ᠯᠧᠸᠢ ᠬᠣᠷᠢᠨ ᠨᠢᠭᠡ
ᠲᠠᠬᠢᠯᠴᠢ ᠶᠢᠨ ᠴᠡᠭᠡᠷ
1 ᠶᠣᠬᠣᠸᠠ ᠮᠣᠰᠧ ᠳᠤ ᠠᠢᠯᠠᠳᠤᠨ᠄ 《ᠠᠷᠣᠨ ᠤ ᠬᠥᠪᠡᠭᠦᠳ ᠪᠣᠯᠬᠤ ᠲᠠᠬᠢᠯᠴᠢᠳ ᠲᠤ ᠵᠠᠬᠢ᠄
2 ᠭᠡᠪᠡᠴᠦ ᠥᠪᠡᠷ ᠦᠨ ᠣᠢᠷ᠎ᠠ ᠶᠢᠨ ᠲᠥᠷᠥᠯ᠂ ᠲᠤᠬᠠᠢᠯᠠᠪᠠᠯ ᠡᠴᠢᠭᠡ ᠡᠬᠡ᠂ ᠬᠦᠦ ᠥᠬᠢᠨ᠂ ᠠᠬ᠎ᠠ ᠳᠡᠭᠦᠦ ᠪᠡᠨ᠂ 3 ᠮᠥᠨ ᠨᠥᠬᠥᠷ ᠲᠦ ᠭᠠᠷᠤᠭ᠎ᠠ ᠦᠭᠡᠢ᠂ ᠬᠠᠮᠲᠤ ᠠᠮᠢᠳᠤᠷᠠᠵᠤ ᠪᠠᠢᠭ᠎ᠠ ᠣᠩ᠋ᠭᠣᠨ ᠡᠭᠡᠴᠢ ᠳᠡᠭᠦᠦ ᠪᠡᠨ ᠦᠬᠦᠭᠰᠡᠨ ᠲᠣᠬᠢᠶᠠᠯᠳᠤᠯ ᠳᠤ᠂ ᠲᠡᠭᠦᠨ ᠦ ᠪᠠᠨ ᠲᠥᠯᠥᠭᠡ ᠪᠤᠵᠠᠷᠲᠤᠵᠤ ᠪᠣᠯᠣᠨ᠎ᠠ᠃ 4 ᠬᠠᠷᠢᠨ ᠡᠬᠡᠨᠡᠷ ᠦᠨ ᠢᠶᠠᠨ ᠬᠠᠮᠢᠶᠠᠲᠠᠨ ᠤ ᠤᠴᠢᠷ ᠢᠶᠠᠷ ᠪᠡᠶ᠎ᠡ ᠪᠡᠨ ᠪᠤᠵᠠᠷᠯᠠᠨ ᠭᠤᠲᠤᠭᠠᠵᠤ ᠦᠯᠦ ᠪᠣᠯᠣᠨ᠎ᠠ᠃ 5 ᠲᠠᠬᠢᠯᠴᠢᠳ ᠲᠣᠯᠣᠭᠠᠢ ᠪᠠᠨ ᠬᠠᠯᠵᠠᠨ ᠪᠣᠯᠭᠠᠨ ᠬᠤᠰᠤᠬᠤ᠂ ᠡᠰᠡᠪᠡᠯ ᠰᠢᠨ᠎ᠠ ᠶᠢᠨ ᠦᠰᠦ ᠪᠡᠨ ᠬᠤᠰᠤᠬᠤ ᠪᠤᠶᠤ ᠪᠡᠶ᠎ᠡ ᠪᠡᠨ ᠵᠦᠰᠦᠵᠦ ᠪᠣᠯᠬᠤ ᠦᠭᠡᠢ᠃ 6 ᠲᠠᠬᠢᠯᠴᠢᠳ ᠪᠤᠷᠬᠠᠨ ᠳᠠᠭᠠᠨ ᠠᠷᠢᠭᠤᠨ ᠪᠠᠢᠬᠤ ᠶᠣᠰᠣᠲᠠᠢ᠂ ᠪᠤᠷᠬᠠᠨ ᠤ ᠪᠠᠨ ᠨᠡᠷ᠎ᠡ ᠶᠢ ᠭᠤᠲᠤᠭᠠᠵᠤ ᠪᠣᠯᠬᠤ ᠦᠭᠡᠢ᠃ ᠲᠡᠳᠡ ᠶᠣᠬᠣᠸᠠ ᠶᠢᠨ ᠭᠠᠯ ᠤᠨ ᠲᠠᠬᠢᠯ ᠬᠢᠭᠡᠳ ᠪᠤᠷᠬᠠᠨ ᠤ ᠪᠠᠨ ᠬᠦᠨᠡᠰᠦ ᠶᠢ ᠡᠷᠭᠦᠳᠡᠭ ᠲᠤᠯᠠ ᠠᠷᠢᠭᠤᠨ ᠪᠠᠢᠬᠤ ᠶᠣᠰᠣᠲᠠᠢ᠃ 7 ᠲᠠᠬᠢᠯᠴᠢᠳ ᠶᠠᠩ᠋ᠬᠠᠨ ᠲᠠᠢ ᠴᠤ᠂ ᠪᠤᠵᠠᠷᠯᠠᠭᠳᠠᠭᠰᠠᠨ ᠡᠮᠡᠭᠲᠡᠢ ᠲᠡᠢ ᠴᠤ᠂ ᠨᠥᠬᠥᠷ ᠡᠴᠡ ᠪᠡᠨ ᠰᠠᠯᠤᠭᠰᠠᠨ ᠡᠮᠡᠭᠲᠡᠢ ᠲᠡᠢ ᠴᠤ ᠭᠡᠷᠯᠡᠵᠦ ᠪᠣᠯᠬᠤ ᠦᠭᠡᠢ᠃ ᠤᠴᠢᠷ ᠨᠢ ᠲᠠᠬᠢᠯᠴᠢ ᠪᠤᠷᠬᠠᠨ ᠳᠠᠭᠠᠨ ᠠᠷᠢᠭᠤᠨ ᠪᠠᠢᠬᠤ ᠪᠠᠷ ᠲᠤᠰᠠᠭᠠᠷᠯᠠᠭᠳᠠᠭᠰᠠᠨ ᠶᠤᠮ᠃ 8 ᠲᠠᠬᠢᠯᠴᠢ ᠶᠢ ᠠᠷᠢᠭᠤᠨ ᠭᠡᠵᠦ ᠦᠵᠡ᠃ ᠪᠤᠷᠬᠠᠨ ᠤ ᠴᠢᠨᠢ ᠬᠦᠨᠡᠰᠦ ᠶᠢ ᠡᠷᠭᠦᠭᠴᠢ ᠨᠢ ᠲᠡᠷᠡ ᠶᠤᠮ᠃ ᠲᠠ ᠨᠠᠷ ᠤᠨ ᠲᠥᠯᠥᠭᠡ ᠴᠤ ᠲᠡᠷᠡ ᠠᠷᠢᠭᠤᠨ ᠪᠠᠢᠬᠤ ᠶᠣᠰᠣᠲᠠᠢ᠃ ᠤᠴᠢᠷ ᠨᠢ ᠶᠣᠬᠣᠸᠠ ᠪᠢ ᠠᠷᠢᠭᠤᠨ ᠪᠥᠭᠡᠳ ᠲᠠ ᠨᠠᠷ ᠢ ᠠᠷᠢᠭᠤᠨ ᠪᠠᠢᠯᠭᠠᠬᠤ ᠪᠠᠷ ᠲᠤᠰᠠᠭᠠᠷᠯᠠᠭᠰᠠᠨ ᠶᠤᠮ᠃ 9 ᠬᠡᠷᠪᠡ ᠲᠠᠬᠢᠯᠴᠢ ᠶᠢᠨ ᠥᠬᠢᠨ ᠶᠠᠩ᠋ᠬᠠᠨ ᠪᠣᠯᠣᠭᠰᠠᠨ ᠢᠶᠠᠷ ᠢᠶᠠᠨ ᠥᠪᠡᠷ ᠢ ᠪᠠᠨ ᠭᠤᠲᠤᠭᠠᠪᠠᠯ ᠡᠴᠢᠭᠡ ᠪᠡᠨ ᠭᠤᠲᠤᠭᠠᠭᠰᠠᠨ ᠬᠡᠷᠡᠭ ᠪᠥᠭᠡᠳ ᠭᠠᠯ ᠳᠤ ᠰᠢᠲᠠᠭᠠᠭᠳᠠᠬᠤ ᠶᠣᠰᠣᠲᠠᠢ᠃
10 ᠲᠠᠬᠢᠯᠴᠢ ᠠᠬ᠎ᠠ ᠳᠡᠭᠦᠦ ᠨᠠᠷ ᠤᠨ ᠢᠶᠠᠨ ᠳᠤᠮᠳᠠ ᠠᠴᠠ ᠡᠷᠭᠦᠮᠵᠢᠯᠡᠭᠳᠡᠭᠰᠡᠨ ᠲᠡᠷᠢᠭᠦᠨ ᠲᠠᠬᠢᠯᠴᠢ ᠨᠢ ᠲᠣᠯᠣᠭᠠᠢ ᠳᠡᠭᠡᠷ᠎ᠡ ᠪᠡᠨ ᠲᠣᠰᠣᠯᠠᠯᠭᠠᠨ ᠤ ᠲᠣᠰᠣ ᠶᠢ ᠴᠢᠳᠬᠤᠭᠤᠯᠵᠤ᠂ ᠲᠠᠬᠢᠯᠴᠢ ᠶᠢᠨ ᠬᠤᠪᠴᠠᠰᠤ ᠡᠮᠦᠰᠬᠦ ᠪᠡᠷ ᠲᠣᠮᠢᠯᠠᠭᠳᠠᠭᠰᠠᠨ ᠲᠤᠯᠠ ᠦᠰᠦ ᠪᠡᠨ ᠰᠡᠭᠰᠡᠢᠯᠭᠡᠬᠦ ᠪᠤᠶᠤ ᠬᠤᠪᠴᠠᠰᠤ ᠪᠠᠨ ᠤᠷᠠᠵᠤ ᠪᠣᠯᠬᠤ ᠦᠭᠡᠢ᠂ 11 ᠲᠡᠭᠦᠨᠴᠢᠯᠡᠨ ᠶᠠᠮᠠᠷ ᠨᠢᠭᠡᠨ ᠬᠡᠭᠦᠷ ᠲᠦ ᠣᠢᠷᠠᠲᠤᠵᠤ ᠪᠣᠯᠬᠤ ᠦᠭᠡᠢ᠂ ᠡᠴᠢᠭᠡ ᠡᠬᠡ ᠶᠢᠨ ᠢᠶᠠᠨ ᠤᠯᠠᠮ ᠢᠶᠠᠷ ᠴᠤ ᠥᠪᠡᠷ ᠢ ᠪᠠᠨ ᠪᠤᠵᠠᠷᠯᠠᠵᠤ ᠪᠣᠯᠬᠤ ᠦᠭᠡᠢ᠃ 12 ᠲᠡᠷᠡ ᠪᠡᠷ ᠠᠷᠢᠭᠤᠨ ᠭᠠᠵᠠᠷ ᠠᠴᠠ ᠭᠠᠳᠠᠭᠰᠢ ᠭᠠᠷᠴᠤ ᠪᠣᠯᠬᠤ ᠦᠭᠡᠢ᠂ ᠮᠥᠨ ᠪᠤᠷᠬᠠᠨ ᠤ ᠪᠠᠨ ᠠᠷᠢᠭᠤᠨ ᠭᠠᠵᠠᠷ ᠢ ᠭᠤᠲᠤᠭᠠᠵᠤ ᠪᠣᠯᠬᠤ ᠦᠭᠡᠢ᠃ ᠤᠴᠢᠷ ᠨᠢ ᠲᠡᠭᠦᠨ ᠦ ᠪᠤᠷᠬᠠᠨ ᠲᠣᠰᠣᠯᠠᠯᠭᠠᠨ ᠤ ᠲᠣᠰᠣ ᠪᠠᠷ ᠲᠡᠭᠦᠨ ᠢ ᠠᠷᠢᠭᠤᠨ ᠲᠤᠰᠢᠶᠠᠯ ᠳᠤ ᠲᠣᠮᠢᠯᠠᠭᠰᠠᠨ ᠶᠤᠮ᠃ ᠪᠢ ᠪᠣᠯ ᠶᠣᠬᠣᠸᠠ᠃ 13 ᠡᠢᠮᠦ ᠡᠴᠡ ᠲᠡᠷᠡ ᠣᠩ᠋ᠭᠣᠨ ᠥᠬᠢᠨ ᠢ ᠯᠠ ᠡᠬᠡᠨᠡᠷ ᠪᠣᠯᠭᠠᠨ ᠠᠪᠴᠤ ᠪᠣᠯᠣᠨ᠎ᠠ᠃ 14 ᠬᠠᠷᠢᠨ ᠲᠡᠷᠡ ᠪᠡᠯᠪᠡᠰᠦᠨ ᠡᠬᠡᠨᠡᠷ᠂ ᠰᠠᠯᠤᠭᠰᠠᠨ ᠡᠮᠡᠭᠲᠡᠢ᠂ ᠪᠤᠵᠠᠷᠯᠠᠭᠳᠠᠭᠰᠠᠨ ᠡᠮᠡᠭᠲᠡᠢ᠂ ᠡᠰᠡᠪᠡᠯ ᠶᠠᠩ᠋ᠬᠠᠨ ᠡᠮᠡᠭᠲᠡᠢ ᠶᠢ ᠠᠪᠴᠤ ᠪᠣᠯᠬᠤ ᠦᠭᠡᠢ᠃ ᠲᠡᠷᠡ ᠠᠷᠠᠳ ᠲᠦᠮᠡᠨ ᠦ ᠪᠠᠨ ᠳᠤᠮᠳᠠ ᠠᠴᠠ ᠣᠩ᠋ᠭᠣᠨ ᠥᠬᠢᠨ ᠢ ᠯᠠ ᠡᠬᠡᠨᠡᠷ ᠪᠣᠯᠭᠠᠨ ᠠᠪᠬᠤ ᠶᠣᠰᠣᠲᠠᠢ᠃ 15 ᠡᠰᠡ ᠪᠥᠭᠡᠰᠦ ᠠᠷᠠᠳ ᠲᠦᠮᠡᠨ ᠦ ᠪᠠᠨ ᠳᠤᠮᠳᠠ ᠦᠷ᠎ᠡ ᠤᠳᠤᠮ ᠢᠶᠠᠨ ᠭᠤᠲᠤᠭᠠᠬᠤ ᠪᠣᠯᠣᠨ᠎ᠠ᠃ ᠶᠣᠬᠣᠸᠠ ᠪᠢ ᠲᠡᠭᠦᠨ ᠢ ᠠᠷᠢᠭᠤᠨ ᠪᠠᠢᠯᠭᠠᠬᠤ ᠪᠠᠷ ᠲᠤᠰᠠᠭᠠᠷᠯᠠᠭᠰᠠᠨ ᠶᠤᠮ〉》 ᠭᠡᠪᠡ᠃
16 ᠶᠣᠬᠣᠸᠠ ᠮᠣᠰᠧ ᠳᠤ ᠠᠢᠯᠠᠳᠤᠨ᠄ 17 《ᠠᠷᠣᠨ ᠳᠤ ᠵᠠᠬᠢ᠄ ᠴᠢᠨᠦ ᠬᠣᠢᠴᠢ ᠦᠶ᠎ᠡ ᠶᠢᠨ ᠦᠷ᠎ᠡ ᠤᠳᠤᠮ ᠠᠴᠠ ᠰᠣᠭᠣᠭ ᠲᠠᠢ ᠨᠢ ᠪᠤᠷᠬᠠᠨ ᠤ ᠪᠠᠨ ᠬᠦᠨᠡᠰᠦ ᠶᠢ ᠡᠷᠭᠦᠬᠦ ᠪᠡᠷ ᠣᠢᠷᠠᠲᠤᠨ ᠢᠷᠡᠵᠦ ᠦᠯᠦ ᠪᠣᠯᠣᠨ᠎ᠠ᠃ 18 ᠰᠣᠭᠣᠭ ᠲᠠᠢ᠂ ᠣᠢᠷᠠᠲᠤᠨ ᠢᠷᠡᠵᠦ ᠪᠣᠯᠬᠤ ᠦᠭᠡᠢ ᠬᠥᠮᠦᠨ ᠳᠦ᠄ ᠰᠣᠬᠣᠷ᠂ ᠳᠣᠭᠣᠯᠠᠩ᠂ ᠡᠰᠡᠪᠡᠯ ᠰᠡᠲᠡᠷᠬᠡᠢ ᠬᠠᠮᠠᠷ ᠲᠠᠢ᠂ ᠡᠰᠡᠪᠡᠯ ᠢᠯᠡᠭᠦᠦ ᠮᠥᠴᠢ ᠲᠠᠢ᠂ 19 ᠡᠰᠡᠪᠡᠯ ᠬᠤᠭᠤᠷᠠᠭᠰᠠᠨ ᠬᠥᠯ ᠲᠡᠢ ᠪᠤᠶᠤ ᠬᠤᠭᠤᠷᠠᠭᠰᠠᠨ ᠭᠠᠷ ᠲᠠᠢ ᠬᠥᠮᠦᠨ᠂ 20 ᠡᠰᠡᠪᠡᠯ ᠪᠥᠭᠲᠥᠷ᠂ ᠡᠰᠡᠪᠡᠯ ᠣᠳᠣᠢ᠂ ᠡᠰᠡᠪᠡᠯ ᠨᠢᠳᠦᠨ ᠳᠡᠭᠡᠨ ᠴᠠᠭ᠎ᠠ ᠲᠠᠢ᠂ ᠡᠰᠡᠪᠡᠯ ᠮᠠᠭᠠᠵᠢᠭᠤᠷ ᠲᠠᠢ᠂ ᠡᠰᠡᠪᠡᠯ ᠶᠠᠷ᠎ᠠ ᠲᠠᠢ᠂ ᠡᠰᠡᠪᠡᠯ ᠭᠡᠮᠲᠦᠭᠰᠡᠨ ᠲᠥᠮᠥᠰᠥᠭ ᠲᠡᠢ ᠬᠥᠮᠦᠨ ᠪᠠᠭᠲᠠᠨ᠎ᠠ᠃ 21 ᠲᠠᠬᠢᠯᠴᠢ ᠠᠷᠣᠨ ᠤ ᠦᠷ᠎ᠡ ᠤᠳᠤᠮ ᠠᠴᠠ ᠰᠣᠭᠣᠭ ᠲᠠᠢ ᠬᠥᠮᠦᠨ ᠪᠦᠷᠢ ᠶᠣᠬᠣᠸᠠ ᠳᠤ ᠭᠠᠯ ᠤᠨ ᠲᠠᠬᠢᠯ ᠡᠷᠭᠦᠬᠦ ᠪᠡᠷ ᠣᠢᠷᠠᠲᠤᠨ ᠢᠷᠡᠵᠦ ᠦᠯᠦ ᠪᠣᠯᠣᠨ᠎ᠠ᠃ ᠰᠣᠭᠣᠭ ᠲᠠᠢ ᠪᠣᠯᠬᠣᠷ ᠪᠤᠷᠬᠠᠨ ᠤ ᠪᠠᠨ ᠬᠦᠨᠡᠰᠦ ᠶᠢ ᠡᠷᠭᠦᠬᠦ ᠪᠡᠷ ᠣᠢᠷᠠᠲᠤᠨ ᠢᠷᠡᠵᠦ ᠪᠣᠯᠬᠤ ᠦᠭᠡᠢ᠃ 22 ᠬᠠᠷᠢᠨ ᠪᠤᠷᠬᠠᠨ ᠤ ᠪᠠᠨ ᠬᠦᠨᠡᠰᠦᠨ ᠦ ᠬᠤᠪᠢ ᠳᠤ ᠠᠷᠢᠭᠤᠨ ᠠᠴᠠ ᠠᠷᠢᠭᠤᠨ ᠪᠣᠯᠣᠨ ᠠᠷᠢᠭᠤᠨ ᠤ ᠠᠯᠢ ᠠᠯᠢ ᠶᠢ ᠨᠢ ᠴᠤ ᠢᠳᠡᠵᠦ ᠪᠣᠯᠣᠨ᠎ᠠ᠃ 23 ᠭᠠᠭᠴᠠ ᠬᠦ ᠬᠥᠰᠢᠭᠡ ᠶᠢᠨ ᠳᠣᠲᠣᠷ᠎ᠠ ᠣᠷᠣᠬᠤ ᠪᠤᠶᠤ ᠲᠠᠬᠢᠯ ᠤᠨ ᠰᠢᠷᠡᠭᠡᠨ ᠳᠦ ᠣᠢᠷᠠᠲᠤᠵᠤ ᠪᠣᠯᠬᠤ ᠦᠭᠡᠢ᠃ ᠤᠴᠢᠷ ᠨᠢ ᠲᠡᠷᠡ ᠪᠡᠷ ᠰᠣᠭᠣᠭ ᠲᠠᠢ᠃ ᠲᠡᠷᠡ ᠪᠡᠷ ᠠᠷᠢᠭᠤᠨ ᠭᠠᠵᠠᠷ ᠢ ᠮᠢᠨᠢ ᠭᠤᠲᠤᠭᠠᠵᠤ ᠪᠣᠯᠬᠤ ᠦᠭᠡᠢ᠃ ᠶᠣᠬᠣᠸᠠ ᠪᠢ ᠡᠭᠦᠨ ᠢ ᠠᠷᠢᠭᠤᠨ ᠪᠠᠢᠯᠭᠠᠬᠤ ᠪᠠᠷ ᠲᠤᠰᠠᠭᠠᠷᠯᠠᠭᠰᠠᠨ ᠶᠤᠮ〉》 ᠭᠡᠯᠡ᠃ 24 ᠡᠢᠨ ᠬᠦ ᠮᠣᠰᠧ ᠪᠠᠷ ᠠᠷᠣᠨ᠂ ᠲᠡᠭᠦᠨ ᠦ ᠬᠥᠪᠡᠭᠦᠳ ᠪᠣᠯᠣᠨ ᠢᠰᠷᠧᠯᠴᠦᠳ ᠪᠦᠭᠦᠳᠡ ᠳᠦ ᠵᠠᠬᠢᠪᠠ᠃