ᠯᠧᠸᠢ ᠠᠷᠪᠠᠨ ᠭᠤᠷᠪᠠ
ᠠᠷᠠᠰᠤᠨ ᠤ ᠬᠠᠯᠳᠠᠪᠤᠷᠢᠲᠤ ᠡᠪᠡᠳᠴᠢᠨ ᠤ ᠲᠤᠬᠠᠢ ᠲᠣᠭᠲᠠᠭᠠᠯ
1 ᠶᠣᠬᠣᠸᠠ ᠮᠣᠰᠧ᠂ ᠠᠷᠣᠨ ᠳᠤ ᠠᠢᠯᠠᠳᠤᠨ᠄ 2 《ᠬᠡᠷᠪᠡ ᠠᠷᠠᠰᠤᠨ ᠳᠡᠭᠡᠷ᠎ᠡ ᠭᠦᠪᠳᠦᠷᠦᠦ᠂ ᠶᠠᠷ᠎ᠠ᠂ ᠡᠰᠡᠪᠡᠯ ᠲᠣᠳᠣ ᠲᠣᠯᠪᠣ ᠭᠠᠷᠴᠤ᠂ ᠠᠷᠠᠰᠤᠨ ᠤ ᠬᠠᠯᠳᠠᠪᠤᠷᠢᠲᠤ ᠡᠪᠡᠳᠴᠢᠨ ᠤ ᠰᠢᠨᠵᠢ ᠢᠯᠡᠷᠡᠪᠡᠯ᠂ ᠲᠡᠭᠦᠨ ᠢ ᠲᠠᠬᠢᠯᠴᠢ ᠠᠷᠣᠨ ᠤᠷᠤᠭᠤ᠂ ᠡᠰᠡᠪᠡᠯ ᠲᠡᠭᠦᠨ ᠦ ᠲᠠᠬᠢᠯᠴᠢ ᠬᠥᠪᠡᠭᠦᠳ ᠦᠨ ᠨᠢᠭᠡᠨ ᠤᠷᠤᠭᠤ ᠠᠪᠴᠢᠷᠠ᠃ 3 ᠲᠠᠬᠢᠯᠴᠢ ᠠᠷᠠᠰᠤᠨ ᠤ ᠬᠢᠨᠢ ᠳᠡᠭᠡᠷᠡᠬᠢ ᠰᠢᠨᠵᠢ ᠶᠢ ᠦᠵᠡᠬᠦ ᠳᠦ᠂ ᠬᠡᠷᠪᠡ ᠰᠢᠷᠬ᠎ᠠ ᠲᠠᠢ ᠭᠠᠵᠠᠷ ᠳᠡᠭᠡᠷᠡᠬᠢ ᠦᠰᠦ ᠨᠢ ᠴᠠᠢᠭᠰᠠᠨ ᠪᠥᠭᠡᠳ ᠰᠢᠷᠬ᠎ᠠ ᠨᠢ ᠠᠷᠠᠰᠤᠨ ᠠᠴᠠ ᠬᠣᠲᠣᠢᠵᠤ ᠬᠠᠷᠠᠭᠳᠠᠵᠤ ᠪᠠᠢᠭ᠎ᠠ ᠪᠣᠯ᠂ ᠡᠨᠡ ᠨᠢ ᠠᠷᠠᠰᠤᠨ ᠤ ᠬᠠᠯᠳᠠᠪᠤᠷᠢᠲᠤ ᠡᠪᠡᠳᠴᠢᠨ ᠤ ᠰᠢᠨᠵᠢ ᠮᠥᠨ᠃ ᠲᠠᠬᠢᠯᠴᠢ ᠲᠡᠭᠦᠨ ᠢ ᠦᠵᠡᠭᠡᠳ ᠪᠤᠵᠠᠷᠲᠤᠭᠰᠠᠨ ᠭᠡᠵᠦ ᠵᠠᠷᠯᠠᠬᠤ ᠶᠣᠰᠣᠲᠠᠢ᠃ 4 ᠬᠡᠷᠪᠡ ᠠᠷᠠᠰᠤᠨ ᠤ ᠬᠢᠨᠢ ᠳᠡᠭᠡᠷᠡᠬᠢ ᠲᠣᠳᠣ ᠲᠣᠯᠪᠣ ᠨᠢ ᠴᠠᠭᠠᠨ ᠪᠣᠯᠪᠠᠴᠤ ᠠᠷᠠᠰᠤᠨ ᠠᠴᠠ ᠬᠣᠲᠣᠢᠵᠤ ᠬᠠᠷᠠᠭᠳᠠᠬᠤ ᠦᠭᠡᠢ᠂ ᠳᠡᠭᠡᠷᠡᠬᠢ ᠦᠰᠦ ᠨᠢ ᠴᠠᠢᠭᠠ ᠦᠭᠡᠢ ᠪᠠᠢᠪᠠᠯ ᠲᠠᠬᠢᠯᠴᠢ ᠡᠪᠡᠳᠴᠢᠲᠡᠨ ᠢ ᠳᠣᠯᠣᠭᠠᠨ ᠬᠣᠨᠣᠭ ᠢᠶᠠᠷ ᠬᠥᠯ ᠬᠣᠷᠢᠬᠤ ᠶᠣᠰᠣᠲᠠᠢ᠃ 5 ᠳᠣᠯᠣᠳᠠᠬᠢ ᠡᠳᠦᠷ ᠨᠢ ᠲᠠᠬᠢᠯᠴᠢ ᠲᠡᠭᠦᠨ ᠢ ᠦᠵᠡᠬᠦ ᠳᠦ᠂ ᠰᠢᠷᠬ᠎ᠠ ᠨᠢ ᠥᠭᠡᠷᠡᠴᠢᠯᠡᠭᠳᠡᠭᠡ ᠦᠭᠡᠢ᠂ ᠠᠷᠠᠰᠤᠨ ᠳᠡᠭᠡᠭᠦᠷ ᠲᠠᠷᠬᠠᠭ᠎ᠠ ᠦᠭᠡᠢ ᠪᠠᠢᠪᠠᠯ ᠲᠠᠬᠢᠯᠴᠢ ᠲᠡᠭᠦᠨ ᠢ ᠳᠠᠬᠢᠨ ᠳᠣᠯᠣᠭᠠᠨ ᠬᠣᠨᠣᠭ ᠢᠶᠠᠷ ᠬᠥᠯ ᠬᠣᠷᠢᠬᠤ ᠶᠣᠰᠣᠲᠠᠢ᠃ 6 ᠳᠣᠯᠣᠳᠠᠬᠢ ᠡᠳᠦᠷ ᠨᠢ ᠲᠠᠬᠢᠯᠴᠢ ᠳᠠᠬᠢᠨ ᠦᠵᠡᠬᠦ ᠳᠦ᠂ ᠬᠡᠷᠪᠡ ᠶᠠᠷ᠎ᠠ ᠪᠦᠳᠡᠭᠢᠷᠡᠵᠦ ᠠᠷᠠᠰᠤᠨ ᠳᠡᠭᠡᠭᠦᠷ ᠲᠠᠷᠬᠠᠭ᠎ᠠ ᠦᠭᠡᠢ ᠪᠠᠢᠭᠰᠠᠭᠠᠷ ᠪᠠᠢᠪᠠᠯ ᠡᠨᠡ ᠨᠢ ᠰᠢᠷᠬᠠᠨ ᠤ ᠲᠠᠪ ᠮᠥᠨ᠃ ᠲᠠᠬᠢᠯᠴᠢ ᠲᠡᠭᠦᠨ ᠢ ᠴᠡᠪᠡᠷ ᠭᠡᠵᠦ ᠵᠠᠷᠯᠠᠬᠤ ᠪᠥᠭᠡᠳ ᠲᠡᠷᠡ ᠬᠥᠮᠦᠨ ᠬᠤᠪᠴᠠᠰᠤ ᠪᠠᠨ ᠤᠬᠢᠶᠠᠵᠤ ᠴᠡᠪᠡᠷ ᠪᠣᠯᠣᠨ᠎ᠠ᠃ 7 ᠬᠠᠷᠢᠨ ᠲᠡᠷᠡ ᠬᠥᠮᠦᠨ ᠪᠡᠶ᠎ᠡ ᠪᠡᠨ ᠲᠠᠬᠢᠯᠴᠢ ᠳᠤ ᠦᠵᠡᠭᠦᠯᠵᠦ ᠴᠡᠪᠡᠷ ᠪᠣᠯᠣᠭᠰᠠᠨ ᠤ ᠳᠠᠷᠠᠭ᠎ᠠ᠂ ᠨᠥᠭᠥᠭᠡ ᠶᠠᠷ᠎ᠠ ᠠᠷᠠᠰᠤᠨ ᠳᠡᠭᠡᠭᠦᠷ ᠨᠢ ᠴᠢᠨᠠᠭᠰᠢ ᠲᠠᠷᠬᠠᠭᠰᠠᠨ ᠲᠣᠬᠢᠶᠠᠯᠳᠤᠯ ᠳᠤ᠂ ᠲᠡᠷᠡ ᠬᠥᠮᠦᠨ ᠲᠠᠬᠢᠯᠴᠢ ᠳᠤ ᠳᠠᠬᠢᠨ ᠦᠵᠡᠭᠦᠯᠬᠦ ᠶᠣᠰᠣᠲᠠᠢ᠃ 8 ᠲᠠᠬᠢᠯᠴᠢ ᠦᠵᠡᠬᠦ ᠳᠦ᠂ ᠬᠡᠷᠪᠡ ᠨᠥᠭᠥᠭᠡ ᠶᠠᠷ᠎ᠠ ᠠᠷᠠᠰᠤᠨ ᠳᠡᠭᠡᠭᠦᠷ ᠲᠠᠷᠬᠠᠭᠰᠠᠨ ᠪᠠᠢᠪᠠᠯ ᠡᠨᠡ ᠨᠢ ᠠᠷᠠᠰᠤᠨ ᠤ ᠬᠠᠯᠳᠠᠪᠤᠷᠢᠲᠤ ᠡᠪᠡᠳᠴᠢᠨ ᠮᠥᠨ᠃ ᠲᠠᠬᠢᠯᠴᠢ ᠲᠡᠭᠦᠨ ᠢ ᠪᠤᠵᠠᠷᠲᠤᠭᠰᠠᠨ ᠭᠡᠵᠦ ᠵᠠᠷᠯᠠᠨ᠎ᠠ᠃
9 ᠬᠡᠷᠪᠡ ᠬᠥᠮᠦᠨ ᠠᠷᠠᠰᠤᠨ ᠤ ᠬᠠᠯᠳᠠᠪᠤᠷᠢᠲᠤ ᠡᠪᠡᠳᠴᠢᠨ ᠲᠡᠢ ᠪᠠᠢᠪᠠᠯ᠂ ᠲᠡᠭᠦᠨ ᠢ ᠲᠠᠬᠢᠯᠴᠢ ᠤᠷᠤᠭᠤ ᠠᠪᠴᠢᠷᠠᠵᠤ 10 ᠦᠵᠡᠭᠦᠯᠬᠦ ᠶᠣᠰᠣᠲᠠᠢ᠃ ᠠᠷᠠᠰᠤᠨ ᠤ ᠬᠢᠨᠢ ᠳᠡᠭᠡᠷ᠎ᠡ ᠴᠠᠭᠠᠨ ᠭᠦᠪᠳᠦᠷᠦᠦ ᠭᠠᠷᠴᠤ ᠦᠰᠦ ᠨᠢ ᠴᠠᠢᠷᠠᠭᠰᠠᠨ᠂ ᠮᠥᠨ ᠭᠦᠪᠳᠦᠷᠦᠦ ᠳᠡᠭᠡᠷ᠎ᠡ ᠰᠢᠷᠬᠠᠯᠠᠭ᠎ᠠ ᠲᠠᠢ ᠮᠢᠬ᠎ᠠ ᠢᠯᠡ ᠭᠠᠷᠤᠭᠰᠠᠨ ᠲᠣᠬᠢᠶᠠᠯᠳᠤᠯ ᠳᠤ᠂ 11 ᠡᠨᠡ ᠨᠢ ᠠᠷᠠᠰᠤᠨ ᠤ ᠠᠷᠬᠠᠭ ᠬᠠᠯᠳᠠᠪᠤᠷᠢᠲᠤ ᠡᠪᠡᠳᠴᠢᠨ ᠮᠥᠨ᠃ ᠲᠠᠬᠢᠯᠴᠢ ᠲᠡᠭᠦᠨ ᠢ ᠪᠤᠵᠠᠷᠲᠤᠭᠰᠠᠨ ᠭᠡᠵᠦ ᠵᠠᠷᠯᠠᠬᠤ ᠪᠣᠯᠪᠠᠴᠤ ᠪᠤᠵᠠᠷᠲᠤᠭᠰᠠᠨ ᠢ ᠨᠢ ᠮᠡᠳᠡᠭᠰᠡᠨ ᠤᠴᠢᠷ ᠠᠴᠠ ᠲᠡᠭᠦᠨ ᠢ ᠰᠢᠯᠭᠠᠬᠤ ᠪᠠᠷ ᠬᠥᠯ ᠬᠣᠷᠢᠬᠤ ᠬᠡᠷᠡᠭ ᠦᠭᠡᠢ᠃ 12 ᠲᠠᠬᠢᠯᠴᠢ ᠦᠵᠡᠬᠦ ᠳᠦ ᠠᠷᠠᠰᠤᠨ ᠳᠡᠭᠡᠭᠦᠷ ᠨᠢ ᠠᠷᠠᠰᠤᠨ ᠤ ᠬᠠᠯᠳᠠᠪᠤᠷᠢᠲᠤ ᠡᠪᠡᠳᠴᠢᠨ ᠦᠨᠡᠬᠡᠷ ᠭᠠᠷᠴᠤ᠂ ᠲᠣᠯᠣᠭᠠᠢ ᠠᠴᠠ ᠨᠢ ᠠᠪᠤᠭᠠᠳ ᠬᠥᠯ ᠳᠦᠨᠢ ᠬᠦᠷᠲᠡᠯ᠎ᠡ ᠡᠪᠡᠳᠴᠢᠲᠡᠨ ᠦ ᠪᠦᠬᠦ ᠪᠡᠶ᠎ᠡ ᠶᠢ ᠪᠦᠷᠬᠦᠭᠰᠡᠨ ᠲᠣᠬᠢᠶᠠᠯᠳᠤᠯ ᠳᠤ᠂ 13 ᠲᠠᠬᠢᠯᠴᠢ ᠲᠡᠭᠦᠨ ᠢ ᠯᠠᠪᠯᠠᠬᠤ ᠶᠣᠰᠣᠲᠠᠢ᠃ ᠥᠨᠥᠬᠢ ᠠᠷᠠᠰᠤᠨ ᠤ ᠬᠠᠯᠳᠠᠪᠤᠷᠢᠲᠤ ᠡᠪᠡᠳᠴᠢᠨ ᠲᠡᠭᠦᠨ ᠦ ᠪᠦᠬᠦ ᠪᠡᠶ᠎ᠡ ᠶᠢ ᠦᠨᠡᠬᠡᠷ ᠪᠦᠷᠬᠦᠭᠰᠡᠨ ᠪᠠᠢᠪᠠᠯ ᠲᠡᠭᠦᠨ ᠢ ᠴᠡᠪᠡᠷ ᠭᠡᠵᠦ ᠵᠠᠷᠯᠠᠬᠤ ᠶᠣᠰᠣᠲᠠᠢ᠃ ᠪᠦᠬᠦ ᠪᠡᠶ᠎ᠡ ᠨᠢ ᠴᠠᠢᠷᠠᠭᠰᠠᠨ ᠪᠣᠯᠬᠣᠷ ᠲᠡᠷᠡ ᠴᠡᠪᠡᠷ ᠪᠣᠯᠣᠭᠰᠠᠨ ᠶᠤᠮ᠃ 14 ᠬᠠᠷᠢᠨ ᠰᠢᠷᠬᠠᠯᠠᠭ᠎ᠠ ᠲᠠᠢ ᠮᠢᠬ᠎ᠠ ᠢᠯᠡ ᠭᠠᠷᠬᠤ ᠲᠣᠬᠢᠶᠠᠯᠳᠤᠯ ᠪᠦᠷᠢ ᠳᠤ᠂ ᠲᠡᠷᠡ ᠪᠡᠷ ᠪᠤᠵᠠᠷᠲᠤᠭᠰᠠᠨ ᠪᠠᠢᠬᠤ ᠪᠣᠯᠣᠨ᠎ᠠ᠃ 15 ᠲᠠᠬᠢᠯᠴᠢ ᠲᠡᠷᠡ ᠰᠢᠷᠬᠠᠯᠠᠭ᠎ᠠ ᠲᠠᠢ ᠮᠢᠬ᠎ᠠ ᠶᠢ ᠰᠢᠯᠭᠠᠬᠤ ᠪᠥᠭᠡᠳ ᠰᠢᠷᠬᠠᠯᠠᠭ᠎ᠠ ᠲᠠᠢ ᠮᠢᠬ᠎ᠠ ᠪᠤᠵᠠᠷ ᠪᠣᠯᠬᠣᠷ ᠲᠡᠭᠦᠨ ᠢ ᠪᠤᠵᠠᠷᠲᠤᠭᠰᠠᠨ ᠭᠡᠵᠦ ᠵᠠᠷᠯᠠᠬᠤ ᠶᠣᠰᠣᠲᠠᠢ᠃ ᠡᠨᠡ ᠨᠢ ᠠᠷᠠᠰᠤᠨ ᠤ ᠬᠠᠯᠳᠠᠪᠤᠷᠢᠲᠤ ᠡᠪᠡᠳᠴᠢᠨ ᠮᠥᠨ᠃ 16 ᠬᠡᠷᠪᠡ ᠥᠨᠥᠬᠢ ᠰᠢᠷᠬᠠᠯᠠᠭ᠎ᠠ ᠲᠠᠢ ᠮᠢᠬ᠎ᠠ ᠨᠢ ᠡᠷᠭᠢᠵᠦ ᠴᠠᠢᠷᠠᠭᠰᠠᠨ ᠪᠠᠢᠪᠠᠯ ᠲᠡᠷᠡ ᠬᠥᠮᠦᠨ ᠲᠠᠬᠢᠯᠴᠢ ᠳᠤ ᠣᠴᠢᠵᠤ ᠪᠣᠯᠣᠨ᠎ᠠ᠃ 17 ᠲᠠᠬᠢᠯᠴᠢ ᠲᠡᠭᠦᠨ ᠢ ᠦᠵᠡᠬᠦ ᠳᠦ᠂ ᠰᠢᠷᠬ᠎ᠠ ᠨᠢ ᠦᠨᠡᠬᠡᠷ ᠴᠠᠢᠷᠠᠭᠰᠠᠨ ᠪᠠᠢᠪᠠᠯ ᠲᠠᠬᠢᠯᠴᠢ ᠡᠪᠡᠳᠴᠢᠲᠡᠨ ᠢ ᠴᠡᠪᠡᠷ ᠭᠡᠵᠦ ᠵᠠᠷᠯᠠᠬᠤ ᠪᠥᠭᠡᠳ ᠲᠡᠷᠡ ᠪᠡᠷ ᠴᠡᠪᠡᠷ ᠪᠣᠯᠣᠨ᠎ᠠ᠃
18 ᠬᠡᠷᠪᠡ ᠬᠥᠮᠦᠨ ᠦ ᠠᠷᠠᠰᠤᠨ ᠳᠡᠭᠡᠷ᠎ᠡ ᠬᠠᠲᠠᠭᠢ ᠭᠠᠷᠤᠭᠠᠳ ᠡᠳᠡᠭᠡᠭᠰᠡᠨ ᠦ ᠳᠠᠷᠠᠭ᠎ᠠ᠂ 19 ᠬᠠᠲᠠᠭᠢᠨ ᠤ ᠣᠷᠣᠮ ᠳᠡᠭᠡᠷ᠎ᠡ ᠴᠠᠭᠠᠨ ᠭᠦᠪᠳᠦᠷᠦᠦ᠂ ᠡᠰᠡᠪᠡᠯ ᠴᠠᠢᠪᠤᠷ ᠶᠠᠭᠠᠨ᠂ ᠲᠣᠳᠣ ᠥᠩᠭᠡᠲᠡᠢ ᠲᠣᠯᠪᠣ ᠭᠠᠷᠪᠠᠯ ᠲᠡᠷᠡ ᠬᠥᠮᠦᠨ ᠡᠭᠦᠨ ᠢ ᠲᠠᠬᠢᠯᠴᠢ ᠳᠤ ᠦᠵᠡᠭᠦᠯᠬᠦ ᠶᠣᠰᠣᠲᠠᠢ᠃ 20 ᠲᠠᠬᠢᠯᠴᠢ ᠦᠵᠡᠬᠦ ᠳᠦ᠂ ᠰᠢᠷᠬ᠎ᠠ ᠲᠠᠢ ᠭᠠᠵᠠᠷ ᠨᠢ ᠠᠷᠠᠰᠤᠨ ᠠᠴᠠ ᠬᠣᠲᠣᠢᠵᠤ ᠬᠠᠷᠠᠭᠳᠠᠨ ᠳᠡᠭᠡᠷᠡᠬᠢ ᠦᠰᠦ ᠨᠢ ᠴᠠᠢᠷᠠᠭᠰᠠᠨ ᠪᠠᠢᠪᠠᠯ ᠲᠠᠬᠢᠯᠴᠢ ᠲᠡᠭᠦᠨ ᠢ ᠪᠤᠵᠠᠷᠲᠤᠭᠰᠠᠨ ᠭᠡᠵᠦ ᠵᠠᠷᠯᠠᠬᠤ ᠪᠣᠯᠣᠨ᠎ᠠ᠃ ᠡᠨᠡ ᠨᠢ ᠬᠠᠲᠠᠭᠢ ᠶᠢᠨ ᠣᠷᠣᠮ ᠳᠤ ᠭᠠᠷᠤᠭᠰᠠᠨ ᠠᠷᠠᠰᠤᠨ ᠤ ᠬᠠᠯᠳᠠᠪᠤᠷᠢᠲᠤ ᠡᠪᠡᠳᠴᠢᠨ ᠮᠥᠨ᠃ 21 ᠲᠠᠬᠢᠯᠴᠢ ᠦᠵᠡᠬᠦ ᠳᠦ᠂ ᠰᠢᠷᠬᠠᠲᠤᠭᠰᠠᠨ ᠭᠠᠵᠠᠷ ᠳᠠᠬᠢ ᠦᠰᠦ ᠴᠠᠢᠷᠠᠭᠠ ᠦᠭᠡᠢ ᠪᠥᠭᠡᠳ ᠲᠡᠷᠡ ᠭᠠᠵᠠᠷ ᠠᠷᠠᠰᠤᠨ ᠠᠴᠠ ᠨᠢ ᠬᠣᠲᠣᠢᠵᠤ ᠬᠠᠷᠠᠭᠳᠠᠬᠤ ᠦᠭᠡᠢ᠂ ᠥᠩᠭᠡ ᠨᠢ ᠪᠦᠳᠡᠭᠢᠷᠡᠭᠰᠡᠨ ᠪᠠᠢᠪᠠᠯ ᠲᠠᠬᠢᠯᠴᠢ ᠲᠡᠭᠦᠨ ᠢ ᠳᠣᠯᠣᠭᠠᠨ ᠬᠣᠨᠣᠭ ᠢᠶᠠᠷ ᠬᠥᠯ ᠬᠣᠷᠢᠨ᠎ᠠ᠃ 22 ᠲᠡᠭᠡᠬᠦ ᠳᠦ ᠰᠢᠷᠬ᠎ᠠ ᠨᠢ ᠠᠷᠠᠰᠤᠨ ᠳᠡᠭᠡᠭᠦᠷ ᠨᠢ ᠲᠠᠷᠬᠠᠭᠰᠠᠭᠠᠷ ᠪᠠᠢᠪᠠᠯ ᠲᠠᠬᠢᠯᠴᠢ ᠲᠡᠭᠦᠨ ᠢ ᠪᠤᠵᠠᠷᠲᠤᠭᠰᠠᠨ ᠭᠡᠵᠦ ᠵᠠᠷᠯᠠᠬᠤ ᠶᠣᠰᠣᠲᠠᠢ᠃ ᠡᠨᠡ ᠨᠢ ᠡᠪᠡᠳᠴᠢᠨ ᠮᠥᠨ᠃ 23 ᠬᠠᠷᠢᠨ ᠲᠣᠳᠣ ᠲᠣᠯᠪᠣ ᠪᠠᠢᠷᠢᠨ ᠳᠠᠭᠠᠨ ᠦᠯᠡᠳᠡᠨ᠂ ᠲᠠᠷᠬᠠᠭ᠎ᠠ ᠦᠭᠡᠢ ᠪᠠᠢᠪᠠᠯ ᠡᠨᠡ ᠨᠢ ᠵᠥᠪᠬᠡᠨ ᠬᠠᠲᠠᠭᠢ ᠶᠢᠨ ᠰᠣᠷᠪᠢ ᠮᠥᠨ᠃ ᠲᠠᠬᠢᠯᠴᠢ ᠲᠡᠭᠦᠨ ᠢ ᠴᠡᠪᠡᠷ ᠭᠡᠵᠦ ᠵᠠᠷᠯᠠᠨ᠎ᠠ᠃
24 ᠬᠡᠷᠪᠡ ᠬᠥᠮᠦᠨ ᠦ ᠪᠡᠶ᠎ᠡ ᠭᠠᠯ ᠳᠤ ᠲᠦᠯᠡᠭᠳᠡᠵᠦ᠂ ᠲᠦᠯᠡᠩᠬᠡᠢ ᠶᠢᠨ ᠰᠢᠷᠬᠠᠯᠠᠭ᠎ᠠ ᠲᠠᠢ ᠮᠢᠬᠠᠨ ᠳᠡᠭᠡᠷ᠎ᠡ ᠲᠣᠳᠣ ᠴᠠᠢᠪᠤᠷ ᠶᠠᠭᠠᠨ᠂ ᠡᠰᠡᠪᠡᠯ ᠴᠠᠭᠠᠨ ᠲᠣᠯᠪᠣ ᠭᠠᠷᠪᠠᠯ 25 ᠲᠠᠬᠢᠯᠴᠢ ᠳᠤ ᠦᠵᠡᠭᠦᠯᠬᠦ ᠶᠣᠰᠣᠲᠠᠢ᠃ ᠲᠣᠯᠪᠣ ᠳᠡᠭᠡᠷᠡᠬᠢ ᠦᠰᠦ ᠨᠢ ᠴᠠᠢᠷᠠᠭᠰᠠᠨ ᠪᠠ ᠲᠣᠯᠪᠣ ᠨᠢ ᠠᠷᠠᠰᠤᠨ ᠠᠴᠠ ᠬᠣᠲᠣᠢᠵᠤ ᠬᠠᠷᠠᠭᠳᠠᠬᠤ ᠲᠣᠬᠢᠶᠠᠯᠳᠤᠯ ᠳᠤ᠂ ᠲᠦᠯᠡᠭᠳᠡᠯᠲᠡ ᠳᠡᠭᠡᠷ᠎ᠡ ᠭᠠᠷᠤᠭᠰᠠᠨ ᠠᠷᠠᠰᠤᠨ ᠤ ᠬᠠᠯᠳᠠᠪᠤᠷᠢᠲᠤ ᠡᠪᠡᠳᠴᠢᠨ ᠮᠥᠨ᠃ ᠠᠷᠠᠰᠤᠨ ᠤ ᠬᠠᠯᠳᠠᠪᠤᠷᠢᠲᠤ ᠡᠪᠡᠳᠴᠢᠨ ᠤ ᠰᠢᠷᠬ᠎ᠠ ᠮᠥᠨ ᠪᠣᠯᠬᠣᠷ ᠲᠠᠬᠢᠯᠴᠢ ᠲᠡᠭᠦᠨ ᠢ ᠪᠤᠵᠠᠷᠲᠤᠭᠰᠠᠨ ᠭᠡᠵᠦ ᠵᠠᠷᠯᠠᠬᠤ ᠶᠣᠰᠣᠲᠠᠢ᠃ 26 ᠬᠠᠷᠢᠨ ᠲᠠᠬᠢᠯᠴᠢ ᠦᠵᠡᠬᠦ ᠳᠦ᠂ ᠲᠣᠯᠪᠣ ᠳᠡᠭᠡᠷ᠎ᠡ ᠴᠠᠭᠠᠨ ᠦᠰᠦ ᠦᠨᠡᠬᠡᠷ ᠪᠠᠢᠬᠤ ᠦᠭᠡᠢ᠂ ᠲᠡᠷᠡ ᠭᠠᠵᠠᠷ ᠠᠷᠠᠰᠤᠨ ᠠᠴᠠ ᠬᠣᠲᠣᠢᠵᠤ ᠬᠠᠷᠠᠭᠳᠠᠬᠤ ᠦᠭᠡᠢ᠂ ᠥᠩᠭᠡ ᠨᠢ ᠪᠦᠳᠡᠭᠢᠷᠡᠭᠰᠡᠨ ᠪᠠᠢᠪᠠᠯ ᠲᠠᠬᠢᠯᠴᠢ ᠲᠡᠷᠡ ᠬᠥᠮᠦᠨ ᠢ ᠳᠣᠯᠣᠭᠠᠨ ᠬᠣᠨᠣᠭ ᠢᠶᠠᠷ ᠬᠥᠯ ᠬᠣᠷᠢᠨ᠎ᠠ᠃ 27 ᠳᠣᠯᠣᠳᠠᠬᠢ ᠡᠳᠦᠷ ᠨᠢ ᠲᠠᠬᠢᠯᠴᠢ ᠲᠡᠭᠦᠨ ᠢ ᠦᠵᠡᠬᠦ ᠳᠦ᠂ ᠲᠣᠯᠪᠣ ᠠᠷᠠᠰᠤᠨ ᠳᠡᠭᠡᠭᠦᠷ ᠨᠢ ᠲᠠᠷᠬᠠᠭᠰᠠᠭᠠᠷ ᠪᠠᠢᠪᠠᠯ ᠲᠠᠬᠢᠯᠴᠢ ᠲᠡᠭᠦᠨ ᠢ ᠪᠤᠵᠠᠷᠲᠤᠭᠰᠠᠨ ᠭᠡᠵᠦ ᠵᠠᠷᠯᠠᠬᠤ ᠶᠣᠰᠣᠲᠠᠢ᠃ ᠡᠨᠡ ᠨᠢ ᠠᠷᠠᠰᠤᠨ ᠤ ᠬᠠᠯᠳᠠᠪᠤᠷᠢᠲᠤ ᠡᠪᠡᠳᠴᠢᠨ ᠮᠥᠨ᠃ 28 ᠬᠠᠷᠢᠨ ᠲᠣᠯᠪᠣ ᠪᠠᠢᠷᠢᠨ ᠳᠠᠭᠠᠨ ᠦᠯᠡᠳᠡᠨ᠂ ᠠᠷᠠᠰᠤᠨ ᠳᠡᠭᠡᠭᠦᠷ ᠨᠢ ᠲᠠᠷᠬᠠᠯ ᠦᠭᠡᠢ᠂ ᠥᠩᠭᠡ ᠨᠢ ᠪᠦᠳᠡᠭᠢᠷᠡᠭᠰᠡᠨ ᠪᠠᠢᠬᠤ ᠲᠣᠬᠢᠶᠠᠯᠳᠤᠯ ᠳᠤ᠂ ᠡᠨᠡ ᠨᠢ ᠲᠦᠯᠡᠭᠳᠡᠯᠲᠡ ᠶᠢᠨ ᠭᠦᠪᠳᠦᠷᠦᠦ ᠮᠥᠨ᠃ ᠡᠨᠡ ᠨᠢ ᠵᠥᠪᠬᠡᠨ ᠲᠦᠯᠡᠭᠳᠡᠯᠲᠡ ᠶᠢᠨ ᠰᠣᠷᠪᠢ ᠪᠣᠯᠬᠣᠷ ᠲᠠᠬᠢᠯᠴᠢ ᠲᠡᠭᠦᠨ ᠢ ᠴᠡᠪᠡᠷ ᠭᠡᠵᠦ ᠵᠠᠷᠯᠠᠨ᠎ᠠ᠃
29 ᠬᠡᠷᠪᠡ ᠡᠷᠡᠭᠲᠡᠢ᠂ ᠡᠰᠡᠪᠡᠯ ᠡᠮᠡᠭᠲᠡᠢ ᠬᠥᠮᠦᠨ ᠲᠣᠯᠣᠭᠠᠢ ᠪᠤᠶᠤ ᠡᠷᠡᠦ ᠳᠡᠭᠡᠨ ᠶᠠᠷ᠎ᠠ ᠰᠢᠷᠬ᠎ᠠ ᠲᠠᠢ ᠪᠠᠢᠪᠠᠯ 30 ᠲᠠᠬᠢᠯᠴᠢ ᠳᠤ ᠦᠵᠡᠭᠦᠯᠬᠦ ᠶᠣᠰᠣᠲᠠᠢ᠃ ᠶᠠᠷ᠎ᠠ ᠰᠢᠷᠬ᠎ᠠ ᠨᠢ ᠠᠷᠠᠰᠤᠨ ᠠᠴᠠ ᠨᠢ ᠬᠣᠲᠣᠢᠵᠤ ᠬᠠᠷᠠᠭᠳᠠᠨ ᠲᠡᠭᠦᠨ ᠳᠡᠭᠡᠷ᠎ᠡ ᠨᠠᠷᠢᠬᠠᠨ ᠰᠢᠷᠠᠪᠲᠤᠷ ᠦᠰᠦ ᠲᠠᠢ ᠪᠣᠯ ᠲᠠᠬᠢᠯᠴᠢ ᠲᠡᠷᠡ ᠬᠥᠮᠦᠨ ᠢ ᠪᠤᠵᠠᠷᠲᠤᠭᠰᠠᠨ ᠭᠡᠵᠦ ᠵᠠᠷᠯᠠᠬᠤ ᠶᠣᠰᠣᠲᠠᠢ᠃ ᠡᠨᠡ ᠨᠢ ᠬᠠᠮᠠᠭᠤ ᠪᠥᠭᠡᠳ ᠲᠣᠯᠣᠭᠠᠢ ᠪᠤᠶᠤ ᠡᠷᠡᠦ ᠳᠡᠭᠡᠷᠡᠬᠢ ᠠᠷᠠᠰᠤᠨ ᠤ ᠬᠠᠯᠳᠠᠪᠤᠷᠢᠲᠤ ᠡᠪᠡᠳᠴᠢᠨ ᠤ ᠰᠢᠷᠬ᠎ᠠ ᠮᠥᠨ᠃ 31 ᠬᠠᠷᠢᠨ ᠲᠠᠬᠢᠯᠴᠢ ᠬᠠᠮᠠᠭᠤᠨ ᠤ ᠰᠢᠷᠬ᠎ᠠ ᠶᠢ ᠦᠵᠡᠬᠦ ᠳᠦ᠂ ᠠᠷᠠᠰᠤᠨ ᠠᠴᠠ ᠨᠢ ᠬᠣᠲᠣᠢᠵᠤ ᠬᠠᠷᠠᠭᠳᠠᠬᠤ ᠦᠭᠡᠢ᠂ ᠲᠡᠭᠦᠨ ᠳᠡᠭᠡᠷ᠎ᠡ ᠬᠠᠷ᠎ᠠ ᠦᠰᠦ ᠪᠠᠢᠬᠤ ᠦᠭᠡᠢ ᠪᠠᠢᠪᠠᠯ᠂ ᠲᠠᠬᠢᠯᠴᠢ ᠬᠠᠮᠠᠭᠤᠨ ᠤ ᠰᠢᠷᠬ᠎ᠠ ᠲᠠᠢ ᠬᠥᠮᠦᠨ ᠢ ᠳᠣᠯᠣᠭᠠᠨ ᠬᠣᠨᠣᠭ ᠢᠶᠠᠷ ᠬᠥᠯ ᠬᠣᠷᠢᠬᠤ ᠶᠣᠰᠣᠲᠠᠢ᠃ 32 ᠳᠣᠯᠣᠳᠠᠬᠢ ᠡᠳᠦᠷ ᠨᠢ ᠲᠠᠬᠢᠯᠴᠢ ᠦᠵᠡᠬᠦ ᠳᠦ ᠬᠠᠮᠠᠭᠤ ᠨᠢ ᠦᠨᠡᠬᠡᠷ ᠲᠠᠷᠬᠠᠭ᠎ᠠ ᠦᠭᠡᠢ᠂ ᠲᠡᠭᠦᠨ ᠳᠡᠭᠡᠷ᠎ᠡ ᠰᠢᠷᠠᠪᠲᠤᠷ ᠦᠰᠦ ᠴᠤ ᠦᠭᠡᠢ᠂ ᠮᠥᠨ ᠲᠡᠷᠡ ᠭᠠᠵᠠᠷ ᠨᠢ ᠠᠷᠠᠰᠤᠨ ᠠᠴᠠ ᠨᠢ ᠬᠣᠲᠣᠢᠵᠤ ᠬᠠᠷᠠᠭᠳᠠᠬᠤ ᠦᠭᠡᠢ ᠲᠣᠬᠢᠶᠠᠯᠳᠤᠯ ᠳᠤ᠂ 33 ᠲᠡᠷᠡ ᠬᠥᠮᠦᠨ ᠬᠠᠮᠠᠭᠤ ᠲᠠᠢ ᠭᠠᠵᠠᠷ ᠢ ᠬᠤᠰᠤᠯ ᠦᠭᠡᠢ ᠪᠠᠷ ᠦᠰᠦ ᠪᠡᠨ ᠬᠤᠰᠤᠬᠤ ᠪᠥᠭᠡᠳ ᠲᠠᠬᠢᠯᠴᠢ ᠬᠠᠮᠠᠭᠤ ᠲᠠᠢ ᠬᠥᠮᠦᠨ ᠢ ᠳᠠᠬᠢᠨ ᠳᠣᠯᠣᠭᠠᠨ ᠬᠣᠨᠣᠭ ᠢᠶᠠᠷ ᠬᠥᠯ ᠬᠣᠷᠢᠨ᠎ᠠ᠃ 34 ᠳᠣᠯᠣᠳᠠᠬᠢ ᠡᠳᠦᠷ ᠨᠢ ᠲᠠᠬᠢᠯᠴᠢ ᠦᠵᠡᠬᠦ ᠳᠦ᠂ ᠬᠠᠮᠠᠭᠤ ᠠᠷᠠᠰᠤᠨ ᠳᠡᠭᠡᠭᠦᠷ ᠨᠢ ᠲᠠᠷᠬᠠᠭ᠎ᠠ ᠦᠭᠡᠢ᠂ ᠠᠷᠠᠰᠤᠨ ᠠᠴᠠ ᠨᠢ ᠬᠣᠲᠣᠢᠵᠤ ᠬᠠᠷᠠᠭᠳᠠᠬᠤ ᠦᠭᠡᠢ ᠪᠠᠢᠪᠠᠯ ᠲᠠᠬᠢᠯᠴᠢ ᠲᠡᠭᠦᠨ ᠢ ᠴᠡᠪᠡᠷ ᠭᠡᠵᠦ ᠵᠠᠷᠯᠠᠨ᠎ᠠ᠃ ᠲᠡᠷᠡ ᠬᠥᠮᠦᠨ ᠬᠤᠪᠴᠠᠰᠤ ᠪᠠᠨ ᠤᠬᠢᠶᠠᠬᠤ ᠪᠥᠭᠡᠳ ᠴᠡᠪᠡᠷ ᠪᠣᠯᠣᠨ᠎ᠠ᠃ 35 ᠬᠠᠷᠢᠨ ᠴᠡᠪᠡᠷ ᠭᠡᠵᠦ ᠵᠠᠷᠯᠠᠭᠰᠠᠨ ᠤ ᠳᠠᠷᠠᠭ᠎ᠠ᠂ ᠨᠥᠭᠥᠭᠡ ᠬᠠᠮᠠᠭᠤ ᠠᠷᠠᠰᠤᠨ ᠳᠡᠭᠡᠭᠦᠷ ᠨᠢ ᠲᠠᠷᠬᠠᠭᠰᠠᠭᠠᠷ ᠪᠠᠢᠬᠤ ᠲᠣᠬᠢᠶᠠᠯᠳᠤᠯ ᠳᠤ᠂ 36 ᠲᠠᠬᠢᠯᠴᠢ ᠳᠤ ᠦᠵᠡᠭᠦᠯᠬᠦ ᠶᠣᠰᠣᠲᠠᠢ᠃ ᠬᠠᠮᠠᠭᠤ ᠨᠢ ᠠᠷᠠᠰᠤᠨ ᠳᠡᠭᠡᠭᠦᠷ ᠨᠢ ᠲᠠᠷᠬᠠᠭᠰᠠᠨ ᠪᠣᠯ᠂ ᠲᠠᠬᠢᠯᠴᠢ ᠰᠢᠷᠠᠪᠲᠤᠷ ᠦᠰᠦ ᠶᠢ ᠬᠠᠢᠬᠤ ᠴᠤ ᠱᠠᠭᠠᠷᠳᠠᠯᠭ᠎ᠠ ᠦᠭᠡᠢ᠃ ᠲᠡᠷᠡ ᠬᠥᠮᠦᠨ ᠪᠤᠵᠠᠷᠲᠤᠭᠰᠠᠨ ᠪᠠᠢᠨ᠎ᠠ᠃ 37 ᠬᠠᠷᠢᠨ ᠲᠠᠬᠢᠯᠴᠢ ᠦᠵᠡᠬᠦ ᠳᠦ᠂ ᠬᠠᠮᠠᠭᠤ ᠪᠠᠢᠷᠢᠨ ᠳᠠᠭᠠᠨ ᠪᠠᠢᠭᠰᠠᠭᠠᠷ ᠲᠡᠭᠦᠨ ᠦ ᠳᠡᠭᠡᠷ᠎ᠡ ᠬᠠᠷ᠎ᠠ ᠦᠰᠦ ᠤᠷᠭᠤᠭᠰᠠᠨ ᠲᠣᠬᠢᠶᠠᠯᠳᠤᠯ ᠳᠤ᠂ ᠬᠠᠮᠠᠭᠤ ᠨᠢ ᠡᠳᠡᠭᠡᠷᠡᠭᠰᠡᠨ ᠪᠠᠢᠨ᠎ᠠ᠂ ᠲᠡᠷᠡ ᠬᠥᠮᠦᠨ ᠴᠡᠪᠡᠷ ᠶᠤᠮ᠃ ᠲᠠᠬᠢᠯᠴᠢ ᠲᠡᠭᠦᠨ ᠢ ᠴᠡᠪᠡᠷ ᠭᠡᠵᠦ ᠵᠠᠷᠯᠠᠨ᠎ᠠ᠃
38 ᠬᠡᠷᠪᠡ ᠡᠷᠡᠭᠲᠡᠢ᠂ ᠡᠰᠡᠪᠡᠯ ᠡᠮᠡᠭᠲᠡᠢ ᠬᠥᠮᠦᠨ ᠠᠷᠠᠰᠤᠨ ᠳᠡᠭᠡᠷ᠎ᠡ ᠪᠡᠨ ᠴᠠᠭᠠᠨ ᠲᠣᠯᠪᠣ ᠲᠠᠢ ᠪᠠᠢᠪᠠᠯ᠂ 39 ᠲᠠᠬᠢᠯᠴᠢ ᠳᠤ ᠦᠵᠡᠭᠦᠯᠬᠦ ᠶᠣᠰᠣᠲᠠᠢ᠃ ᠬᠡᠷᠪᠡ ᠠᠷᠠᠰᠤᠨ ᠳᠡᠭᠡᠷᠡᠬᠢ ᠲᠣᠯᠪᠣ ᠨᠢ ᠪᠦᠳᠡᠭᠢ ᠴᠠᠭᠠᠨ ᠪᠠᠢᠪᠠᠯ ᠡᠨᠡ ᠨᠢ ᠵᠥᠪᠬᠡᠨ ᠠᠷᠠᠰᠤᠨ ᠳᠡᠭᠡᠷ᠎ᠡ ᠭᠠᠷᠤᠭᠰᠠᠨ ᠢᠯᠢᠳᠦ ᠮᠥᠨ᠃ ᠲᠡᠷᠡ ᠬᠥᠮᠦᠨ ᠴᠡᠪᠡᠷ ᠪᠠᠢᠨ᠎ᠠ᠃
40 ᠬᠥᠮᠦᠨ ᠦ ᠭᠡᠵᠢᠭᠡ ᠤᠨᠠᠵᠤ ᠬᠠᠯᠵᠠᠨ ᠪᠣᠯᠬᠤ ᠲᠣᠬᠢᠶᠠᠯᠳᠤᠯ ᠳᠤ᠂ ᠲᠡᠷᠡ ᠬᠥᠮᠦᠨ ᠴᠡᠪᠡᠷ ᠶᠤᠮ᠃ 41 ᠲᠡᠭᠦᠨ ᠦ ᠲᠣᠯᠣᠭᠠᠢ ᠡᠮᠦᠨ᠎ᠡ ᠡᠴᠡ ᠪᠡᠨ ᠬᠠᠯᠵᠠᠷᠠᠵᠤ ᠮᠠᠩᠨᠠᠢ ᠨᠢ ᠬᠠᠯᠵᠠᠨ ᠪᠣᠯᠣᠭᠰᠠᠨ ᠴᠤ ᠴᠡᠪᠡᠷ ᠶᠤᠮ᠃ 42 ᠬᠠᠷᠢᠨ ᠬᠠᠯᠵᠠᠨ ᠲᠣᠯᠣᠭᠠᠢ ᠶᠢᠨ ᠬᠢᠨᠢ ᠣᠷᠣᠢ᠂ ᠡᠰᠡᠪᠡᠯ ᠬᠠᠯᠵᠠᠨ ᠮᠠᠩᠨᠠᠢ ᠳᠡᠭᠡᠷ᠎ᠡ ᠨᠢ ᠴᠠᠢᠪᠤᠷ ᠶᠠᠭᠠᠨ ᠶᠠᠷ᠎ᠠ ᠰᠢᠷᠬ᠎ᠠ ᠪᠤᠢ ᠪᠣᠯᠬᠤ ᠲᠣᠬᠢᠶᠠᠯᠳᠤᠯ ᠳᠤ᠂ ᠡᠨᠡ ᠨᠢ ᠬᠠᠯᠵᠠᠨ ᠲᠣᠯᠣᠭᠠᠢ᠂ ᠡᠰᠡᠪᠡᠯ ᠬᠠᠯᠵᠠᠨ ᠮᠠᠩᠨᠠᠢ ᠳᠡᠭᠡᠷ᠎ᠡ ᠭᠠᠷᠤᠭᠰᠠᠨ ᠠᠷᠠᠰᠤᠨ ᠤ ᠬᠠᠯᠳᠠᠪᠤᠷᠢᠲᠤ ᠡᠪᠡᠳᠴᠢᠨ ᠮᠥᠨ᠃ 43 ᠲᠠᠬᠢᠯᠴᠢ ᠦᠵᠡᠬᠦ ᠳᠦ᠂ ᠬᠡᠷᠪᠡ ᠲᠡᠭᠦᠨ ᠦ ᠬᠠᠯᠵᠠᠨ ᠲᠣᠯᠣᠭᠠᠢ ᠶᠢᠨ ᠣᠷᠣᠢ᠂ ᠡᠰᠡᠪᠡᠯ ᠬᠠᠯᠵᠠᠨ ᠮᠠᠩᠨᠠᠢ ᠳᠡᠭᠡᠷ᠎ᠡ ᠭᠠᠷᠤᠭᠰᠠᠨ ᠲᠣᠮᠣ ᠭᠦᠪᠳᠦᠷᠦᠦ ᠨᠢ ᠴᠠᠢᠪᠤᠷ ᠶᠠᠭᠠᠨ ᠪᠠᠢᠵᠤ᠂ ᠠᠷᠠᠰᠤᠨ ᠳᠡᠭᠡᠷ᠎ᠡ ᠭᠠᠷᠤᠭᠰᠠᠨ ᠠᠷᠠᠰᠤᠨ ᠤ ᠬᠠᠯᠳᠠᠪᠤᠷᠢᠲᠤ ᠡᠪᠡᠳᠴᠢᠨ ᠤ ᠪᠠᠢᠳᠠᠯ ᠲᠠᠢ ᠠᠳᠠᠯᠢ ᠬᠠᠷᠠᠭᠳᠠᠪᠠᠯ᠂ 44 ᠲᠡᠷᠡ ᠬᠥᠮᠦᠨ ᠠᠷᠠᠰᠤᠨ ᠤ ᠬᠠᠯᠳᠠᠪᠤᠷᠢᠲᠤ ᠡᠪᠡᠳᠴᠢᠨ ᠲᠡᠢ ᠪᠥᠭᠡᠳ ᠪᠤᠵᠠᠷᠲᠤᠭᠰᠠᠨ ᠶᠤᠮ᠃ ᠲᠠᠬᠢᠯᠴᠢ ᠲᠡᠭᠦᠨ ᠢ ᠲᠣᠯᠣᠭᠠᠢ ᠳᠡᠭᠡᠷᠡᠬᠢ ᠡᠪᠡᠳᠴᠢᠨ ᠤ ᠬᠢᠨᠢ ᠤᠯᠠᠮ ᠢᠶᠠᠷ ᠪᠤᠵᠠᠷᠲᠤᠭᠰᠠᠨ ᠭᠡᠵᠦ ᠵᠠᠷᠯᠠᠬᠤ ᠶᠣᠰᠣᠲᠠᠢ᠃
45 ᠡᠳᠡᠭᠡᠷ ᠠᠷᠠᠰᠤᠨ ᠤ ᠬᠠᠯᠳᠠᠪᠤᠷᠢᠲᠤ ᠡᠪᠡᠳᠴᠢᠨ ᠲᠡᠢ ᠬᠥᠮᠦᠨ ᠬᠤᠪᠴᠠᠰᠤ ᠪᠠᠨ ᠤᠷᠠᠵᠤ ᠦᠰᠦ ᠪᠡᠨ ᠰᠡᠭᠰᠡᠢᠯᠭᠡᠨ ᠡᠷᠡᠦ ᠨᠢᠭᠤᠷ ᠢᠶᠠᠨ ᠲᠠᠭᠯᠠᠵᠤ 〈ᠪᠤᠵᠠᠷᠲᠤᠭᠰᠠᠨ᠂ ᠪᠤᠵᠠᠷᠲᠤᠭᠰᠠᠨ〉 ᠭᠡᠵᠦ ᠬᠠᠰᠬᠢᠷᠬᠤ ᠶᠣᠰᠣᠲᠠᠢ᠃ 46 ᠡᠪᠡᠳᠴᠢᠨ ᠲᠡᠢ ᠪᠠᠢᠬᠤ ᠴᠠᠭ ᠬᠤᠭᠤᠴᠠᠭᠠᠨ ᠳᠤ ᠲᠡᠷᠡ ᠪᠡᠷ ᠪᠤᠵᠠᠷᠲᠤᠭᠰᠠᠨ ᠪᠠᠢᠬᠤ ᠪᠣᠯᠣᠨ᠎ᠠ᠃ ᠪᠤᠵᠠᠷᠲᠤᠭᠰᠠᠨ ᠪᠣᠯᠬᠣᠷ ᠲᠡᠷᠡ ᠬᠥᠮᠦᠨ ᠭᠠᠭᠴᠠᠭᠠᠷ ᠢᠶᠠᠨ ᠠᠮᠢᠳᠤᠷᠠᠬᠤ ᠶᠣᠰᠣᠲᠠᠢ᠃ ᠲᠡᠭᠦᠨ ᠦ ᠣᠷᠣᠨ ᠰᠠᠭᠤᠴᠠ ᠬᠤᠸᠠᠷᠠᠨ ᠤ ᠭᠠᠳᠠᠨ᠎ᠠ ᠪᠠᠢᠬᠤ ᠪᠣᠯᠣᠨ᠎ᠠ᠃
ᠬᠠᠯᠳᠠᠪᠤᠷᠢᠲᠤ ᠬᠥᠭᠡᠴᠦ ᠶᠢᠨ ᠲᠤᠬᠠᠢ ᠲᠣᠭᠲᠠᠭᠠᠯ
47 ᠬᠤᠪᠴᠠᠰᠤ ᠬᠤᠨᠠᠷ ᠳᠡᠭᠡᠷ᠎ᠡ ᠬᠠᠯᠳᠠᠪᠤᠷᠢᠲᠤ ᠬᠥᠭᠡᠴᠦ ᠶᠢᠨ ᠲᠣᠯᠪᠣ ᠭᠠᠷᠬᠤ ᠲᠣᠬᠢᠶᠠᠯᠳᠤᠯ ᠳᠤ᠂ ᠬᠡᠷᠪᠡ ᠨᠣᠣᠰᠣᠨ ᠬᠤᠪᠴᠠᠰᠤ᠂ ᠮᠠᠭᠠᠯᠢᠩ᠋ᠭᠤᠨ ᠬᠤᠪᠴᠠᠰᠤ᠂ 48 ᠨᠣᠣᠰᠣ᠂ ᠡᠰᠡᠪᠡᠯ ᠮᠠᠭᠠᠯᠢᠩ᠋ᠭᠤᠨ ᠨᠡᠬᠡᠮᠡᠯ᠂ ᠰᠠᠪᠢᠬᠢ᠂ ᠡᠰᠡᠪᠡᠯ ᠰᠠᠪᠢᠬᠢ ᠪᠠᠷ ᠬᠢᠭᠰᠡᠨ ᠠᠯᠢᠪᠠ ᠡᠳ᠋ ᠳᠡᠭᠡᠷ᠎ᠡ 49 ᠲᠡᠢᠮᠦ ᠰᠢᠨᠵᠢ ᠭᠠᠷᠴᠤ᠂ ᠬᠡᠷᠪᠡ ᠥᠨᠥᠬᠢ ᠬᠤᠪᠴᠠᠰᠤ ᠪᠤᠶᠤ ᠨᠡᠬᠡᠮᠡᠯ᠂ ᠰᠠᠪᠢᠬᠢ ᠪᠤᠶᠤ ᠠᠯᠢᠪᠠ ᠰᠠᠪᠢᠬᠢᠨ ᠡᠳ᠋ᠯᠡᠯ ᠳᠡᠭᠡᠷ᠎ᠡ ᠨᠣᠭᠣᠭᠠᠪᠲᠤᠷ᠂ ᠡᠰᠡᠪᠡᠯ ᠤᠯᠠᠪᠤᠷ ᠲᠣᠯᠪᠣ ᠬᠠᠷᠠᠭᠳᠠᠪᠠᠯ ᠡᠨᠡ ᠨᠢ ᠬᠠᠯᠳᠠᠪᠤᠷᠢᠲᠤ ᠬᠥᠭᠡᠴᠦ ᠶᠢᠨ ᠲᠣᠯᠪᠣ ᠮᠥᠨ᠂ ᠲᠡᠭᠦᠨ ᠢ ᠲᠠᠬᠢᠯᠴᠢ ᠳᠤ ᠦᠵᠡᠭᠦᠯᠬᠦ ᠶᠣᠰᠣᠲᠠᠢ᠃ 50 ᠲᠠᠬᠢᠯᠴᠢ ᠲᠣᠯᠪᠣ ᠶᠢ ᠦᠵᠡᠭᠡᠳ ᠲᠡᠷᠡ ᠲᠣᠯᠪᠣ ᠲᠠᠢ ᠡᠳ᠋ ᠢ ᠳᠣᠯᠣᠭᠠᠨ ᠬᠣᠨᠣᠭ ᠢᠶᠠᠷ ᠲᠤᠰᠠᠭᠠᠷᠯᠠᠵᠤ᠂ 51 ᠳᠣᠯᠣᠳᠠᠬᠢ ᠡᠳᠦᠷ ᠨᠢ ᠲᠡᠷᠡ ᠲᠣᠯᠪᠣ ᠶᠢ ᠰᠢᠯᠭᠠᠬᠤ ᠶᠣᠰᠣᠲᠠᠢ᠃ ᠬᠡᠷᠪᠡ ᠲᠡᠷᠡ ᠲᠣᠯᠪᠣ ᠬᠤᠪᠴᠠᠰᠤ ᠬᠤᠨᠠᠷ ᠳᠡᠭᠡᠷ᠎ᠡ᠂ ᠨᠡᠬᠡᠮᠡᠯ ᠪᠤᠶᠤ ᠰᠦᠯᠵᠢᠮᠡᠯ᠂ ᠰᠠᠪᠢᠬᠢ ᠪᠤᠶᠤ ᠰᠠᠪᠢᠬᠢ ᠪᠠᠷ ᠬᠢᠭᠰᠡᠨ ᠠᠯᠢᠪᠠ ᠡᠳ᠋ᠯᠡᠯ ᠳᠡᠭᠡᠭᠦᠷ ᠲᠠᠷᠬᠠᠭᠰᠠᠨ ᠪᠠᠢᠪᠠᠯ ᠲᠣᠯᠪᠣ ᠨᠢ ᠬᠣᠣᠷᠲᠠᠢ ᠬᠠᠯᠳᠠᠪᠤᠷᠢᠲᠤ ᠬᠥᠭᠡᠴᠦ ᠮᠥᠨ᠂ ᠲᠡᠷᠡ ᠨᠢ ᠪᠤᠵᠠᠷᠲᠤᠭᠰᠠᠨ ᠠᠵᠢ᠃ 52 ᠲᠡᠢᠮᠦ ᠡᠴᠡ ᠥᠨᠥᠬᠢ ᠲᠣᠯᠪᠣ ᠲᠠᠢ ᠬᠤᠪᠴᠠᠰᠤ ᠬᠤᠨᠠᠷ᠂ ᠨᠣᠣᠰᠣ᠂ ᠡᠰᠡᠪᠡᠯ ᠮᠠᠭᠠᠯᠢᠩ᠋ᠭᠤ ᠪᠠᠷ ᠬᠢᠭᠰᠡᠨ ᠨᠡᠬᠡᠮᠡᠯ᠂ ᠡᠰᠡᠪᠡᠯ ᠠᠯᠢᠪᠠ ᠰᠠᠪᠢᠬᠢᠨ ᠡᠳ᠋ᠯᠡᠯ ᠢ ᠰᠢᠲᠠᠭᠠᠬᠤ ᠶᠣᠰᠣᠲᠠᠢ᠃ ᠡᠨᠡ ᠪᠣᠯ ᠬᠣᠣᠷᠲᠠᠢ ᠬᠠᠯᠳᠠᠪᠤᠷᠢᠲᠤ ᠬᠥᠭᠡᠴᠦ ᠮᠥᠨ᠂ ᠭᠠᠯ ᠳᠤ ᠰᠢᠲᠠᠭᠠᠭᠳᠠᠬᠤ ᠶᠣᠰᠣᠲᠠᠢ᠃
53 ᠬᠠᠷᠢᠨ ᠲᠠᠬᠢᠯᠴᠢ ᠦᠵᠡᠬᠦ ᠳᠦ ᠬᠤᠪᠴᠠᠰᠤ ᠪᠤᠶᠤ ᠨᠡᠬᠡᠮᠡᠯ᠂ ᠡᠰᠡᠪᠡᠯ ᠠᠯᠢᠪᠠ ᠰᠠᠪᠢᠬᠢᠨ ᠡᠳ᠋ᠯᠡᠯ ᠳᠡᠭᠡᠷᠡᠬᠢ ᠲᠣᠯᠪᠣ ᠲᠠᠷᠬᠠᠭ᠎ᠠ ᠦᠭᠡᠢ ᠪᠠᠢᠪᠠᠯ᠂ 54 ᠲᠠᠬᠢᠯᠴᠢ ᠲᠡᠷᠡ ᠲᠣᠯᠪᠣ ᠲᠠᠢ ᠪᠣᠯᠣᠭᠰᠠᠨ ᠵᠦᠢᠯ ᠢ ᠤᠬᠢᠶᠠᠯᠭᠠᠵᠤ᠂ ᠳᠠᠬᠢᠨ ᠳᠣᠯᠣᠭᠠᠨ ᠬᠣᠨᠣᠭ ᠢᠶᠠᠷ ᠲᠤᠰᠠᠭᠠᠷᠯᠠᠨ᠎ᠠ᠃ 55 ᠤᠬᠢᠶᠠᠯᠭᠠᠭᠰᠠᠨ ᠤ ᠳᠠᠷᠠᠭ᠎ᠠ᠂ ᠲᠠᠬᠢᠯᠴᠢ ᠥᠨᠥᠬᠢ ᠲᠣᠯᠪᠣ ᠲᠠᠢ ᠵᠦᠢᠯ ᠢ ᠰᠢᠯᠭᠠᠬᠤ ᠶᠣᠰᠣᠲᠠᠢ᠃ ᠲᠡᠷᠡ ᠲᠣᠯᠪᠣ ᠲᠠᠷᠬᠠᠭ᠎ᠠ ᠦᠭᠡᠢ ᠪᠣᠯᠪᠠᠴᠤ ᠥᠩᠭᠡ ᠨᠢ ᠥᠭᠡᠷᠡᠴᠢᠯᠡᠭᠳᠡᠭᠡ ᠦᠭᠡᠢ ᠪᠠᠢᠪᠠᠯ ᠡᠨᠡ ᠨᠢ ᠪᠤᠵᠠᠷᠲᠤᠭᠰᠠᠨ ᠶᠤᠮ᠃ ᠲᠠ ᠨᠠᠷ ᠡᠳᠡᠭᠡᠷ ᠢ ᠰᠢᠲᠠᠭᠠᠬᠤ ᠶᠣᠰᠣᠲᠠᠢ᠃ ᠲᠡᠢᠮᠦ ᠲᠣᠯᠪᠣ ᠡᠳ᠋ ᠶᠠᠭᠤᠮᠠᠰ ᠢ ᠭᠠᠳᠠᠨ᠎ᠠ ᠠᠴᠠ ᠨᠢ ᠴᠤ᠂ ᠳᠣᠲᠣᠷ᠎ᠠ ᠠᠴᠠ ᠨᠢ ᠴᠤ ᠬᠠᠯᠴᠠᠯᠤᠨ ᠢᠳᠡᠭᠰᠡᠭᠡᠷ ᠪᠠᠢᠬᠤ ᠪᠣᠯᠣᠨ᠎ᠠ᠃
56 ᠬᠠᠷᠢᠨ ᠲᠠᠬᠢᠯᠴᠢ ᠦᠵᠡᠬᠦ ᠳᠦ᠂ ᠲᠡᠷᠡ ᠲᠣᠯᠪᠣ ᠤᠬᠢᠶᠠᠭᠳᠠᠭᠰᠠᠨ ᠤ ᠳᠠᠷᠠᠭ᠎ᠠ ᠪᠦᠳᠡᠭᠢᠷᠡᠭᠰᠡᠨ ᠪᠠᠢᠪᠠᠯ᠂ ᠡᠭᠦᠨ ᠢ ᠨᠥᠭᠥᠭᠡ ᠬᠤᠪᠴᠠᠰᠤ ᠪᠤᠶᠤ ᠰᠠᠪᠢᠬᠢ ᠶᠢᠨ ᠵᠦᠢᠯ᠂ ᠨᠡᠬᠡᠮᠡᠯ ᠪᠤᠶᠤ ᠰᠦᠯᠵᠢᠮᠡᠯ ᠡᠳ᠋ ᠡᠴᠡ ᠤᠷᠠᠵᠤ ᠠᠪᠬᠤ ᠶᠣᠰᠣᠲᠠᠢ᠃ 57 ᠬᠡᠷᠪᠡ ᠲᠡᠷᠡ ᠲᠣᠯᠪᠣ ᠬᠤᠪᠴᠠᠰᠤᠨ ᠳᠡᠭᠡᠷ᠎ᠡ᠂ ᠨᠡᠬᠡᠮᠡᠯ ᠪᠤᠶᠤ ᠰᠦᠯᠵᠢᠮᠡᠯ ᠡᠳ᠋ ᠳᠡᠭᠡᠷ᠎ᠡ᠂ ᠠᠯᠢᠪᠠ ᠰᠠᠪᠢᠬᠢᠨ ᠡᠳ᠋ᠯᠡᠯ ᠳᠡᠭᠡᠷ᠎ᠡ ᠳᠠᠬᠢᠨ ᠦᠵᠡᠭᠳᠡᠪᠡᠯ ᠡᠨᠡ ᠨᠢ ᠡᠪᠡᠳᠴᠢᠨ ᠳᠡᠯᠭᠡᠷᠡᠭᠰᠡᠨ ᠰᠢᠨᠵᠢ ᠮᠥᠨ᠂ ᠲᠠ ᠨᠠᠷ ᠲᠣᠯᠪᠣ ᠲᠠᠢ ᠵᠦᠢᠯ ᠢ ᠭᠠᠯ ᠳᠤ ᠰᠢᠲᠠᠭᠠᠬᠤ ᠶᠣᠰᠣᠲᠠᠢ᠃ 58 ᠬᠤᠪᠴᠠᠰᠤ ᠬᠤᠨᠠᠷ᠂ ᠨᠡᠬᠡᠮᠡᠯ ᠪᠤᠶᠤ ᠰᠦᠯᠵᠢᠮᠡᠯ ᠡᠳ᠋᠂ ᠡᠰᠡᠪᠡᠯ ᠠᠯᠢᠪᠠ ᠰᠠᠪᠢᠬᠢᠨ ᠡᠳ᠋ᠯᠡᠯ ᠢ ᠤᠬᠢᠶᠠᠭᠰᠠᠨ ᠤ ᠳᠠᠷᠠᠭ᠎ᠠ᠂ ᠲᠡᠷᠡ ᠲᠣᠯᠪᠣ ᠪᠦᠷᠢᠨ ᠠᠷᠢᠯᠭᠠᠭᠳᠠᠭᠰᠠᠨ ᠪᠠᠢᠪᠠᠯ᠂ ᠲᠡᠭᠦᠨ ᠢ ᠬᠣᠶᠠᠳᠠᠬᠢ ᠤᠳᠠᠭ᠎ᠠ ᠪᠠᠨ ᠤᠬᠢᠶᠠ᠂ ᠲᠡᠭᠡᠪᠡᠯ ᠴᠡᠪᠡᠷ ᠪᠣᠯᠣᠨ᠎ᠠ》 ᠭᠡᠯᠡ᠃
59 ᠡᠳᠡᠭᠡᠷ ᠨᠢ ᠬᠠᠯᠳᠠᠪᠤᠷᠢᠲᠤ ᠬᠥᠭᠡᠴᠦ ᠶᠢᠨ ᠲᠣᠯᠪᠣ ᠶᠢᠨ ᠲᠤᠬᠠᠢ᠂ ᠲᠡᠭᠦᠨ ᠢ ᠨᠣᠣᠰᠣ ᠪᠤᠶᠤ ᠮᠠᠭᠠᠯᠢᠩ᠋ᠭᠤᠨ ᠬᠤᠪᠴᠠᠰᠤᠨ ᠳᠡᠭᠡᠷ᠎ᠡ᠂ ᠨᠡᠬᠡᠮᠡᠯ ᠪᠤᠶᠤ ᠰᠦᠯᠵᠢᠮᠡᠯ ᠳᠡᠭᠡᠷ᠎ᠡ᠂ ᠠᠯᠢᠪᠠ ᠰᠠᠪᠢᠬᠢᠨ ᠡᠳ᠋ᠯᠡᠯ ᠳᠡᠭᠡᠷ᠎ᠡ ᠭᠠᠷᠬᠤ ᠳᠤᠨᠢ ᠡᠳᠡᠭᠡᠷ ᠦᠨ ᠴᠡᠪᠡᠷ᠂ ᠪᠤᠵᠠᠷ ᠤᠨ ᠲᠠᠯ᠎ᠠ ᠪᠠᠷ ᠰᠢᠢᠳᠬᠦ ᠳᠦ ᠵᠣᠷᠢᠭᠤᠯᠤᠭᠰᠠᠨ ᠬᠠᠤᠯᠢ ᠶᠤᠮ᠃