠭᠡᠳ ᠲᠠ ᠨᠠᠷ ᠢ ᠦᠨᠳᠦᠰᠦᠲᠡᠨ ᠨᠦᠭᠦᠳ ᠡᠴᠡ ᠲᠤᠰᠠᠭᠠᠷᠯᠠᠨ ᠥᠪᠡᠷ ᠦᠨ ᠬᠢ ᠪᠣᠯᠭᠠᠭᠰᠠᠨ ᠶᠤᠮ᠃
27 ᠰᠦᠨᠡᠰᠦ ᠳᠠᠭᠤᠳᠠᠭᠴᠢ᠂ ᠮᠡᠷᠭᠡ ᠲᠥᠯᠭᠡᠴᠢ ᠨᠢ ᠡᠷ᠎ᠡ ᠡᠮ᠎ᠡ ᠭᠡᠰᠡᠨ ᠦᠭᠡᠢ ᠵᠠᠪᠠᠯ ᠴᠠᠭᠠᠵᠠᠯᠠᠭᠤᠯᠬᠤ ᠶᠣᠰᠣᠲᠠᠢ᠃ ᠲᠡᠳᠡᠨ ᠤᠷᠤᠭᠤ ᠴᠢᠯᠠᠭᠤ ᠰᠢᠳᠡ᠃ ᠲᠡᠳᠡᠨ ᠦ ᠴᠢᠰᠤᠨ ᠤ ᠶᠠᠯ᠎ᠠ ᠥᠪᠡᠷ ᠳᠡᠭᠡᠷ᠎ᠡ ᠨᠢ ᠪᠠᠢᠬᠤ ᠪᠣᠯᠣᠨ᠎ᠠ》 ᠭᠡᠪᠡ᠃