ᠯᠧᠸᠢ ᠠᠷᠪᠠᠨ ᠨᠠᠢ᠌ᠮᠠ
ᠬᠠᠤᠯᠢ ᠪᠤᠰᠤ ᠪᠡᠯᠭᠡ ᠶᠢᠨ ᠬᠠᠷᠢᠯᠴᠠᠭ᠎ᠠ
1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ ᠲᠠ ᠨᠠᠷ ᠤᠨ ᠪᠤᠷᠬᠠᠨ ᠪᠣᠯ ᠶᠣᠬᠣᠸᠠ ᠪᠢ᠂ 3 ᠠᠮᠢᠳᠤᠷᠠᠵᠤ ᠪᠠᠢᠭᠰᠠᠨ ᠶᠧᠵᠢᠫᠲ ᠨᠤᠲᠤᠭ ᠤᠨ ᠢᠶᠠᠨ ᠦᠢᠯᠡ ᠶᠠᠪᠤᠳᠠᠯ ᠤᠳ ᠢ ᠲᠠ ᠨᠠᠷ ᠳᠠᠭᠠᠵᠤ ᠪᠣᠯᠬᠤ ᠦᠭᠡᠢ᠃ ᠮᠥᠨ ᠮᠢᠨᠦ ᠲᠠ ᠨᠠᠷ ᠢ ᠣᠷᠣᠭᠤᠯᠬᠤ ᠪᠠᠷ ᠪᠠᠢᠭ᠎ᠠ ᠺᠠᠨᠠᠨ ᠨᠤᠲᠤᠭ ᠤᠨ ᠦᠢᠯᠡ ᠶᠠᠪᠤᠳᠠᠯ ᠤᠳ ᠢ ᠴᠤ ᠳᠠᠭᠠᠵᠤ ᠪᠣᠯᠬᠤ ᠦᠭᠡᠢ᠃ ᠲᠠ ᠨᠠᠷ ᠲᠡᠳᠡᠨ ᠦ ᠶᠣᠰᠣ ᠵᠢᠷᠤᠮ ᠢ ᠪᠦᠦ ᠮᠥᠷᠳᠡ᠃ 4 ᠬᠠᠷᠢᠨ ᠮᠢᠨᠦ ᠲᠣᠭᠲᠠᠭᠠᠯ ᠢ ᠳᠠᠭᠠᠵᠤ᠂ ᠶᠣᠰᠣ ᠵᠢᠷᠤᠮ ᠢ ᠰᠠᠬᠢᠨ᠂ ᠡᠳᠡᠭᠡᠷ ᠢ ᠮᠥᠷᠳᠡ᠃ ᠲᠠ ᠨᠠᠷ ᠤᠨ ᠪᠤᠷᠬᠠᠨ ᠪᠣᠯ ᠶᠣᠬᠣᠸᠠ ᠪᠢ ᠮᠥᠨ᠃ 5 ᠮᠢᠨᠦ ᠲᠣᠭᠲᠠᠭᠠᠯ᠂ ᠮᠢᠨᠦ ᠵᠠᠷᠯᠢᠭ ᠢ ᠰᠠᠬᠢ᠃ ᠡᠳᠡᠭᠡᠷ ᠢ ᠪᠡᠶᠡᠯᠡᠭᠦᠯᠳᠡᠭ ᠬᠥᠮᠦᠨ ᠡᠳᠡᠭᠡᠷ ᠢᠶᠡᠷ ᠠᠮᠢᠳᠤᠷᠠᠨ᠎ᠠ᠃ ᠪᠢ ᠪᠣᠯ ᠶᠣᠬᠣᠸᠠ᠃
6 ᠲᠠ ᠨᠠᠷ ᠤᠨ ᠬᠡᠨ ᠨᠢ ᠴᠤ ᠶᠠᠰᠤ ᠮᠢᠬᠠᠨ ᠤ ᠲᠠᠰᠤᠷᠬᠠᠢ ᠲᠠᠢ ᠪᠠᠨ ᠬᠠᠪᠢᠳᠠᠵᠤ ᠨᠢᠴᠦᠭᠦᠨ ᠪᠡᠶ᠎ᠡ ᠶᠢ ᠨᠢ ᠢᠯᠡ ᠭᠠᠷᠭᠠᠵᠤ ᠪᠣᠯᠬᠤ ᠦᠭᠡᠢ᠃ ᠪᠢ ᠪᠣᠯ ᠶᠣᠬᠣᠸᠠ᠃ 7 ᠡᠴᠢᠭᠡ ᠶᠢᠨ ᠢᠶᠠᠨ ᠨᠢᠴᠦᠭᠦᠨ ᠪᠡᠶ᠎ᠡ ᠪᠣᠯᠬᠤ ᠡᠬᠡ ᠶᠢᠨ ᠢᠶᠠᠨ ᠨᠢᠴᠦᠭᠦᠨ ᠪᠡᠶ᠎ᠡ ᠶᠢ ᠴᠢ ᠢᠯᠡ ᠭᠠᠷᠭᠠᠵᠤ ᠪᠣᠯᠬᠤ ᠦᠭᠡᠢ᠃ ᠲᠡᠷᠡ ᠪᠣᠯ ᠴᠢᠨᠦ ᠡᠬᠡ ᠮᠥᠨ᠂ ᠲᠡᠭᠦᠨ ᠦ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ 8 ᠴᠢ ᠡᠴᠢᠭᠡ ᠶᠢᠨ ᠢᠶᠠᠨ ᠡᠬᠡᠨᠡᠷ ᠦᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠨᠢ ᠴᠢᠨᠦ ᠡᠴᠢᠭᠡ ᠶᠢᠨ ᠨᠢᠴᠦᠭᠦᠨ ᠪᠡᠶ᠎ᠡ ᠮᠥᠨ᠃ 9 ᠴᠢ ᠡᠭᠡᠴᠢ ᠥᠬᠢᠨ ᠳᠡᠭᠦᠦ ᠶᠢᠨ ᠢᠶᠠᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠂ ᠡᠴᠢᠭᠡ ᠶᠢᠨ ᠴᠢᠨᠢ ᠥᠬᠢᠨ ᠪᠠᠢᠭᠰᠠᠨ ᠴᠤ᠂ ᠡᠬᠡ ᠶᠢᠨ ᠴᠢᠨᠢ ᠥᠬᠢᠨ ᠪᠠᠢᠭᠰᠠᠨ ᠴᠤ᠂ ᠭᠡᠷ ᠲᠦ ᠲᠥᠷᠥᠭᠰᠡᠨ ᠢ ᠨᠢ ᠴᠤ᠂ ᠭᠠᠳᠠᠨ᠎ᠠ ᠲᠥᠷᠥᠭᠰᠡᠨ ᠢ ᠨᠢ ᠴᠤ᠂ ᠲᠡᠭᠦᠨ ᠦ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ 10 ᠠᠴᠢ ᠥᠬᠢᠨ᠂ ᠡᠰᠡᠪᠡᠯ ᠵᠢᠭᠡ ᠥᠬᠢᠨ ᠤ ᠪᠠᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠪᠣᠯ ᠴᠢᠨᠦ ᠨᠢᠴᠦᠭᠦᠨ ᠪᠡᠶ᠎ᠡ ᠮᠥᠨ᠃ 11 ᠡᠴᠢᠭᠡ ᠳᠦ ᠴᠢᠨᠢ ᠲᠥᠷᠥᠭᠦᠯᠦᠭᠰᠡᠨ᠂ ᠡᠴᠢᠭᠡ ᠶᠢᠨ ᠢᠶᠠᠨ ᠡᠬᠡᠨᠡᠷ ᠦᠨ ᠥᠬᠢᠨ ᠤ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠴᠢᠨᠦ ᠡᠭᠡᠴᠢ ᠳᠡᠭᠦᠦ ᠶᠤᠮ᠃ 12 ᠴᠢ ᠡᠴᠢᠭᠡ ᠶᠢᠨ ᠢᠶᠠᠨ ᠡᠭᠡᠴᠢ ᠳᠡᠭᠦᠦ ᠶᠢᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠪᠣᠯ ᠡᠴᠢᠭᠡ ᠶᠢᠨ ᠴᠢᠨᠢ ᠣᠢᠷ᠎ᠠ ᠶᠢᠨ ᠲᠥᠷᠥᠯ ᠶᠤᠮ᠃ 13 ᠴᠢ ᠡᠬᠡ ᠶᠢᠨ ᠢᠶᠠᠨ ᠡᠭᠡᠴᠢ ᠳᠡᠭᠦᠦ ᠶᠢᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠪᠣᠯ ᠡᠬᠡ ᠶᠢᠨ ᠴᠢᠨᠢ ᠣᠢᠷ᠎ᠠ ᠶᠢᠨ ᠲᠥᠷᠥᠯ ᠶᠤᠮ᠃ 14 ᠴᠢ ᠠᠪᠠᠭ᠎ᠠ ᠤᠨ ᠢᠶᠠᠨ ᠡᠬᠡᠨᠡᠷ ᠲᠡᠢ ᠬᠡᠪᠲᠡᠵᠦ ᠲᠡᠭᠦᠨ ᠦ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠪᠣᠯ ᠴᠢᠨᠦ ᠠᠪᠠᠭ᠎ᠠ ᠡᠵᠢ ᠶᠤᠮ᠃ 15 ᠴᠢ ᠪᠡᠷᠢ ᠶᠢᠨ ᠢᠶᠠᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠪᠣᠯ ᠬᠦᠦ ᠶᠢᠨ ᠴᠢᠨᠢ ᠡᠬᠡᠨᠡᠷ᠂ ᠲᠡᠭᠦᠨ ᠦ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ 16 ᠴᠢ ᠪᠡᠷᠭᠡᠨ ᠦ ᠪᠠᠨ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠲᠡᠷᠡ ᠪᠣᠯ ᠠᠬ᠎ᠠ ᠶᠢᠨ ᠴᠢᠨᠢ ᠨᠢᠴᠦᠭᠦᠨ ᠪᠡᠶ᠎ᠡ ᠶᠤᠮ᠃ 17 ᠴᠢᠮ᠎ᠠ ᠳᠤ ᠡᠬᠡᠨᠡᠷ ᠲᠡᠢ ᠪᠣᠯ ᠲᠡᠭᠦᠨ ᠦ ᠥᠬᠢᠨ ᠤ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ ᠮᠥᠨ ᠠᠴᠢ ᠥᠬᠢᠨ᠂ ᠡᠰᠡᠪᠡᠯ ᠵᠢᠭᠡ ᠥᠬᠢᠨ ᠢ ᠨᠢ ᠠᠪᠴᠤ᠂ ᠨᠢᠴᠦᠭᠦᠨ ᠪᠡᠶ᠎ᠡ ᠶᠢ ᠨᠢ ᠢᠯᠡ ᠭᠠᠷᠭᠠᠵᠤ ᠪᠣᠯᠬᠤ ᠦᠭᠡᠢ᠃ ᠲᠡᠳᠡ ᠣᠢᠷ᠎ᠠ ᠶᠢᠨ ᠲᠥᠷᠥᠯ ᠪᠣᠯᠬᠣᠷ ᠡᠢᠮᠦ ᠵᠠᠪᠬᠠᠢᠷᠠᠯ ᠦᠢᠯᠡᠳᠴᠦ ᠪᠣᠯᠬᠤ ᠦᠭᠡᠢ ᠶᠤᠮ᠃ 18 ᠴᠢ ᠡᠬᠡᠨᠡᠷ ᠢᠶᠡᠨ ᠠᠮᠢᠳᠤ ᠪᠠᠢᠬᠤ ᠳᠤᠨᠢ᠂ ᠲᠡᠭᠦᠨ ᠦ ᠡᠭᠡᠴᠢ ᠥᠬᠢᠨ ᠳᠡᠭᠦᠦ ᠶᠢ ᠠᠪᠴᠤ ᠨᠢᠴᠦᠭᠦᠨ ᠪᠡᠶ᠎ᠡ ᠶᠢ ᠨᠢ ᠢᠯᠡ ᠭᠠᠷᠭᠠᠵᠤ ᠪᠣᠯᠬᠤ ᠦᠭᠡᠢ᠂ ᠡᠰᠡ ᠲᠡᠭᠡᠪᠡᠯ ᠲᠡᠳᠡ ᠨᠠᠷ ᠥᠷᠢᠰᠥᠯᠳᠦᠭᠴᠢᠳ ᠪᠣᠯᠬᠤ ᠪᠣᠯᠣᠨ᠎ᠠ᠃
19 ᠰᠠᠷ᠎ᠠ ᠶᠢᠨ ᠲᠡᠮᠳᠡᠭ ᠦᠨ ᠴᠡᠪᠡᠷ ᠪᠤᠰᠤ ᠪᠠᠢᠳᠠᠯ ᠲᠠᠢ ᠡᠮᠡᠭᠲᠡᠢ ᠳᠦ ᠣᠢᠷᠠᠲᠤᠨ ᠲᠡᠭᠦᠨ ᠦ ᠨᠢᠴᠦᠭᠦᠨ ᠪᠡᠶ᠎ᠡ ᠶᠢ ᠢᠯᠡ ᠭᠠᠷᠭᠠᠵᠤ ᠪᠣᠯᠬᠤ ᠦᠭᠡᠢ᠃ 20 ᠴᠢ ᠬᠥᠷᠰᠢ ᠶᠢᠨ ᠢᠶᠠᠨ ᠡᠬᠡᠨᠡᠷ ᠲᠡᠢ ᠬᠡᠪᠲᠡᠭᠡᠳ ᠬᠤᠷᠢᠴᠠᠵᠤ ᠪᠣᠯᠬᠤ ᠦᠭᠡᠢ᠂ ᠡᠰᠡ ᠲᠡᠭᠡᠪᠡᠯ ᠴᠢ ᠲᠡᠭᠦᠨ ᠲᠡᠢ ᠬᠠᠮᠲᠤ ᠪᠤᠵᠠᠷᠲᠤᠬᠤ ᠪᠣᠯᠣᠨ᠎ᠠ᠃ 21 ᠮᠥᠨ ᠦᠷ᠎ᠡ ᠬᠡᠦᠬᠡᠳ ᠢᠶᠡᠨ ᠮᠣᠯᠧᠺ 11 ᠲᠤ ᠡᠷᠭᠦᠬᠦ ᠡᠷᠭᠦᠯ ᠪᠣᠯᠭᠠᠵᠤ ᠪᠣᠯᠬᠤ ᠦᠭᠡᠢ᠃ ᠴᠢ ᠪᠤᠷᠬᠠᠨ ᠤ ᠪᠠᠨ ᠨᠡᠷ᠎ᠡ ᠶᠢ ᠲᠡᠢᠨ ᠬᠦ ᠭᠤᠲᠤᠭᠠᠵᠤ ᠪᠣᠯᠬᠤ ᠦᠭᠡᠢ᠃ ᠪᠢ ᠪᠣᠯ ᠶᠣᠬᠣᠸᠠ᠃ 22 ᠴᠢ ᠡᠮ᠎ᠡ ᠬᠥᠮᠦᠨ ᠲᠡᠢ ᠬᠤᠷᠢᠴᠠᠳᠠᠭ ᠲᠠᠢ ᠠᠳᠠᠯᠢ ᠪᠠᠷ ᠡᠷ᠎ᠡ ᠬᠥᠮᠦᠨ ᠲᠡᠢ ᠬᠤᠷᠢᠴᠠᠵᠤ ᠪᠣᠯᠬᠤ ᠦᠭᠡᠢ᠃ ᠲᠡᠷᠡ ᠨᠢ ᠵᠢᠭᠰᠢᠭᠦᠷᠢᠲᠦ ᠶᠠᠪᠤᠳᠠᠯ ᠶᠤᠮ᠃ 23 ᠶᠠᠮᠠᠷ ᠴᠤ ᠠᠮᠢᠲᠠᠨ ᠲᠠᠢ ᠬᠤᠷᠢᠴᠠᠵᠤ ᠪᠣᠯᠬᠤ ᠦᠭᠡᠢ᠂ ᠴᠢ ᠲᠡᠭᠦᠨ ᠲᠡᠢ ᠬᠠᠮᠲᠤ ᠪᠤᠵᠠᠷᠲᠤᠬᠤ ᠪᠤᠢ᠃ ᠮᠥᠨ ᠡᠮᠡᠭᠲᠡᠢ ᠬᠥᠮᠦᠨ ᠮᠠᠯ ᠠᠮᠢᠲᠠᠨ ᠲᠠᠢ ᠨᠡᠢᠯᠡᠯᠳᠦᠬᠦ ᠪᠡᠷ ᠲᠡᠭᠦᠨ ᠦ ᠡᠮᠦᠨ᠎ᠡ ᠵᠣᠭᠰᠣᠵᠤ ᠪᠣᠯᠬᠤ ᠦᠭᠡᠢ᠃ ᠡᠨᠡ ᠨᠢ ᠭᠠᠵᠢ ᠶᠠᠪᠤᠳᠠᠯ ᠶᠤᠮ᠃
24 ᠡᠳᠡᠭᠡᠷ ᠶᠠᠪᠤᠳᠠᠯ ᠤᠨ ᠠᠯᠢ ᠨᠢᠭᠡ ᠪᠡᠷ ᠥᠪᠡᠷᠰᠡᠳ ᠢ ᠪᠠᠨ ᠪᠦᠦ ᠪᠤᠵᠠᠷᠯᠠ᠃ ᠲᠠ ᠨᠠᠷ ᠤᠨ ᠡᠮᠦᠨ᠎ᠡ ᠡᠴᠡ ᠮᠢᠨᠦ ᠬᠥᠭᠡᠭᠡᠵᠦ ᠪᠠᠢᠭ᠎ᠠ ᠦᠨᠳᠦᠰᠦᠲᠡᠨ ᠨᠦᠭᠦᠳ ᠶᠠᠭ ᠡᠳᠡᠭᠡᠷ ᠶᠠᠪᠤᠳᠠᠯ ᠢᠶᠠᠷ ᠪᠤᠵᠠᠷᠲᠤᠭᠰᠠᠨ ᠪᠥᠭᠡᠳ 25 ᠭᠠᠵᠠᠷ ᠨᠤᠲᠤᠭ ᠨᠢ ᠴᠤ ᠪᠤᠵᠠᠷᠲᠤᠭᠰᠠᠨ ᠶᠤᠮ᠃ ᠲᠡᠢᠮᠦ ᠡᠴᠡ ᠲᠡᠳᠡᠨ ᠦ ᠭᠡᠮ ᠪᠤᠷᠤᠭᠤ ᠶᠢ ᠪᠢ ᠰᠢᠳᠬᠡᠬᠦ ᠪᠥᠭᠡᠳ ᠲᠡᠷᠡ ᠨᠤᠲᠤᠭ ᠴᠤ ᠰᠠᠭᠤᠭᠠᠯᠢᠴᠢᠳ ᠢᠶᠠᠨ ᠪᠥᠭᠡᠯᠵᠢᠨ ᠭᠠᠷᠭᠠᠨ᠎ᠠ᠃ 26 ᠬᠠᠷᠢᠨ ᠲᠠ ᠨᠠᠷ ᠮᠢᠨᠦ ᠶᠣᠰᠣ ᠵᠢᠷᠤᠮ᠂ ᠮᠢᠨᠦ ᠲᠣᠭᠲᠠᠭᠠᠯ ᠢ ᠰᠠᠬᠢᠬᠤ ᠶᠣᠰᠣᠲᠠᠢ᠃ ᠤᠤᠭᠠᠯ ᠬᠥᠮᠦᠰ ᠴᠤ᠂ ᠲᠠ ᠨᠠᠷ ᠤᠨ ᠳᠤᠮᠳᠠ ᠠᠮᠢᠳᠤᠷᠠᠳᠠᠭ ᠬᠠᠷᠢ ᠶᠢᠨ ᠬᠥᠮᠦᠨ ᠴᠤ ᠡᠳᠡᠭᠡᠷ ᠵᠢᠭᠰᠢᠭᠦᠷᠢᠲᠦ ᠶᠠᠪᠤᠳᠠᠯ ᠤᠨ ᠠᠯᠢ ᠨᠢᠭᠡ ᠶᠢ ᠨᠢ ᠴᠤ ᠬᠢᠵᠦ ᠪᠣᠯᠬᠤ ᠦᠭᠡᠢ᠃ 27 ᠲᠠ ᠨᠠᠷ ᠠᠴᠠ ᠤᠷᠢᠳᠤ ᠡᠨᠡ ᠨᠤᠲᠤᠭ ᠲᠤ ᠠᠮᠢᠳᠤᠷᠠᠵᠤ ᠪᠠᠢᠭᠰᠠᠨ ᠬᠥᠮᠦᠰ ᠡᠳᠡᠭᠡᠷ ᠪᠦᠬᠦ ᠵᠢᠭᠰᠢᠭᠦᠷᠢᠲᠦ ᠶᠠᠪᠤᠳᠠᠯ ᠢ ᠬᠢᠭᠰᠡᠨ ᠳᠦ ᠭᠠᠵᠠᠷ ᠨᠤᠲᠤᠭ ᠨᠢ ᠪᠤᠵᠠᠷᠲᠤᠭᠰᠠᠨ ᠶᠤᠮ᠃ 28 ᠲᠠ ᠨᠠᠷ ᠴᠤ ᠲᠡᠷᠡ ᠨᠤᠲᠤᠭ ᠢ ᠪᠤᠵᠠᠷᠯᠠᠪᠠᠯ ᠲᠡᠷᠡ ᠨᠤᠲᠤᠭ ᠲᠠ ᠨᠠᠷ ᠠᠴᠠ ᠤᠷᠢᠳᠤ ᠪᠠᠢᠭᠰᠠᠨ ᠦᠨᠳᠦᠰᠦᠲᠡᠨ ᠨᠦᠭᠦᠳ ᠢ ᠪᠥᠭᠡᠯᠵᠢᠨ ᠭᠠᠷᠭᠠᠭᠰᠠᠨ ᠤ ᠠᠳᠠᠯᠢ ᠲᠠ ᠨᠠᠷ ᠢ ᠮᠥᠨ ᠪᠥᠭᠡᠯᠵᠢᠨ ᠭᠠᠷᠭᠠᠬᠤ ᠪᠣᠯᠣᠨ᠎ᠠ᠃ 29 ᠡᠢᠮᠦᠷᠬᠦ ᠵᠢᠭᠰᠢᠭᠦᠷᠢᠲᠦ ᠶᠠᠪᠤᠳᠠᠯ ᠤᠳ ᠤᠨ ᠠᠯᠢ ᠨᠢᠭᠡ ᠶᠢ ᠨᠢ ᠴᠤ ᠬᠢᠭᠰᠡᠨ ᠬᠥᠮᠦᠨ ᠪᠣᠯᠭᠠᠨ ᠠᠷᠠᠳ ᠲᠦᠮᠡᠨ ᠦ ᠪᠠᠨ ᠳᠤᠮᠳᠠ ᠠᠴᠠ ᠲᠠᠰᠤᠯᠤᠭᠳᠠᠬᠤ ᠪᠣᠯᠣᠨ᠎ᠠ᠃ 30 ᠡᠢᠮᠦ ᠡᠴᠡ ᠰᠠᠬᠢᠯᠭ᠎ᠠ ᠵᠢᠷᠤᠮ ᠢ ᠮᠢᠨᠢ ᠰᠠᠬᠢ᠃ ᠲᠡᠢᠨ ᠬᠦ ᠲᠠ ᠨᠠᠷ ᠥᠪᠡᠷᠰᠡᠳ ᠢ ᠴᠢᠨᠢ ᠢᠷᠡᠬᠦ ᠶᠢᠨ ᠡᠮᠦᠨ᠎ᠡ ᠬᠢᠭᠳᠡᠵᠦ ᠪᠠᠢᠭᠰᠠᠨ ᠡᠳᠡᠭᠡᠷ ᠵᠢᠭᠰᠢᠭᠦᠷᠢᠲᠦ ᠶᠣᠰᠣ ᠵᠢᠷᠤᠮ ᠢ ᠪᠦᠦ ᠳᠠᠭ᠎ᠠ᠃ ᠲᠡᠳᠡᠭᠡᠷ ᠢᠶᠡᠷ ᠥᠪᠡᠷᠰᠡᠳ ᠢ ᠪᠠᠨ ᠪᠦᠦ ᠪᠤᠵᠠᠷᠯᠠ᠃ ᠲᠠ ᠨᠠᠷ ᠤᠨ ᠪᠤᠷᠬᠠᠨ ᠪᠣᠯ ᠶᠣᠬᠣᠸᠠ ᠪᠢ》 ᠭᠡᠪᠡ᠃