1 2 3 4 5 6 7 8 9 10 11 12 13 14 15 16 17 18 19 20 21 22 23 24 25 26 27


ᠯᠧᠸᠢ ᠲᠠᠪᠤ

1 ᠬᠡᠷᠪᠡ ᠬᠡᠨ ᠨᠢᠭᠡ ᠨᠢ ᠬᠠᠷᠠᠭᠰᠠᠨ᠂ ᠡᠰᠡᠪᠡᠯ ᠮᠡᠳᠡᠭᠰᠡᠨ ᠢᠶᠡᠨ ᠭᠡᠷᠡᠴᠢᠯᠡᠬᠦ ᠪᠡᠷ ᠳᠠᠭᠤᠳᠠᠭᠳᠠᠨ ᠲᠠᠩ᠋ᠭᠠᠷᠢᠭ ᠬᠢᠭᠰᠡᠨ ᠵᠠᠷᠯᠢᠭ ᠢ ᠰᠣᠨᠣᠰᠣᠭᠰᠠᠨ ᠴᠤ ᠭᠡᠷᠡᠴᠢᠯᠡᠯ ᠬᠢᠬᠦ ᠦᠭᠡᠢ ᠪᠣᠯ᠂ ᠨᠢᠭᠦᠯ ᠦᠢᠯᠡᠳᠦᠭᠰᠡᠨ ᠪᠥᠭᠡᠳ ᠭᠡᠮ ᠪᠤᠷᠤᠭᠤ ᠶᠢ ᠡᠭᠦᠷᠬᠦ ᠪᠣᠯᠣᠨ᠎ᠠ᠃ 2 ᠬᠥᠮᠦᠨ ᠠᠯᠢᠪᠠ ᠪᠤᠵᠠᠷ ᠭᠡᠭᠳᠡᠳᠡᠭ ᠵᠦᠢᠯ ᠳᠤ᠂ ᠲᠤᠬᠠᠢᠯᠠᠪᠠᠯ ᠪᠤᠵᠠᠷ ᠠᠷᠢᠶᠠᠲᠠᠨ ᠤ ᠰᠡᠭ᠂ ᠪᠤᠵᠠᠷ ᠮᠠᠯ ᠤᠨ ᠰᠡᠭ᠂ ᠡᠰᠡᠪᠡᠯ ᠪᠤᠵᠠᠷ ᠮᠥᠯᠬᠥᠭᠴᠢ ᠠᠮᠢᠲᠠᠨ ᠤ ᠦᠬᠦᠳᠡᠯ ᠵᠡᠷᠭᠡ ᠳᠦ ᠬᠦᠷᠦᠭᠰᠡᠨ ᠲᠣᠬᠢᠶᠠᠯᠳᠤᠯ ᠳᠤ᠂ ᠡᠭᠦᠨ ᠢ ᠪᠠᠨ ᠮᠡᠳᠡᠭᠡ ᠦᠭᠡᠢ ᠪᠠᠢᠭᠰᠠᠨ ᠴᠤ ᠲᠡᠷᠡ ᠪᠡᠷ ᠪᠤᠵᠠᠷᠲᠤᠭᠰᠠᠨ ᠪᠥᠭᠡᠳ ᠭᠡᠮ ᠲᠡᠢ ᠶᠤᠮ᠃ 3 ᠬᠥᠮᠦᠨ ᠦ ᠠᠯᠢᠪᠠ ᠪᠤᠵᠠᠷ ᠲᠤ ᠬᠦᠷᠦᠭᠰᠡᠨ ᠬᠥᠮᠦᠨ ᠶᠠᠮᠠᠷ ᠵᠦᠢᠯ ᠤᠨ ᠪᠤᠵᠠᠷ ᠪᠠᠢᠭᠰᠠᠨ ᠴᠤ ᠬᠠᠮᠢᠶ᠎ᠠ ᠦᠭᠡᠢ᠂ ᠡᠭᠦᠨ ᠢ ᠪᠠᠨ ᠮᠡᠳᠡᠭᠡ ᠦᠭᠡᠢ ᠪᠠᠢᠭᠰᠠᠨ ᠢᠶᠠᠨ ᠮᠡᠳᠡᠭᠰᠡᠨ ᠴᠤ ᠭᠡᠮ ᠲᠡᠢ ᠶᠤᠮ᠃ 4 ᠬᠡᠨ ᠨᠢᠭᠡᠨ ᠨᠢ ᠰᠠᠢᠨ ᠢ ᠴᠤ᠂ ᠮᠠᠭᠤ ᠶᠢ ᠴᠤ ᠬᠢᠨ᠎ᠡ ᠭᠡᠵᠦ ᠪᠣᠳᠣᠯᠭ᠎ᠠ ᠦᠭᠡᠢ ᠪᠠᠷ ᠠᠮᠠᠯᠳᠤᠨ ᠲᠠᠩ᠋ᠭᠠᠷᠢᠭᠯᠠᠵᠤ᠂ ᠡᠭᠦᠨ ᠢ ᠪᠠᠨ ᠰᠠᠨᠠᠭᠠᠨ ᠳᠠᠭᠠᠨ ᠠᠪᠤᠭ᠎ᠠ ᠦᠭᠡᠢ ᠪᠠᠢᠭᠰᠠᠨ ᠢᠶᠠᠨ ᠳᠠᠷᠠᠭ᠎ᠠ ᠨᠢ ᠤᠬᠠᠭᠠᠷᠠᠪᠠᠯ ᠲᠡᠷᠡ ᠲᠠᠯ᠎ᠠ ᠪᠠᠷ ᠭᠡᠮ ᠲᠡᠢ ᠶᠤᠮ᠃ 5 ᠡᠳᠡᠭᠡᠷ ᠦᠨ ᠠᠯᠢ ᠨᠢᠭᠡᠨ ᠢᠶᠡᠷ ᠭᠡᠮ ᠲᠡᠢ ᠪᠣᠯᠣᠭᠰᠠᠨ ᠬᠥᠮᠦᠨ ᠦᠢᠯᠡᠳᠦᠭᠰᠡᠨ ᠨᠢᠭᠦᠯ ᠢᠶᠡᠨ ᠤᠯᠠᠢᠬᠤ ᠪᠥᠭᠡᠳ 6 ᠨᠢᠭᠦᠯ ᠦᠨ ᠢᠶᠠᠨ ᠲᠥᠯᠥᠭᠡ ᠮᠠᠯ ᠰᠦᠷᠦᠭ ᠡᠴᠡ ᠪᠡᠨ ᠥᠪᠡᠷ ᠦᠨ ᠭᠡᠮ ᠦᠨ ᠲᠠᠬᠢᠯ ᠪᠣᠯᠭᠠᠬᠤ ᠥᠬᠢᠨ ᠬᠤᠷᠠᠭ᠎ᠠ᠂ ᠡᠰᠡᠪᠡᠯ ᠥᠬᠢᠨ ᠢᠰᠢᠭᠡ ᠠᠪᠴᠢᠷᠠᠬᠤ ᠶᠣᠰᠣᠲᠠᠢ᠃ ᠲᠡᠭᠡᠪᠡᠯ ᠲᠠᠬᠢᠯᠴᠢ ᠲᠡᠭᠦᠨ ᠦ ᠭᠡᠮ ᠦᠨ ᠲᠥᠯᠥᠭᠡᠬᠢ ᠬᠡᠯᠲᠦᠷᠢᠭᠦᠯᠦᠯᠭᠡ ᠶᠢ ᠬᠢᠨ᠎ᠡ᠃

7 ᠬᠡᠷᠪᠡ ᠲᠡᠷᠡ ᠬᠥᠮᠦᠨ ᠬᠤᠷᠠᠭ᠎ᠠ ᠥᠭᠬᠦ ᠴᠢᠳᠠᠯ ᠦᠭᠡᠢ ᠪᠠᠢᠪᠠᠯ ᠦᠢᠯᠡᠳᠦᠭᠰᠡᠨ ᠨᠢᠭᠦᠯ ᠦᠨ ᠢᠶᠠᠨ ᠲᠥᠯᠥᠭᠡ ᠬᠣᠶᠠᠷ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ ᠶᠢ ᠶᠣᠬᠣᠸᠠ ᠳᠤ ᠠᠪᠴᠢᠷᠠᠵᠤ᠂ ᠨᠢᠭᠡ ᠶᠢ ᠨᠢ ᠨᠢᠭᠦᠯ ᠦᠨ ᠲᠠᠬᠢᠯ᠂ ᠨᠥᠭᠥᠭᠡ ᠶᠢ ᠨᠢ ᠰᠢᠲᠠᠭᠠᠯᠭᠠᠲᠤ ᠲᠠᠬᠢᠯ ᠪᠣᠯᠭᠠᠨ ᠡᠷᠭᠦᠬᠦ ᠶᠣᠰᠣᠲᠠᠢ᠃ 8 ᠲᠡᠷᠡ ᠲᠡᠳᠡᠭᠡᠷ ᠢ ᠲᠠᠬᠢᠯᠴᠢᠳ ᠲᠤ ᠠᠪᠴᠢᠷᠠᠪᠠᠯ ᠲᠠᠬᠢᠯᠴᠢ ᠨᠢᠭᠦᠯ ᠦᠨ ᠲᠠᠬᠢᠯ ᠳᠤ ᠵᠣᠷᠢᠭᠤᠯᠤᠭᠰᠠᠨ ᠨᠢᠭᠡ ᠶᠢ ᠨᠢ ᠤᠷᠢᠳᠠᠪᠠᠷ ᠡᠷᠭᠦᠵᠦ᠂ ᠲᠣᠯᠣᠭᠠᠢ ᠶᠢ ᠨᠢ ᠰᠢᠯᠢᠨ ᠬᠦᠵᠦᠭᠦᠨ ᠦ ᠬᠢᠨᠢ ᠤᠭ ᠢᠶᠠᠷ ᠮᠤᠰᠬᠢᠨ᠎ᠠ᠂ ᠬᠠᠷᠢᠨ ᠲᠣᠯᠣᠭᠠᠢ ᠶᠢ ᠨᠢ ᠪᠡᠶ᠎ᠡ ᠡᠴᠡ ᠨᠢ ᠰᠠᠯᠭᠠᠵᠤ ᠪᠣᠯᠬᠤ ᠦᠭᠡᠢ᠃ 9 ᠲᠠᠬᠢᠯᠴᠢ ᠨᠢᠭᠦᠯ ᠦᠨ ᠲᠠᠬᠢᠯ ᠤᠨ ᠴᠢᠰᠤᠨ ᠠᠴᠠ ᠲᠠᠬᠢᠯ ᠤᠨ ᠰᠢᠷᠡᠭᠡᠨ ᠦ ᠬᠠᠵᠠᠭᠤ ᠤᠷᠤᠭᠤ ᠰᠠᠴᠤᠭᠠᠳ ᠦᠯᠡᠳᠡᠭᠰᠡᠨ ᠴᠢᠰᠤ ᠶᠢ ᠨᠢ ᠲᠠᠬᠢᠯ ᠤᠨ ᠰᠢᠷᠡᠭᠡᠨ ᠦ ᠰᠠᠭᠤᠷᠢ ᠤᠷᠤᠭᠤ ᠭᠣᠭᠣᠵᠢᠭᠤᠯᠤᠨ᠎ᠠ᠃ ᠡᠨᠡ ᠪᠣᠯ ᠨᠢᠭᠦᠯ ᠦᠨ ᠲᠠᠬᠢᠯ ᠶᠤᠮ᠃ 10 ᠲᠡᠭᠡᠭᠡᠳ ᠲᠡᠷᠡ ᠳᠠᠷᠠᠭᠠᠬᠢ ᠶᠢ ᠨᠢ ᠰᠢᠲᠠᠭᠠᠯᠭᠠᠲᠤ ᠲᠠᠬᠢᠯ ᠪᠣᠯᠭᠠᠨ ᠵᠢᠷᠤᠮ ᠤᠨ ᠳᠠᠭᠠᠤ ᠡᠷᠭᠦᠨ᠎ᠡ᠃ ᠡᠢᠨ ᠬᠦ ᠲᠠᠬᠢᠯᠴᠢ ᠲᠡᠭᠦᠨ ᠦ ᠦᠢᠯᠡᠳᠦᠭᠰᠡᠨ ᠨᠢᠭᠦᠯ ᠦᠨ ᠲᠥᠯᠥᠭᠡᠬᠢ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠠᠭᠤᠴᠢᠯᠠᠭᠳᠠᠬᠤ ᠪᠣᠯᠣᠨ᠎ᠠ᠃

11 ᠬᠡᠷᠪᠡ ᠲᠡᠷᠡ ᠬᠥᠮᠦᠨ ᠬᠣᠶᠠᠷ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ ᠠᠪᠴᠢᠷᠠᠬᠤ ᠴᠢᠳᠠᠯ ᠦᠭᠡᠢ ᠪᠠᠢᠪᠠᠯ ᠦᠢᠯᠡᠳᠦᠭᠰᠡᠨ ᠨᠢᠭᠦᠯ ᠦᠨ ᠢᠶᠠᠨ ᠲᠥᠯᠥᠭᠡ ᠡᠹᠠ ᠶᠢᠨ ᠠᠷᠪᠠᠨ ᠤ ᠨᠢᠭᠡ 1  ᠶᠢᠨ ᠨᠠᠷᠢᠯᠢᠭ᠋ ᠭᠤᠯᠢᠷ ᠢ ᠨᠢᠭᠦᠯ ᠦᠨ ᠲᠠᠬᠢᠯ ᠪᠣᠯᠭᠠᠨ ᠠᠪᠴᠢᠷᠠᠬᠤ ᠶᠣᠰᠣᠲᠠᠢ᠃ ᠡᠨᠡ ᠨᠢ ᠨᠢᠭᠦᠯ ᠦᠨ ᠲᠠᠬᠢᠯ ᠪᠣᠯᠬᠣᠷ ᠲᠡᠭᠦᠨ ᠳᠡᠭᠡᠷ᠎ᠡ ᠪᠡᠨ ᠲᠣᠰᠣ ᠠᠰᠬᠠᠵᠤ ᠪᠣᠯᠬᠤ ᠦᠭᠡᠢ᠂ ᠭᠦᠭᠦᠯ ᠲᠠᠯᠪᠢᠵᠤ ᠪᠣᠯᠬᠤ ᠦᠭᠡᠢ᠃ 12 ᠲᠡᠷᠡ ᠲᠡᠭᠦᠨ ᠢ ᠲᠠᠬᠢᠯᠴᠢ ᠳᠤ ᠠᠪᠴᠢᠷᠠᠪᠠᠯ ᠲᠠᠬᠢᠯᠴᠢ ᠲᠡᠭᠦᠨ ᠡᠴᠡ ᠨᠢ ᠠᠳᠬᠤ ᠶᠢ ᠳᠤᠷᠠᠰᠬᠠᠯ ᠤᠨ ᠬᠤᠪᠢ ᠪᠣᠯᠭᠠᠨ ᠠᠪᠴᠤ᠂ ᠶᠣᠬᠣᠸᠠ ᠳᠤ ᠡᠷᠭᠦᠬᠦ ᠭᠠᠯ ᠤᠨ ᠲᠠᠬᠢᠯ ᠤᠳ ᠤᠨ ᠬᠠᠮᠲᠤ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠪᠣᠯᠣᠨ᠎ᠠ᠃ ᠡᠨᠡ ᠪᠣᠯ ᠨᠢᠭᠦᠯ ᠦᠨ ᠲᠠᠬᠢᠯ ᠶᠤᠮ᠃ 13 ᠡᠢᠨ ᠬᠦ ᠲᠠᠬᠢᠯᠴᠢ ᠡᠳᠡᠭᠡᠷ ᠨᠢᠭᠦᠯ ᠦᠨ ᠠᠯᠢ ᠨᠢᠭᠡ ᠶᠢ ᠨᠢ ᠦᠢᠯᠡᠳᠦᠭᠰᠡᠨ ᠬᠥᠮᠦᠨ ᠦ ᠡᠮᠦᠨ᠎ᠡ ᠡᠴᠡ ᠨᠢᠭᠦᠯ ᠦᠨ ᠬᠢᠨᠢ ᠲᠥᠯᠥᠭᠡᠬᠢ ᠭᠡᠮ ᠦᠨ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠪᠡᠷ ᠠᠭᠤᠴᠢᠯᠠᠭᠳᠠᠨ᠎ᠠ᠃ ᠦᠯᠡᠳᠡᠪᠦᠷᠢ ᠨᠢ ᠢᠳᠡᠭᠡᠨ ᠲᠠᠬᠢᠯ ᠤᠨ ᠠᠳᠠᠯᠢ ᠲᠠᠬᠢᠯᠴᠢ ᠶᠢᠨ ᠬᠢ ᠪᠣᠯᠣᠨ᠎ᠠ》 ᠭᠡᠯ᠎ᠡ᠃
 ᠭᠡᠮ ᠦᠨ ᠲᠠᠬᠢᠯ

14 ᠶᠣᠬᠣᠸᠠ ᠮᠣᠰᠧ ᠳᠤ ᠠᠢᠯᠠᠳᠬᠤ ᠳᠠᠭᠠᠨ᠄ 15 《ᠬᠡᠷᠪᠡ ᠬᠥᠮᠦᠨ ᠰᠠᠨᠠᠮᠰᠠᠷ ᠦᠭᠡᠢ ᠪᠠᠷ ᠵᠢᠷᠤᠮ ᠡᠪᠳᠡᠵᠦ᠂ ᠶᠣᠬᠣᠸᠠ ᠶᠢᠨ ᠠᠷᠢᠭᠤᠨ ᠵᠦᠢᠯᠡᠰ ᠦᠨ ᠡᠰᠡᠷᠭᠦ ᠨᠢᠭᠦᠯ ᠦᠢᠯᠡᠳᠬᠦ ᠲᠣᠬᠢᠶᠠᠯᠳᠤᠯ ᠳᠤ᠂ ᠭᠡᠮ ᠦᠨ ᠲᠠᠬᠢᠯ ᠳᠠᠭᠠᠨ ᠠᠷᠢᠭᠤᠨ ᠭᠠᠵᠠᠷ ᠤᠨ ᠪᠠᠷᠢᠮᠵᠢᠶ᠎ᠠ ᠪᠠᠷ ᠴᠢᠨᠦ ᠦᠨᠡᠯᠡᠭᠰᠡᠨ ᠮᠥᠩᠭᠥᠨ ᠳᠤ ᠲᠡᠩᠴᠡᠬᠦ ᠰᠣᠭᠣᠭ ᠦᠭᠡᠢ ᠬᠤᠴᠠ ᠶᠢ ᠰᠦᠷᠦᠭ ᠡᠴᠡ ᠪᠡᠨ ᠶᠣᠬᠣᠸᠠ ᠳᠤ ᠠᠪᠴᠢᠷᠠᠬᠤ ᠶᠣᠰᠣᠲᠠᠢ᠃ 16 ᠲᠡᠷᠡ ᠬᠥᠮᠦᠨ ᠠᠷᠢᠭᠤᠨ ᠵᠦᠢᠯᠡᠰ ᠦᠨ ᠡᠰᠡᠷᠭᠦ ᠨᠢᠭᠦᠯ ᠦᠢᠯᠡᠳᠦᠭᠰᠡᠨ ᠦ ᠪᠠᠨ ᠲᠥᠯᠥᠭᠡᠬᠢ ᠲᠥᠯᠥᠪᠥᠷᠢ ᠳᠡᠭᠡᠷ᠎ᠡ ᠪᠡᠨ ᠳᠠᠬᠢᠨ ᠲᠠᠪᠤᠨ ᠤ ᠨᠢᠭᠡ ᠶᠢ ᠨᠢ ᠨᠡᠮᠡᠨ ᠲᠠᠬᠢᠯᠴᠢ ᠳᠤ ᠥᠭᠬᠦ ᠶᠣᠰᠣᠲᠠᠢ᠃ ᠲᠠᠬᠢᠯᠴᠢ ᠭᠡᠮ ᠦᠨ ᠲᠠᠬᠢᠯ ᠤᠨ ᠬᠤᠴᠠ ᠪᠠᠷ ᠲᠡᠭᠦᠨ ᠦ ᠲᠥᠯᠥᠭᠡᠬᠢ ᠭᠡᠮ ᠦᠨ ᠬᠡᠯᠲᠦᠷᠢᠭᠦᠯᠦᠯᠭᠡ ᠶᠢ ᠬᠢᠬᠦ ᠪᠥᠭᠡᠳ ᠲᠡᠷᠡ ᠠᠭᠤᠴᠢᠯᠠᠭᠳᠠᠨ᠎ᠠ᠃

17 ᠬᠥᠮᠦᠨ ᠶᠣᠬᠣᠸᠠ ᠶᠢᠨ ᠬᠣᠷᠢᠭᠯᠠᠭᠰᠠᠨ ᠵᠦᠢᠯ ᠤᠨ ᠠᠯᠢ ᠨᠢᠭᠡ ᠶᠢ ᠵᠥᠷᠢᠴᠡᠵᠦ ᠨᠢᠭᠦᠯ ᠦᠢᠯᠡᠳᠦᠭᠰᠡᠨ ᠲᠣᠬᠢᠶᠠᠯᠳᠤᠯ ᠳᠤ᠂ ᠬᠡᠳᠦᠢᠪᠡᠷ ᠡᠭᠦᠨ ᠢ ᠪᠠᠨ ᠤᠬᠠᠭᠠᠷᠠᠭ᠎ᠠ ᠦᠭᠡᠢ ᠪᠠᠢᠭᠰᠠᠨ ᠴᠤ ᠲᠡᠷᠡ ᠭᠡᠮ ᠲᠡᠢ ᠪᠣᠯᠬᠤ ᠪᠥᠭᠡᠳ ᠭᠡᠮ ᠪᠤᠷᠤᠭᠤ ᠳᠠᠭᠠᠨ ᠬᠠᠷᠢᠭᠤᠴᠠᠬᠤ ᠶᠣᠰᠣᠲᠠᠢ᠃ 18 ᠲᠡᠷᠡ ᠪᠡᠷ ᠰᠦᠷᠦᠭ ᠡᠴᠡ ᠪᠡᠨ ᠴᠢᠨᠦ ᠦᠨᠡᠯᠡᠭᠰᠡᠨ ᠮᠥᠩᠭᠥᠨ ᠳᠤ ᠲᠡᠩᠴᠡᠬᠦ ᠰᠣᠭᠣᠭ ᠦᠭᠡᠢ ᠬᠤᠴᠠ ᠶᠢ ᠭᠡᠮ ᠦᠨ ᠲᠠᠬᠢᠯ ᠪᠣᠯᠭᠠᠨ ᠲᠠᠬᠢᠯᠴᠢ ᠳᠤ ᠠᠪᠴᠢᠷᠠᠪᠠᠯ᠂ ᠲᠠᠬᠢᠯᠴᠢ ᠲᠡᠭᠦᠨ ᠦ ᠡᠮᠦᠨ᠎ᠡ ᠡᠴᠡ ᠰᠠᠨᠠᠮᠰᠠᠷ ᠦᠭᠡᠢ ᠦᠢᠯᠡᠳᠦᠭᠰᠡᠨ ᠠᠯᠳᠠᠭ᠎ᠠ ᠶᠢᠨ ᠬᠢᠨᠢ ᠲᠥᠯᠥᠭᠡᠬᠢ ᠬᠡᠯᠲᠦᠷᠢᠭᠦᠯᠦᠯᠭᠡ ᠢ ᠬᠢᠬᠦ ᠪᠥᠭᠡᠳ ᠲᠡᠷᠡ ᠪᠡᠷ ᠠᠭᠤᠴᠢᠯᠠᠭᠳᠠᠬᠤ ᠪᠣᠯᠣᠨ᠎ᠠ᠃ 19 ᠡᠨᠡ ᠪᠣᠯ ᠶᠣᠬᠣᠸᠠ ᠶᠢᠨ ᠡᠮᠦᠨ᠎ᠡ ᠭᠡᠮ ᠲᠡᠢ ᠪᠣᠯᠣᠭᠰᠠᠨ ᠬᠥᠮᠦᠨ ᠦ ᠭᠡᠮ ᠦᠨ ᠲᠠᠬᠢᠯ ᠶᠤᠮ》 ᠭᠡᠪᠡ᠃