ᠯᠧᠸᠢ ᠠᠷᠪᠠ
ᠨᠠᠳᠠᠪ᠂ ᠠᠪᠢᠾᠦ᠋ ᠬᠣᠶᠠᠷ ᠤᠨ ᠦᠬᠦᠯ
1 ᠠᠷᠣᠨ ᠤ ᠬᠥᠪᠡᠭᠦᠨ ᠨᠠᠳᠠᠪ᠂ ᠠᠪᠢᠾᠦ᠋ ᠬᠣᠶᠠᠷ ᠥᠪᠡᠷᠰᠡᠳ ᠦᠨ ᠢᠶᠠᠨ ᠪᠣᠢᠫᠣᠷ ᠢ ᠠᠪᠤᠨ ᠳᠣᠲᠣᠷ᠎ᠠ ᠨᠢ ᠭᠠᠯ ᠬᠢᠭᠡᠳ ᠳᠡᠭᠡᠷ᠎ᠡ ᠨᠢ ᠤᠲᠤᠯᠭᠠᠲᠤ ᠲᠠᠬᠢᠯ ᠲᠠᠯᠪᠢᠵᠤ᠂ ᠶᠣᠬᠣᠸᠠ ᠶᠢᠨ ᠥᠪᠡᠷᠰᠡᠳ ᠲᠤᠨᠢ ᠲᠤᠰᠢᠶᠠᠭ᠎ᠠ ᠦᠭᠡᠢ ᠶᠣᠰᠣ ᠪᠤᠰᠤ ᠭᠠᠯ ᠢ ᠲᠡᠭᠦᠨ ᠦ ᠡᠮᠦᠨ᠎ᠡ ᠡᠷᠭᠦᠭᠰᠡᠨ ᠳᠦ᠂ 2 ᠶᠣᠬᠣᠸᠠ ᠶᠢᠨ ᠡᠮᠦᠨ᠎ᠡ ᠡᠴᠡ ᠭᠠᠯ ᠭᠠᠷᠴᠤ ᠢᠷᠡᠭᠡᠳ ᠲᠡᠳᠡᠨ ᠢ ᠤᠰᠠᠳᠬᠠᠯᠠ᠃ ᠡᠢᠨ ᠬᠦ ᠲᠡᠳᠡ ᠶᠣᠬᠣᠸᠠ ᠶᠢᠨ ᠡᠮᠦᠨ᠎ᠡ ᠦᠬᠦᠵᠡᠢ᠃ 3 ᠮᠣᠰᠧ ᠠᠷᠣᠨ ᠳᠤ᠄ 《ᠶᠣᠬᠣᠸᠠ ᠠᠢᠯᠠᠳᠤᠨ᠄ 〈ᠨᠠᠳᠠ ᠳᠤ ᠣᠢᠷᠠᠲᠤᠨ ᠢᠷᠡᠭᠰᠡᠳ ᠦᠨ ᠳᠤᠮᠳᠠ ᠪᠢ ᠠᠷᠢᠭᠤᠨ ᠢᠶᠠᠨ ᠢᠯᠡᠷᠬᠡᠶᠢᠯᠡᠵᠦ ᠪᠦᠬᠦ ᠠᠷᠠᠳ ᠤᠨ ᠡᠮᠦᠨ᠎ᠡ ᠪᠢ ᠴᠣᠭ ᠵᠢᠪᠬᠤᠯᠠᠩ ᠢᠶᠠᠨ ᠬᠠᠷᠠᠭᠤᠯᠤᠨ᠎ᠠ〉 ᠭᠡᠰᠡᠨ ᠦᠭᠡ ᠡᠨᠡ ᠶᠤᠮ》 ᠭᠡᠬᠦ ᠳᠦ᠂ ᠠᠷᠣᠨ ᠳᠠᠭᠤ ᠦᠭᠡᠢ ᠪᠠᠢᠪᠠ᠃
4 ᠮᠣᠰᠧ ᠪᠠᠷ ᠠᠷᠣᠨ ᠤ ᠠᠪᠠᠭ᠎ᠠ ᠦᠽᠢᠶᠧᠯ ᠤᠨ ᠬᠥᠪᠡᠭᠦᠳ ᠪᠣᠯᠬᠤ ᠮᠢᠱᠠᠶᠧᠯ᠂ ᠡᠯᠽᠠᠹᠠᠨ ᠨᠠᠷ ᠢ ᠳᠠᠭᠤᠳᠠᠵᠤ᠂ ᠲᠡᠳᠡᠨ ᠳᠦ᠄ 《ᠨᠠᠰᠢ ᠢᠷ᠎ᠡ᠂ ᠥᠪᠡᠷᠰᠡᠳ ᠦᠨ ᠢᠶᠠᠨ ᠡᠨᠡ ᠬᠠᠮᠢᠶᠠᠲᠠᠳ ᠢ ᠠᠷᠢᠭᠤᠨ ᠭᠠᠵᠠᠷ ᠤᠨ ᠡᠮᠦᠨ᠎ᠡ ᠡᠴᠡ ᠬᠤᠸᠠᠷᠠᠨ ᠤ ᠭᠠᠳᠠᠨ᠎ᠠ ᠠᠪᠠᠴᠢᠭᠠᠷᠠᠢ》 ᠭᠡᠰᠡᠨ ᠳᠦ᠂ 5 ᠲᠡᠳᠡ ᠮᠣᠰᠧ ᠶᠢᠨ ᠬᠡᠯᠡᠭᠰᠡᠨ ᠶᠣᠰᠣᠭᠠᠷ ᠢᠷᠡᠵᠦ ᠨᠥᠭᠥᠭᠡ ᠬᠣᠶᠠᠷ ᠢ ᠴᠠᠮᠴᠠ ᠲᠠᠢ ᠨᠢ ᠬᠤᠸᠠᠷᠠᠨ ᠤ ᠭᠠᠳᠠᠨ᠎ᠠ ᠠᠪᠠᠴᠢᠪᠠ᠃ 6 ᠮᠣᠰᠧ ᠪᠠᠷ ᠠᠷᠣᠨ ᠪᠣᠯᠣᠨ ᠲᠡᠭᠦᠨ ᠦ ᠬᠥᠪᠡᠭᠦᠳ ᠪᠣᠯᠬᠤ ᠡᠯᠧᠶᠠᠽᠡᠷ᠂ ᠢᠲ᠋ᠠᠮᠠᠷ ᠨᠠᠷ᠄ 《ᠲᠠ ᠨᠠᠷ ᠦᠰᠦ ᠪᠡᠨ ᠪᠦᠦ ᠰᠡᠭᠰᠡᠢᠯᠭᠡ᠂ ᠬᠤᠪᠴᠠᠰᠤ ᠪᠠᠨ ᠪᠦᠦ ᠤᠷ᠎ᠠ᠃ ᠡᠰᠡ ᠲᠡᠭᠡᠪᠡᠯ ᠲᠠ ᠨᠠᠷ ᠴᠤ ᠦᠬᠦᠬᠦ ᠪᠥᠭᠡᠳ ᠪᠦᠬᠦ ᠠᠷᠠᠳ ᠣᠯᠠᠨ ᠤ ᠳᠡᠭᠡᠷ᠎ᠡ ᠲᠡᠭᠦᠨ ᠦ ᠬᠢᠯᠢᠩ ᠪᠠᠭᠤᠬᠤ ᠪᠣᠯᠣᠨ᠎ᠠ᠃ ᠬᠠᠷᠢᠨ ᠲᠠ ᠨᠠᠷ ᠤᠨ ᠠᠬ᠎ᠠ ᠳᠡᠭᠦᠦᠰ ᠪᠣᠯᠬᠤ ᠢᠰᠷᠧᠯ ᠤᠨ ᠠᠢᠯ ᠭᠡᠷ ᠤᠳ ᠤᠨ ᠬᠤᠪᠢ ᠳᠤ᠂ ᠶᠣᠬᠣᠸᠠ ᠶᠢᠨ ᠭᠠᠯ ᠢᠶᠠᠷ ᠤᠰᠠᠳᠬᠠᠭᠰᠠᠨ ᠬᠥᠮᠦᠰ ᠦᠨ ᠬᠣᠢᠨ᠎ᠠ ᠠᠴᠠ ᠤᠬᠢᠯᠠᠨ ᠭᠠᠰᠢᠭᠤᠳᠠᠵᠤ ᠪᠣᠯᠣᠨ᠎ᠠ᠃ 7 ᠲᠠ ᠨᠠᠷ ᠠᠭᠤᠯᠵᠠᠯᠲᠠ ᠶᠢᠨ ᠮᠠᠢᠬᠠᠨ ᠤ ᠡᠭᠦᠳᠡᠨ ᠡᠴᠡ ᠭᠠᠳᠠᠭᠰᠢ ᠪᠦᠦ ᠭᠠᠷ᠃ ᠡᠰᠡ ᠲᠡᠭᠡᠪᠡᠯ ᠲᠠ ᠨᠠᠷ ᠴᠤ ᠦᠬᠦᠨ᠎ᠡ᠃ ᠤᠴᠢᠷ ᠨᠢ ᠲᠠ ᠨᠠᠷ ᠤᠨ ᠳᠡᠭᠡᠷ᠎ᠡ ᠶᠣᠬᠣᠸᠠ ᠶᠢᠨ ᠲᠣᠰᠣᠯᠠᠯᠭ᠎ᠠ ᠶᠢᠨ ᠲᠣᠰᠣ ᠪᠠᠢᠨ᠎ᠠ》 ᠭᠡᠬᠦ ᠳᠦ᠂ ᠲᠡᠳᠡ ᠮᠣᠰᠧ ᠶᠢᠨ ᠦᠭᠡᠨ ᠦ ᠶᠣᠰᠣᠭᠠᠷ ᠦᠢᠯᠡᠳᠪᠡ᠃
8 ᠶᠣᠬᠣᠸᠠ ᠠᠷᠣᠨ ᠳᠤ ᠠᠢᠯᠠᠳᠤᠨ᠄ 9 《ᠴᠢ ᠴᠤ᠂ ᠴᠢᠨᠦ ᠬᠥᠪᠡᠭᠦᠳ ᠴᠤ ᠠᠭᠤᠯᠵᠠᠯᠲᠠ ᠶᠢᠨ ᠮᠠᠢᠬᠠᠨ ᠳᠤ ᠢᠷᠡᠬᠦ ᠳᠡᠭᠡᠨ ᠦᠵᠦᠮ ᠦᠨ ᠳᠠᠷᠠᠰᠤ ᠴᠤ᠂ ᠠᠷᠢᠬᠢ ᠴᠤ ᠤᠤᠭᠤᠵᠤ ᠪᠣᠯᠬᠤ ᠦᠭᠡᠢ᠃ ᠡᠰᠡ ᠲᠡᠭᠡᠪᠡᠯ ᠦᠬᠦᠬᠦ ᠪᠣᠯᠣᠨ᠎ᠠ᠃ ᠡᠨᠡ ᠨᠢ ᠲᠠ ᠨᠠᠷ ᠤᠨ ᠦᠶ᠎ᠡ ᠤᠯᠠᠮᠵᠢᠯᠠᠨ ᠰᠠᠬᠢᠬᠤ ᠡᠭᠦᠷᠢᠳᠡ ᠶᠢᠨ ᠶᠣᠰᠣ ᠵᠢᠷᠤᠮ ᠪᠣᠯᠬᠤ ᠶᠤᠮ᠃ 10 ᠲᠠ ᠨᠠᠷ ᠡᠭᠦᠨ ᠢᠶᠡᠷ ᠠᠷᠢᠭᠤᠨ ᠬᠢᠭᠡᠳ ᠵᠢᠷ ᠤᠨ᠂ ᠪᠤᠵᠠᠷ ᠬᠢᠭᠡᠳ ᠴᠡᠪᠡᠷ ᠢ ᠢᠯᠭᠠᠬᠤ ᠪᠥᠭᠡᠳ 11 ᠮᠣᠰᠧ ᠪᠠᠷ ᠳᠠᠮᠵᠢᠭᠤᠯᠤᠨ ᠶᠣᠬᠣᠸᠠ ᠶᠢᠨ ᠠᠢᠯᠠᠳᠤᠭᠰᠠᠨ ᠪᠦᠬᠦ ᠵᠢᠷᠤᠮ ᠢ ᠢᠰᠷᠧᠯᠴᠦᠳ ᠲᠦ ᠰᠤᠷᠭᠠᠬᠤ ᠶᠣᠰᠣᠲᠠᠢ》 ᠭᠡᠯᠡ᠃
12 ᠲᠡᠭᠡᠭᠡᠳ ᠮᠣᠰᠧ ᠪᠠᠷ ᠠᠷᠣᠨ ᠪᠣᠯᠣᠨ ᠲᠡᠭᠦᠨ ᠦ ᠦᠯᠡᠳᠡᠭᠰᠡᠨ ᠬᠥᠪᠡᠭᠦᠳ ᠡᠯᠧᠶᠠᠽᠡᠷ ᠢᠲ᠋ᠠᠮᠠᠷ ᠨᠠᠷ ᠲᠤ᠄ 《ᠶᠣᠬᠣᠸᠠ ᠳᠤ ᠡᠷᠭᠦᠭᠰᠡᠨ ᠭᠠᠯ ᠤᠨ ᠡᠷᠭᠦᠯ ᠤᠳ ᠠᠴᠠ ᠦᠯᠡᠳᠡᠭᠰᠡᠨ ᠢᠳᠡᠭᠡᠨ ᠲᠠᠬᠢᠯ ᠨᠢ ᠠᠷᠢᠭᠤᠨ ᠠᠴᠠ ᠠᠷᠢᠭᠤᠨ ᠪᠣᠯᠬᠣᠷ ᠲᠡᠭᠦᠨ ᠢ ᠠᠪᠴᠤ᠂ ᠢᠰᠭᠡᠭᠦᠷ ᠬᠢᠬᠦ ᠦᠭᠡᠢ ᠪᠠᠷ ᠲᠠᠬᠢᠯ ᠤᠨ ᠰᠢᠷᠡᠭᠡᠨ ᠦ ᠬᠠᠵᠠᠭᠤ ᠳᠤ ᠢᠳᠡᠬᠦ ᠶᠣᠰᠣᠲᠠᠢ᠃ 13 ᠡᠨᠡ ᠨᠢ ᠶᠣᠬᠣᠸᠠ ᠳᠤ ᠡᠷᠭᠦᠭᠰᠡᠨ ᠭᠠᠯ ᠤᠨ ᠡᠷᠭᠦᠯ ᠤᠳ ᠠᠴᠠ ᠣᠯᠣᠭᠰᠠᠨ ᠲᠠ ᠪᠣᠯᠣᠨ ᠲᠠᠨ ᠤ ᠬᠥᠪᠡᠭᠦᠳ ᠦᠨ ᠬᠤᠪᠢ ᠪᠣᠯᠬᠣᠷ ᠲᠠ ᠨᠠᠷ ᠡᠭᠦᠨ ᠢ ᠠᠷᠢᠭᠤᠨ ᠭᠠᠵᠠᠷ ᠲᠤ ᠢᠳᠡᠬᠦ ᠶᠣᠰᠣᠲᠠᠢ᠃ ᠪᠢ ᠲᠡᠢᠮᠦ ᠲᠤᠰᠢᠶᠠᠯ ᠢ ᠠᠪᠤᠭᠰᠠᠨ᠃ 14 ᠭᠡᠪᠡᠴᠦ ᠳᠠᠯᠠᠯᠤᠨ ᠡᠷᠭᠦᠭᠰᠡᠨ ᠡᠪᠴᠢᠭᠦᠦ᠂ ᠡᠰᠡᠪᠡᠯ ᠬᠠᠨᠳᠢᠪ ᠪᠣᠯᠭᠠᠭᠰᠠᠨ ᠭᠤᠶ᠎ᠠ ᠶᠢᠨ ᠬᠤᠪᠢ ᠳᠤ᠂ ᠲᠠ ᠴᠤ᠂ ᠲᠠᠨ ᠲᠠᠢ ᠬᠠᠮᠲᠤ ᠪᠠᠢᠭ᠎ᠠ ᠬᠥᠪᠡᠭᠦᠳ ᠥᠬᠢᠳ ᠴᠢᠨᠢ ᠴᠤ ᠴᠡᠪᠡᠷ ᠭᠠᠵᠠᠷ ᠲᠤ ᠢᠳᠡᠵᠦ ᠪᠣᠯᠣᠨ᠎ᠠ᠃ ᠡᠳᠡᠭᠡᠷ ᠨᠢ ᠢᠰᠷᠧᠯᠴᠦᠳ ᠦᠨ ᠡᠷᠭᠦᠭᠰᠡᠨ ᠡᠪ ᠦᠨ ᠲᠠᠬᠢᠯ ᠤᠳ ᠤᠨ ᠳᠤᠮᠳᠠ ᠠᠴᠠ ᠠᠪᠴᠤ ᠲᠠ ᠨᠠᠷ ᠲᠤ ᠰᠣᠶᠣᠷᠬᠠᠭᠰᠠᠨ ᠲᠠ ᠪᠣᠯᠣᠨ ᠲᠠᠨ ᠤ ᠬᠥᠪᠡᠭᠦᠳ ᠦᠨ ᠬᠤᠪᠢ ᠶᠤᠮ᠃ 15 ᠢᠰᠷᠧᠯᠴᠦᠳ ᠬᠠᠨᠳᠢᠪ ᠤᠨ ᠭᠤᠶ᠎ᠠ᠂ ᠳᠠᠯᠠᠯᠤᠨ ᠡᠷᠭᠦᠬᠦ ᠡᠪᠴᠢᠭᠦᠦ ᠶᠢ ᠰᠢᠲᠠᠭᠠᠯᠭᠠᠲᠤ ᠲᠠᠬᠢᠯ ᠤᠨ ᠥᠭᠡᠬᠦᠨ ᠦ ᠬᠠᠮᠲᠤ ᠠᠪᠴᠢᠷᠠᠭᠠᠳ ᠶᠣᠬᠣᠸᠠ ᠶᠢᠨ ᠡᠮᠦᠨ᠎ᠡ ᠳᠠᠯᠠᠯᠬᠤ ᠲᠠᠬᠢᠯ ᠪᠣᠯᠭᠠᠨ ᠳᠠᠯᠠᠯᠬᠤ ᠪᠥᠭᠡᠳ ᠲᠡᠳᠡᠭᠡᠷ ᠨᠢ ᠶᠣᠬᠣᠸᠠ ᠶᠢᠨ ᠲᠤᠰᠢᠶᠠᠭᠰᠠᠨ ᠶᠣᠰᠣᠭᠠᠷ ᠲᠠ ᠪᠣᠯᠣᠨ ᠲᠠᠨ ᠲᠠᠢ ᠬᠠᠮᠲᠤ ᠪᠠᠢᠭ᠎ᠠ ᠲᠠᠨ ᠤ ᠬᠥᠪᠡᠭᠦᠳ ᠦᠨ ᠪᠠᠢᠩ᠋ᠭᠤ ᠶᠢᠨ ᠬᠤᠪᠢ ᠪᠣᠯᠣᠨ᠎ᠠ》 ᠭᠡᠪᠡ᠃
16 ᠡᠭᠦᠨ ᠦ ᠳᠠᠷᠠᠭ᠎ᠠ ᠮᠣᠰᠧ ᠥᠨᠥᠬᠢ ᠨᠢᠭᠦᠯ ᠦᠨ ᠲᠠᠬᠢᠯ ᠤᠨ ᠢᠮᠠᠭ᠎ᠠ ᠶᠢ ᠬᠢᠴᠢᠶᠡᠩᠭᠦᠢᠯᠡᠨ ᠬᠠᠢᠬᠤ ᠳᠤ᠂ ᠲᠡᠷᠡ ᠨᠢ ᠰᠢᠲᠠᠭᠠᠭᠳᠠᠭᠰᠠᠨ ᠪᠠᠢᠯ᠎ᠠ︕ ᠲᠡᠢᠮᠦ ᠡᠴᠡ ᠠᠷᠣᠨ ᠤ ᠦᠯᠡᠳᠡᠭᠰᠡᠨ ᠬᠥᠪᠡᠭᠦᠳ ᠡᠯᠧᠶᠠᠽᠡᠷ᠂ ᠢᠲ᠋ᠠᠮᠠᠷ ᠲᠤ ᠠᠭᠤᠷᠯᠠᠨ᠄ 17 《ᠲᠠ ᠨᠠᠷ ᠶᠠᠭᠤᠨ ᠳᠤ ᠥᠨᠥᠬᠢ ᠨᠢᠭᠦᠯ ᠦᠨ ᠲᠠᠬᠢᠯ ᠢ ᠠᠷᠢᠭᠤᠨ ᠭᠠᠵᠠᠷ ᠳᠡᠭᠡᠷ᠎ᠡ ᠢᠳᠡᠭᠰᠡᠨ ᠦᠭᠡᠢ ᠪᠤᠢ︖ ᠲᠡᠷᠡ ᠪᠣᠯ ᠠᠷᠢᠭᠤᠨ ᠠᠴᠠ ᠠᠷᠢᠭᠤᠨ︕ ᠲᠡᠭᠦᠨ ᠳᠦ ᠨᠡᠢᠲᠡ ᠴᠢᠭᠤᠯᠭᠠᠨ ᠤ ᠭᠡᠮ ᠢ ᠡᠭᠦᠷᠦᠭᠦᠯᠵᠦ᠂ ᠲᠡᠳᠡᠨ ᠦ ᠲᠥᠯᠥᠭᠡ ᠶᠣᠬᠣᠸᠠ ᠶᠢᠨ ᠡᠮᠦᠨ᠎ᠡ ᠭᠡᠮ ᠦᠨ ᠬᠡᠯᠲᠦᠷᠢᠭᠦᠯᠦᠯᠭᠡ ᠶᠢ ᠬᠢᠯᠭᠡᠬᠦ ᠪᠡᠷ ᠪᠤᠷᠬᠠᠨ ᠲᠡᠭᠦᠨ ᠢ ᠲᠠ ᠨᠠᠷ ᠲᠤ ᠰᠣᠶᠣᠷᠬᠠᠭᠰᠠᠨ᠃ 18 ᠬᠠᠷ᠎ᠠ᠂ ᠲᠡᠭᠦᠨ ᠦ ᠴᠢᠰᠤ ᠶᠢ ᠠᠷᠢᠭᠤᠨ ᠭᠠᠵᠠᠷ ᠤᠨ ᠳᠣᠲᠣᠷ᠎ᠠ ᠣᠷᠣᠭᠤᠯᠬᠤ ᠦᠭᠡᠢ ᠤᠴᠢᠷ ᠡᠭᠦᠨ ᠢ ᠲᠠ ᠨᠠᠷ ᠮᠢᠨᠦ ᠲᠤᠰᠢᠶᠠᠭᠰᠠᠨ ᠶᠣᠰᠣᠭᠠᠷ ᠠᠷᠢᠭᠤᠨ ᠭᠠᠵᠠᠷ ᠳᠡᠭᠡᠷ᠎ᠡ ᠵᠠᠪᠠᠯ ᠢᠳᠡᠬᠦ ᠶᠣᠰᠣᠲᠠᠢ ᠪᠠᠢᠭᠰᠠᠨ》 ᠭᠡᠯᠡ᠃ 19 ᠭᠡᠪᠡᠴᠦ ᠠᠷᠣᠨ ᠮᠣᠰᠧ ᠳᠤ᠄ 《ᠬᠠᠷ᠎ᠠ᠂ ᠶᠠᠭ ᠡᠨᠡ ᠡᠳᠦᠷ ᠯᠠ ᠶᠣᠬᠣᠸᠠ ᠶᠢᠨ ᠡᠮᠦᠨ᠎ᠡ ᠲᠡᠳᠡ ᠨᠢᠭᠦᠯ ᠦᠨ ᠲᠠᠬᠢᠯ ᠪᠣᠯᠣᠨ ᠰᠢᠲᠠᠭᠠᠯᠭᠠᠲᠤ ᠲᠠᠬᠢᠯ ᠢᠶᠠᠨ ᠡᠷᠭᠦᠬᠦ ᠳᠦ ᠨᠠᠳᠠ ᠳᠤ ᠡᠢᠮᠦ ᠵᠦᠢᠯ ᠲᠣᠬᠢᠶᠠᠯᠳᠤᠭᠰᠠᠨ︕ ᠬᠠᠷᠢᠨ ᠥᠨᠥᠳᠥᠷ ᠪᠢ ᠨᠢᠭᠦᠯ ᠦᠨ ᠲᠠᠬᠢᠯ ᠢ ᠢᠳᠡᠭᠰᠡᠨ ᠢᠶᠡᠷ ᠯᠠ ᠶᠣᠬᠣᠸᠠ ᠶᠢᠨ ᠮᠡᠯᠮᠡᠢ ᠳᠦ ᠲᠠᠭᠠᠯᠠᠯ ᠢ ᠣᠯᠬᠤ ᠪᠠᠢᠭᠰᠠᠨ ᠭᠡᠵᠢ ᠤᠤ︖》 ᠭᠡᠯᠡ᠃ 20 ᠡᠨᠡ ᠨᠢ ᠮᠣᠰᠧ ᠶᠢᠨ ᠰᠣᠨᠣᠷ ᠲᠤ ᠲᠠᠭᠠᠯᠠᠯ ᠢ ᠣᠯᠪᠠ᠃