1 2 3 4 5 6 7 8 9 10 11 12 13 14 15 16 17 18 19 20 21 22 23 24 25 26 27


ᠯᠧᠸᠢ ᠠᠷᠪᠠᠨ ᠲᠠᠪᠤ
 ᠭᠣᠭᠣᠵᠢᠳᠠᠰᠤ ᠠᠴᠠ ᠴᠡᠪᠡᠷᠰᠢᠬᠦ

1 ᠶᠣᠬᠣᠸᠠ ᠮᠣᠰᠧ᠂ ᠠᠷᠣᠨ ᠨᠠᠷ ᠲᠤ ᠶᠠᠷᠢᠨ ᠠᠢᠯᠠᠳᠤᠭᠰᠠᠨ ᠨᠢ᠄ 2 《ᠢᠰᠷᠧᠯᠴᠦᠳ ᠲᠦ ᠵᠠᠬᠢᠵᠤ ᠶᠠᠷᠢ᠄ ᠶᠠᠮᠠᠷ ᠨᠢᠭᠡ ᠬᠥᠮᠦᠨ ᠦ ᠪᠡᠶ᠎ᠡ ᠡᠴᠡ ᠭᠣᠭᠣᠵᠢᠳᠠᠰᠤ ᠭᠠᠷᠪᠠᠯ᠂ ᠲᠡᠷᠡ ᠭᠣᠭᠣᠵᠢᠳᠠᠰᠤ ᠨᠢ ᠪᠤᠵᠠᠷ ᠪᠠᠢᠬᠤ ᠪᠣᠯᠣᠨ᠎ᠠ᠃ 3 ᠲᠡᠭᠦᠨ ᠢ ᠶᠠᠮᠠᠷ ᠨᠥᠬᠥᠴᠡᠯ ᠳᠦ ᠪᠤᠵᠠᠷ ᠪᠣᠯᠭᠠᠳᠠᠭ ᠪᠤᠢ ᠭᠡᠪᠡᠯ᠄ ᠭᠣᠭᠣᠵᠢᠳᠠᠰᠤ ᠨᠢ ᠪᠡᠶ᠎ᠡ ᠡᠴᠡ ᠨᠢ ᠭᠠᠷᠤᠭᠰᠠᠭᠠᠷ ᠪᠠᠢᠭᠰᠠᠨ ᠴᠤ᠂ ᠵᠣᠭᠰᠣᠭᠰᠠᠨ ᠪᠠᠢᠭᠰᠠᠨ ᠴᠤ ᠲᠡᠭᠦᠨ ᠡᠴᠡ ᠪᠣᠯᠵᠤ ᠲᠡᠷᠡ ᠪᠤᠵᠠᠷ ᠪᠠᠢᠬᠤ ᠪᠣᠯᠣᠨ᠎ᠠ᠃ 4 ᠭᠣᠭᠣᠵᠢᠳᠠᠰᠤ ᠲᠠᠢ ᠬᠥᠮᠦᠨ ᠦ ᠬᠡᠪᠲᠡᠭᠰᠡᠨ ᠠᠯᠢᠪᠠ ᠣᠷᠣ ᠪᠤᠵᠠᠷ ᠪᠥᠭᠡᠳ ᠲᠡᠭᠦᠨ ᠦ ᠰᠠᠭᠤᠭᠰᠠᠨ ᠶᠠᠭᠤᠮ᠎ᠠ ᠪᠦᠬᠦᠨ ᠪᠤᠵᠠᠷ ᠪᠠᠢᠬᠤ ᠪᠣᠯᠣᠨ᠎ᠠ᠃ 5 ᠲᠡᠭᠦᠨ ᠦ ᠣᠷᠣ ᠳᠤ ᠬᠦᠷᠦᠭᠰᠡᠨ ᠬᠥᠮᠦᠨ ᠬᠤᠪᠴᠠᠰᠤ ᠪᠠᠨ ᠤᠬᠢᠶᠠᠵᠤ᠂ ᠤᠰᠤᠨ ᠳᠤ ᠪᠡᠶ᠎ᠡ ᠪᠡᠨ ᠤᠬᠢᠶᠠᠬᠤ ᠶᠣᠰᠣᠲᠠᠢ᠃ ᠲᠡᠷᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 6 ᠭᠣᠭᠣᠵᠢᠳᠠᠰᠤ ᠲᠠᠢ ᠬᠥᠮᠦᠨ ᠦ ᠰᠠᠭᠤᠵᠤ ᠪᠠᠢᠭᠰᠠᠨ ᠵᠦᠢᠯ ᠳᠡᠭᠡᠷ᠎ᠡ ᠰᠠᠭᠤᠭᠰᠠᠨ ᠬᠥᠮᠦᠨ ᠴᠤ ᠬᠤᠪᠴᠠᠰᠤ ᠪᠠᠨ ᠤᠬᠢᠶᠠᠵᠤ᠂ ᠤᠰᠤᠨ ᠳᠤ ᠪᠡᠶ᠎ᠡ ᠪᠡᠨ ᠤᠬᠢᠶᠠᠬᠤ ᠶᠣᠰᠣᠲᠠᠢ᠃ ᠲᠡᠷᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 7 ᠭᠣᠭᠣᠵᠢᠳᠠᠰᠤ ᠲᠠᠢ ᠬᠥᠮᠦᠨ ᠦ ᠪᠡᠶ᠎ᠡ ᠳᠦ ᠬᠦᠷᠦᠭᠰᠡᠨ ᠬᠥᠮᠦᠨ ᠴᠤ ᠬᠤᠪᠴᠠᠰᠤ ᠪᠠᠨ ᠤᠬᠢᠶᠠᠵᠤ᠂ ᠤᠰᠤᠨ ᠳᠤ ᠪᠡᠶ᠎ᠡ ᠪᠡᠨ ᠤᠬᠢᠶᠠᠬᠤ ᠶᠣᠰᠣᠲᠠᠢ᠃ ᠲᠡᠷᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 8 ᠬᠡᠷᠪᠡ ᠭᠣᠭᠣᠵᠢᠳᠠᠰᠤ ᠲᠠᠢ ᠬᠥᠮᠦᠨ ᠴᠡᠪᠡᠷ ᠪᠠᠢᠭ᠎ᠠ ᠬᠥᠮᠦᠨ ᠳᠡᠭᠡᠷ᠎ᠡ ᠲᠡᠭᠦᠨ ᠢ ᠪᠠᠨ ᠬᠦᠷᠭᠡᠪᠡᠯ᠂ ᠲᠡᠷᠡ ᠬᠤᠪᠴᠠᠰᠤ ᠪᠠᠨ ᠤᠬᠢᠶᠠᠵᠤ᠂ ᠤᠰᠤᠨ ᠳᠤ ᠤᠬᠢᠶᠠᠬᠤ ᠶᠣᠰᠣᠲᠠᠢ᠃ ᠭᠡᠬᠦ ᠳᠡᠭᠡᠨ ᠲᠡᠷᠡ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ᠃ 9 ᠭᠣᠭᠣᠵᠢᠳᠠᠰᠤ ᠲᠠᠢ ᠬᠥᠮᠦᠨ ᠦ ᠤᠨᠤᠵᠤ ᠶᠠᠪᠤᠭᠰᠠᠨ ᠠᠯᠢᠪᠠ ᠡᠮᠡᠭᠡᠯ ᠴᠤ ᠪᠤᠵᠠᠷ ᠪᠠᠢᠬᠤ ᠪᠣᠯᠣᠨ᠎ᠠ᠃ 10 ᠮᠥᠨ ᠲᠡᠭᠦᠨ ᠦ ᠳᠣᠣᠷ᠎ᠠ ᠪᠠᠢᠭ᠎ᠠ ᠠᠯᠢᠪᠠ ᠵᠦᠢᠯ ᠳᠤ ᠬᠦᠷᠦᠭᠰᠡᠨ ᠬᠥᠮᠦᠨ ᠪᠣᠯᠭᠠᠨ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ ᠡᠳᠡᠭᠡᠷ ᠢ ᠵᠥᠭᠡᠭᠡᠵᠦ ᠶᠠᠪᠤᠭᠰᠠᠨ ᠬᠥᠮᠦᠨ ᠴᠤ ᠬᠤᠪᠴᠠᠰᠤ ᠪᠠᠨ ᠤᠬᠢᠶᠠᠵᠤ᠂ ᠤᠰᠤᠨ ᠳᠤ ᠤᠬᠢᠶᠠᠬᠤ ᠶᠣᠰᠣᠲᠠᠢ᠃ ᠲᠡᠷᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 11 ᠭᠣᠭᠣᠵᠢᠳᠠᠰᠤ ᠲᠠᠢ ᠨᠢᠭᠡᠨ ᠨᠢ ᠭᠠᠷ ᠢᠶᠠᠨ ᠤᠰᠤᠨ ᠳᠤ ᠵᠠᠢᠯᠤᠯ ᠦᠭᠡᠢ ᠪᠠᠷ ᠬᠥᠮᠦᠨ ᠳᠦ ᠬᠦᠷᠦᠭᠰᠡᠨ ᠪᠣᠯ ᠲᠡᠷᠡ ᠬᠤᠪᠴᠠᠰᠤ ᠪᠠᠨ ᠤᠬᠢᠶᠠᠵᠤ᠂ ᠤᠰᠤᠨ ᠳᠤ ᠤᠬᠢᠶᠠᠬᠤ ᠶᠣᠰᠣᠲᠠᠢ᠃ ᠲᠡᠷᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 12 ᠭᠣᠭᠣᠵᠢᠳᠠᠰᠤ ᠲᠠᠢ ᠬᠥᠮᠦᠨ ᠦ ᠬᠦᠷᠦᠭᠰᠡᠨ ᠰᠢᠪᠠᠷ ᠰᠠᠪᠠ ᠶᠢ ᠬᠠᠭᠠᠯᠬᠤ ᠶᠣᠰᠣᠲᠠᠢ᠃ ᠬᠠᠷᠢᠨ ᠮᠣᠳᠣᠨ ᠰᠠᠪᠠ ᠶᠢ ᠨᠢ ᠤᠰᠤ ᠪᠠᠷ ᠵᠠᠢᠯᠪᠠᠯ ᠪᠣᠯᠣᠨ᠎ᠠ᠃

13 ᠭᠣᠭᠣᠵᠢᠳᠠᠰᠤ ᠲᠠᠢ ᠬᠥᠮᠦᠨ ᠭᠣᠭᠣᠵᠢᠳᠠᠰᠤ ᠠᠴᠠ ᠪᠠᠨ ᠡᠳᠡᠭᠡᠷᠡᠵᠦ ᠴᠡᠪᠡᠷᠰᠢᠪᠡᠯ᠂ ᠴᠡᠪᠡᠷᠰᠢᠯᠲᠡ ᠳᠡᠭᠡᠨ ᠵᠣᠷᠢᠭᠤᠯᠤᠨ ᠳᠣᠯᠣᠭ᠎ᠠ ᠬᠣᠨᠣᠭ ᠬᠦᠯᠢᠶᠡᠭᠰᠡᠨ ᠦ ᠳᠠᠷᠠᠭ᠎ᠠ᠂ ᠬᠤᠪᠴᠠᠰᠤ ᠪᠠᠨ ᠤᠬᠢᠶᠠᠵᠤ ᠴᠡᠩᠭᠡᠭ ᠤᠰᠤᠨ ᠳᠤ ᠪᠡᠶ᠎ᠡ ᠪᠡᠨ ᠤᠬᠢᠶᠠᠵᠤ ᠴᠡᠪᠡᠷ ᠪᠣᠯᠣᠨ᠎ᠠ᠃ 14 ᠨᠠᠢ᠌ᠮᠠᠳᠠᠬᠢ ᠡᠳᠦᠷ ᠨᠢ ᠲᠡᠷᠡ ᠥᠪᠡᠷ ᠲᠡᠭᠡᠨ ᠵᠣᠷᠢᠭᠤᠯᠤᠨ ᠬᠣᠶᠠᠷ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ ᠠᠪᠴᠤ᠂ ᠶᠣᠬᠣᠸᠠ ᠶᠢᠨ ᠡᠮᠦᠨ᠎ᠡ ᠠᠭᠤᠯᠵᠠᠯᠲᠠ ᠶᠢᠨ ᠮᠠᠢᠬᠠᠨ ᠤ ᠡᠭᠦᠳᠡᠨ ᠳᠡᠭᠡᠷ᠎ᠡ ᠣᠴᠢᠵᠤ ᠡᠳᠡᠭᠡᠷ ᠢ ᠲᠠᠬᠢᠯᠴᠢ ᠳᠤ ᠥᠭᠭᠥᠨ᠎ᠡ᠃ 15 ᠲᠠᠬᠢᠯᠴᠢ ᠡᠳᠡᠭᠡᠷ ᠢ ᠠᠪᠤᠭᠠᠳ᠂ ᠨᠢᠭᠡ ᠶᠢ ᠨᠢ ᠨᠢᠭᠦᠯ ᠦᠨ ᠲᠠᠬᠢᠯ᠂ ᠨᠥᠭᠥᠭᠡ ᠶᠢ ᠨᠢ ᠰᠢᠲᠠᠭᠠᠯᠭᠠᠲᠤ ᠲᠠᠬᠢᠯ ᠪᠣᠯᠭᠠᠨ ᠡᠷᠭᠦᠵᠦ᠂ ᠲᠡᠷᠡ ᠬᠥᠮᠦᠨ ᠦ ᠡᠮᠦᠨ᠎ᠡ ᠡᠴᠡ ᠭᠣᠭᠣᠵᠢᠳᠠᠰᠤ ᠶᠢᠨ ᠬᠢᠨᠢ ᠤᠯᠠᠮ ᠢᠶᠠᠷ ᠶᠣᠬᠣᠸᠠ ᠶᠢᠨ ᠡᠮᠦᠨ᠎ᠡ ᠬᠡᠯᠲᠦᠷᠢᠭᠦᠯᠦᠯᠭᠡ ᠶᠢ ᠬᠢᠬᠦ ᠪᠣᠯᠣᠨ᠎ᠠ᠃

16 ᠬᠡᠷᠪᠡ ᠡᠷ᠎ᠡ ᠬᠥᠮᠦᠨ ᠡᠴᠡ ᠦᠷ᠎ᠡ ᠶᠢᠨ ᠰᠢᠩᠭᠡᠨ ᠭᠠᠷᠪᠠᠯ ᠲᠡᠷᠡ ᠪᠡᠷ ᠪᠦᠬᠦ ᠪᠡᠶ᠎ᠡ ᠪᠡᠨ ᠤᠰᠤᠨ ᠳᠤ ᠤᠬᠢᠶᠠᠬᠤ ᠶᠣᠰᠣᠲᠠᠢ᠃ ᠲᠡᠷᠡ ᠪᠡᠷ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 17 ᠦᠷ᠎ᠡ ᠶᠢᠨ ᠰᠢᠩᠭᠡᠨ ᠬᠦᠷᠦᠭᠰᠡᠨ ᠠᠯᠢᠪᠠ ᠬᠤᠪᠴᠠᠰᠤ᠂ ᠡᠰᠡᠪᠡᠯ ᠠᠯᠢᠪᠠ ᠠᠷᠠᠰᠤ ᠶᠢ ᠤᠰᠤ ᠪᠠᠷ ᠤᠬᠢᠶᠠᠬᠤ ᠶᠣᠰᠣᠲᠠᠢ᠃ ᠲᠡᠳᠡᠭᠡᠷ ᠨᠢ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 18 ᠬᠡᠷᠪᠡ ᠡᠷ᠎ᠡ ᠬᠥᠮᠦᠨ ᠡᠮᠡᠭᠲᠡᠢ ᠬᠥᠮᠦᠨ ᠲᠡᠢ ᠤᠨᠲᠠᠵᠤ ᠦᠷ᠎ᠡ ᠶᠢᠨ ᠰᠢᠩᠭᠡᠨ ᠭᠠᠷᠭᠠᠭᠰᠠᠨ ᠪᠠᠢᠪᠠᠯ᠂ ᠲᠡᠳᠡ ᠬᠣᠶᠠᠭᠤᠯᠠ ᠪᠠᠨ ᠤᠰᠤᠨ ᠳᠤ ᠪᠤᠯᠬᠠᠬᠤ ᠶᠣᠰᠣᠲᠠᠢ᠃ ᠲᠡᠳᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃

19 ᠬᠡᠷᠪᠡ ᠡᠮᠡᠭᠲᠡᠢ ᠬᠥᠮᠦᠨ ᠭᠣᠭᠣᠵᠢᠳᠠᠰᠤ ᠲᠠᠢ ᠪᠥᠭᠡᠳ ᠪᠡᠶ᠎ᠡ ᠶᠢᠨ ᠭᠣᠭᠣᠵᠢᠳᠠᠰᠤ ᠨᠢ ᠴᠢᠰᠤ ᠪᠣᠯ᠂ ᠲᠡᠷᠡ ᠪᠡᠷ ᠳᠣᠯᠣᠭᠠᠨ ᠬᠣᠨᠣᠭ ᠰᠠᠷ᠎ᠠ ᠶᠢᠨ ᠲᠡᠮᠳᠡᠭ ᠦᠨ ᠢᠶᠠᠨ ᠴᠡᠪᠡᠷ ᠪᠤᠰᠤ ᠪᠠᠢᠳᠠᠯ ᠲᠠᠢ᠂ ᠲᠡᠭᠦᠨ ᠳᠦ ᠬᠦᠷᠦᠭᠰᠡᠨ ᠪᠦᠬᠦᠨ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 20 ᠲᠡᠭᠦᠨ ᠦ ᠰᠠᠷ᠎ᠠ ᠶᠢᠨ ᠲᠡᠮᠳᠡᠭ ᠦᠨ ᠬᠤᠭᠤᠴᠠᠭᠠᠨ ᠳᠤ᠂ ᠲᠡᠭᠦᠨ ᠦ ᠬᠡᠪᠲᠡᠭᠰᠡᠨ ᠠᠯᠢᠪᠠ ᠵᠦᠢᠯ ᠪᠤᠵᠠᠷ᠂ ᠳᠡᠭᠡᠷ᠎ᠡ ᠨᠢ ᠰᠠᠭᠤᠭᠰᠠᠨ ᠠᠯᠢᠪᠠ ᠵᠦᠢᠯ ᠴᠤ ᠪᠤᠵᠠᠷ ᠪᠠᠢᠬᠤ ᠪᠣᠯᠣᠨ᠎ᠠ᠃ 21 ᠣᠷᠣ ᠳᠤᠨᠢ ᠬᠦᠷᠦᠭᠰᠡᠨ ᠬᠥᠮᠦᠨ ᠪᠦᠬᠦᠨ ᠬᠤᠪᠴᠠᠰᠤ ᠪᠠᠨ ᠤᠬᠢᠶᠠᠵᠤ᠂ ᠤᠰᠤᠨ ᠳᠤ ᠪᠡᠶ᠎ᠡ ᠪᠡᠨ ᠤᠬᠢᠶᠠᠬᠤ ᠶᠣᠰᠣᠲᠠᠢ᠃ ᠲᠡᠷᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 22 ᠲᠡᠭᠦᠨ ᠦ ᠰᠠᠭᠤᠭᠰᠠᠨ ᠠᠯᠢᠪᠠ ᠵᠦᠢᠯ ᠳᠤ ᠬᠦᠷᠦᠭᠰᠡᠨ ᠬᠥᠮᠦᠨ ᠪᠦᠬᠦᠨ ᠬᠤᠪᠴᠠᠰᠤ ᠪᠠᠨ ᠤᠬᠢᠶᠠᠵᠤ᠂ ᠪᠡᠶ᠎ᠡ ᠪᠡᠨ ᠤᠰᠤᠨ ᠳᠤ ᠤᠬᠢᠶᠠᠬᠤ ᠶᠣᠰᠣᠲᠠᠢ᠃ ᠲᠡᠷᠡ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 23 ᠲᠡᠭᠦᠨ ᠦ ᠬᠡᠪᠲᠡᠭᠰᠡᠨ ᠣᠷᠣ᠂ ᠡᠰᠡᠪᠡᠯ ᠲᠡᠭᠦᠨ ᠦ ᠰᠠᠭᠤᠭᠰᠠᠨ ᠰᠠᠭᠤᠳᠠᠯ ᠳᠤ ᠬᠦᠷᠦᠭᠰᠡᠨ ᠬᠥᠮᠦᠨ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 24 ᠬᠡᠷᠪᠡ ᠡᠷ᠎ᠡ ᠬᠥᠮᠦᠨ ᠨᠥᠭᠥᠭᠡ ᠡᠮᠡᠭᠲᠡᠢ ᠲᠡᠢ ᠤᠨᠲᠠᠪᠠᠯ᠂ ᠡᠮᠡᠭᠲᠡᠢ ᠶᠢᠨ ᠴᠡᠪᠡᠷ ᠪᠤᠰᠤ ᠪᠠᠢᠳᠠᠯ ᠲᠡᠭᠦᠨ ᠳᠡᠭᠡᠷ᠎ᠡ ᠬᠦᠷᠬᠦ ᠪᠠ ᠲᠡᠷᠡ ᠡᠷᠡᠭᠲᠡᠢ ᠳᠣᠯᠣᠭᠠᠨ ᠬᠣᠨᠣᠭ ᠪᠤᠵᠠᠷ ᠪᠠᠢᠬᠤ ᠪᠣᠯᠣᠨ᠎ᠠ᠃ ᠲᠡᠷᠡ ᠡᠷᠡᠭᠲᠡᠢ ᠶᠢᠨ ᠬᠡᠪᠲᠡᠭᠰᠡᠨ ᠠᠯᠢᠪᠠ ᠣᠷᠣ ᠴᠤ ᠪᠤᠵᠠᠷ ᠪᠠᠢᠬᠤ ᠪᠣᠯᠣᠨ᠎ᠠ᠃

25 ᠬᠡᠷᠪᠡ ᠡᠮᠡᠭᠲᠡᠢ ᠬᠥᠮᠦᠨ ᠰᠠᠷ᠎ᠠ ᠶᠢᠨ ᠲᠡᠮᠳᠡᠭ ᠡᠴᠡ ᠪᠡᠨ ᠥᠭᠡᠷ᠎ᠡ ᠦᠶ᠎ᠡ ᠳᠦ ᠣᠯᠠᠨ ᠬᠣᠨᠣᠭ ᠴᠢᠰᠤᠨ ᠭᠣᠭᠣᠵᠢᠳᠠᠰᠤ ᠲᠠᠢ᠂ ᠡᠰᠡᠪᠡᠯ ᠲᠡᠷᠡ ᠬᠤᠭᠤᠴᠠᠭᠠᠨ ᠠᠴᠠ ᠴᠢᠨᠠᠭᠰᠢ ᠦᠷᠭᠦᠯᠵᠢᠯᠡᠨ ᠭᠣᠭᠣᠵᠢᠳᠠᠰᠤ ᠲᠠᠢ ᠪᠠᠢᠪᠠᠯ ᠪᠤᠵᠠᠷ ᠭᠣᠭᠣᠵᠢᠳᠠᠰᠤ ᠶᠢᠨ ᠢᠶᠠᠨ ᠪᠦᠬᠦ ᠡᠳᠦᠷ ᠤᠳ ᠢᠶᠠᠷ ᠲᠡᠷᠡ ᠡᠮᠡᠭᠲᠡᠢ ᠰᠠᠷ᠎ᠠ ᠶᠢᠨ ᠲᠡᠮᠳᠡᠭ ᠦᠨ ᠬᠤᠭᠤᠴᠠᠭᠠᠨ ᠤ ᠬᠢ ᠰᠢᠭ᠋ ᠢᠶᠠᠨ ᠪᠤᠵᠠᠷ ᠪᠠᠢᠬᠤ ᠪᠣᠯᠣᠨ᠎ᠠ᠃ 26 ᠭᠣᠭᠣᠵᠢᠳᠠᠰᠤ ᠶᠢᠨ ᠢᠶᠠᠨ ᠪᠦᠬᠦ ᠡᠳᠦᠷ ᠤᠳ ᠲᠤ ᠲᠡᠭᠦᠨ ᠦ ᠬᠡᠪᠲᠡᠭᠰᠡᠨ ᠠᠯᠢᠪᠠ ᠣᠷᠣ ᠰᠠᠷ᠎ᠠ ᠶᠢᠨ ᠲᠡᠮᠳᠡᠭ ᠦᠨ ᠬᠤᠭᠤᠴᠠᠭᠠᠨ ᠤ ᠬᠢᠨᠢ ᠠᠳᠠᠯᠢ ᠪᠤᠵᠠᠷ ᠪᠥᠭᠡᠳ ᠲᠡᠭᠦᠨ ᠦ ᠰᠠᠭᠤᠭᠰᠠᠨ ᠠᠯᠢᠪᠠ ᠰᠠᠭᠤᠳᠠᠯ ᠴᠤ ᠰᠠᠷ᠎ᠠ ᠶᠢᠨ ᠲᠡᠮᠳᠡᠭ ᠦᠨ ᠬᠤᠭᠤᠴᠠᠭᠠᠨ ᠤ ᠬᠢᠨᠢ ᠠᠳᠠᠯᠢ ᠪᠤᠵᠠᠷ ᠪᠠᠢᠬᠤ ᠪᠣᠯᠣᠨ᠎ᠠ᠃ 27 ᠡᠳᠡᠭᠡᠷ ᠵᠦᠢᠯ ᠳᠤ ᠬᠦᠷᠦᠭᠰᠡᠨ ᠬᠥᠮᠦᠨ ᠪᠣᠯᠭᠠᠨ ᠪᠤᠵᠠᠷ ᠪᠠᠢᠬᠤ ᠪᠣᠯᠣᠨ᠎ᠠ᠂ ᠲᠡᠷᠡ ᠬᠤᠪᠴᠠᠰᠤ ᠪᠠᠨ ᠤᠬᠢᠶᠠᠵᠤ᠂ ᠤᠰᠤᠨ ᠳᠤ ᠪᠡᠶ᠎ᠡ ᠪᠡᠨ ᠤᠬᠢᠶᠠᠬᠤ ᠶᠣᠰᠣᠲᠠᠢ᠂ ᠦᠳᠡᠰᠢ ᠪᠣᠯᠲᠠᠯ᠎ᠠ ᠪᠤᠵᠠᠷ ᠪᠠᠢᠬᠤ ᠪᠣᠯᠣᠨ᠎ᠠ᠃ 28 ᠲᠡᠷᠡ ᠡᠮᠡᠭᠲᠡᠢ ᠭᠣᠭᠣᠵᠢᠳᠠᠰᠤ ᠠᠴᠠ ᠪᠠᠨ ᠡᠳᠡᠭᠡᠷᠡᠵᠦ ᠴᠡᠪᠡᠷᠰᠢᠪᠡᠯ ᠳᠣᠯᠣᠭᠠᠨ ᠬᠣᠨᠣᠭ ᠬᠦᠯᠢᠶᠡᠬᠦ ᠪᠥᠭᠡᠳ ᠡᠭᠦᠨ ᠦ ᠳᠠᠷᠠᠭ᠎ᠠ ᠯᠠ ᠴᠡᠪᠡᠷ ᠪᠣᠯᠣᠨ᠎ᠠ᠃ 29 ᠨᠠᠢ᠌ᠮᠠᠳᠠᠬᠢ ᠡᠳᠦᠷ ᠲᠡᠷᠡ ᠪᠡᠷ ᠬᠣᠶᠠᠷ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ ᠶᠢ ᠠᠭᠤᠯᠵᠠᠯᠲᠠ ᠶᠢᠨ ᠮᠠᠢᠬᠠᠨ ᠤ ᠡᠭᠦᠳᠡᠨ ᠳᠦ ᠠᠪᠴᠢᠷᠠᠵᠤ ᠲᠠᠬᠢᠯᠴᠢ ᠳᠤ ᠥᠭᠭᠥᠨ᠎ᠡ᠃ 30 ᠲᠠᠬᠢᠯᠴᠢ ᠨᠢᠭᠡ ᠶᠢ ᠨᠢ ᠨᠢᠭᠦᠯ ᠦᠨ ᠲᠠᠬᠢᠯ᠂ ᠨᠥᠭᠥᠭᠡ ᠶᠢ ᠨᠢ ᠰᠢᠲᠠᠭᠠᠯᠭᠠᠲᠤ ᠲᠠᠬᠢᠯ ᠪᠣᠯᠭᠠᠨ ᠡᠷᠭᠦᠨ᠎ᠡ᠃ ᠡᠢᠨ ᠬᠦ ᠲᠠᠬᠢᠯᠴᠢ ᠲᠡᠷᠡ ᠡᠮᠡᠭᠲᠡᠢ ᠶᠢᠨ ᠲᠥᠯᠥᠭᠡ ᠪᠤᠵᠠᠷ ᠭᠣᠭᠣᠵᠢᠳᠠᠰᠤ ᠶᠢᠨ ᠬᠢᠨᠢ ᠤᠯᠠᠮ ᠠᠴᠠ ᠶᠣᠬᠣᠸᠠ ᠶᠢᠨ ᠡᠮᠦᠨ᠎ᠡ ᠬᠡᠯᠲᠦᠷᠢᠭᠦᠯᠦᠯᠭᠡ ᠶᠢ ᠬᠢᠬᠦ ᠪᠣᠯᠣᠨ᠎ᠠ᠃

31 ᠲᠠ ᠨᠠᠷ ᠲᠡᠢᠨ ᠬᠦ ᠢᠰᠷᠧᠯᠴᠦᠳ ᠢ ᠪᠤᠵᠠᠷ ᠠᠴᠠ ᠨᠢ ᠰᠠᠯᠭ᠎ᠠ᠃ ᠲᠡᠭᠡᠭᠰᠡᠨ ᠢᠶᠡᠷ ᠲᠡᠳᠡ ᠥᠪᠡᠷᠰᠡᠳ ᠦᠨ ᠢᠶᠠᠨ ᠳᠤᠮᠳᠠᠬᠢ ᠣᠷᠣᠰᠢᠬᠤᠢ ᠶᠢᠨ ᠴᠠᠴᠠᠷ ᠢ ᠮᠢᠨᠢ ᠪᠤᠵᠠᠷᠯᠠᠭᠰᠠᠨ ᠢᠶᠠᠷ ᠢᠶᠠᠨ ᠥᠪᠡᠷᠰᠡᠳ ᠦᠨ ᠢᠶᠠᠨ ᠪᠤᠵᠠᠷ ᠲᠤ ᠦᠬᠦᠬᠦ ᠦᠭᠡᠢ ᠪᠣᠯᠣᠨ᠎ᠠ》 ᠭᠡᠯ᠎ᠡ᠃

32 ᠡᠳᠡᠭᠡᠷ ᠨᠢ ᠭᠣᠭᠣᠵᠢᠳᠠᠰᠤ ᠲᠠᠢ ᠬᠥᠮᠦᠰ᠂ ᠲᠤᠬᠠᠢᠯᠠᠪᠠᠯ ᠦᠷ᠎ᠡ ᠶᠢᠨ ᠰᠢᠩᠭᠡᠨ ᠭᠠᠷᠭᠠᠭᠰᠠᠨ ᠪᠤᠵᠠᠷ ᠡᠷᠡᠭᠲᠡᠢ᠂ 33 ᠰᠠᠷ᠎ᠠ ᠶᠢᠨ ᠲᠡᠮᠳᠡᠭ ᠢᠷᠡᠭᠰᠡᠨ ᠪᠤᠵᠠᠷ ᠡᠮᠡᠭᠲᠡᠢ᠂ ᠮᠥᠨ ᠭᠣᠭᠣᠵᠢᠳᠠᠰᠤ ᠲᠠᠢ ᠡᠷᠡᠭᠲᠡᠢ᠂ ᠡᠰᠡᠪᠡᠯ ᠡᠮᠡᠭᠲᠡᠢ ᠬᠥᠮᠦᠨ᠂ ᠪᠠᠰᠠ ᠪᠤᠵᠠᠷ ᠡᠮᠡᠭᠲᠡᠢ ᠲᠡᠢ ᠤᠨᠲᠠᠭᠰᠠᠨ ᠡᠷᠡᠭᠲᠡᠢ ᠶᠢᠨ ᠰᠠᠬᠢᠬᠤ ᠬᠠᠤᠯᠢ ᠶᠤᠮ᠃