ᠯᠧᠸᠢ ᠬᠣᠷᠢᠨ ᠬᠣᠶᠠᠷ
ᠡᠷᠭᠦᠯ ᠦᠨ ᠠᠷᠢᠭᠤᠨ ᠪᠠᠢᠳᠠᠯ
1 ᠶᠣᠬᠣᠸᠠ ᠮᠣᠰᠧ ᠳᠤ ᠠᠢᠯᠠᠳᠤᠨ᠄ 2 《ᠠᠷᠣᠨ ᠪᠣᠯᠣᠨ ᠲᠡᠭᠦᠨ ᠦ ᠬᠥᠪᠡᠭᠦᠳ ᠲᠦ ᠵᠠᠬᠢ᠄ ᠢᠰᠷᠧᠯᠴᠦᠳ ᠦᠨ ᠨᠠᠳᠠ ᠳᠤ ᠡᠷᠭᠦᠳᠡᠭ ᠠᠷᠢᠭᠤᠨ ᠬᠠᠨᠳᠢᠪ ᠢ ᠲᠡᠳᠡ ᠡᠷᠬᠢᠮᠯᠡᠬᠦ ᠶᠣᠰᠣᠲᠠᠢ᠃ ᠡᠰᠡ ᠪᠥᠭᠡᠰᠦ ᠲᠡᠳᠡ ᠮᠢᠨᠦ ᠠᠷᠢᠭᠤᠨ ᠨᠡᠷ᠎ᠡ ᠶᠢ ᠭᠤᠲᠤᠭᠠᠬᠤ ᠪᠣᠯᠣᠨ᠎ᠠ᠃ ᠪᠢ ᠪᠣᠯ ᠶᠣᠬᠣᠸᠠ᠃ 3 ᠲᠡᠳᠡᠨ ᠳᠦ ᠵᠠᠬᠢ᠄ ᠲᠠ ᠨᠠᠷ ᠤᠨ ᠬᠣᠢᠴᠢ ᠦᠶ᠎ᠡ ᠶᠢᠨ ᠦᠷ᠎ᠡ ᠤᠳᠤᠮ ᠠᠴᠠ ᠬᠡᠨ ᠴᠤ ᠪᠤᠵᠠᠷᠲᠤᠭᠰᠠᠨ ᠪᠠᠢᠳᠠᠯ ᠢᠶᠠᠷ ᠢᠶᠠᠨ ᠢᠰᠷᠧᠯᠴᠦᠳ ᠦᠨ ᠶᠣᠬᠣᠸᠠ ᠳᠤ ᠡᠷᠭᠦᠭᠰᠡᠨ ᠠᠷᠢᠭᠤᠨ ᠬᠠᠨᠳᠢᠪ ᠲᠤ ᠣᠢᠷᠠᠲᠤᠪᠠᠯ ᠲᠡᠷᠡ ᠬᠥᠮᠦᠨ ᠮᠢᠨᠦ ᠡᠮᠦᠨ᠎ᠡ ᠡᠴᠡ ᠲᠠᠰᠤᠯᠤᠭᠳᠠᠬᠤ ᠪᠣᠯᠣᠨ᠎ᠠ᠃ ᠪᠢ ᠪᠣᠯ ᠶᠣᠬᠣᠸᠠ᠃ 4 ᠠᠷᠣᠨ ᠤ ᠦᠷ᠎ᠡ ᠤᠳᠤᠮ ᠠᠴᠠ ᠠᠷᠠᠰᠤᠨ ᠤ ᠬᠠᠯᠳᠠᠪᠤᠷᠢᠲᠤ ᠡᠪᠡᠳᠴᠢᠲᠡᠢ᠂ ᠡᠰᠡᠪᠡᠯ ᠭᠣᠭᠣᠵᠢᠳᠠᠰᠤ ᠲᠠᠢ ᠬᠥᠮᠦᠨ ᠴᠡᠪᠡᠷ ᠪᠣᠯᠬᠤ ᠠᠴᠠ ᠨᠠᠰᠢ ᠠᠷᠢᠭᠤᠨ ᠬᠠᠨᠳᠢᠪ ᠠᠴᠠ ᠢᠳᠡᠵᠦ ᠪᠣᠯᠬᠤ ᠦᠭᠡᠢ᠃ ᠮᠥᠨ ᠬᠡᠭᠦᠷ ᠢᠶᠡᠷ ᠪᠤᠵᠠᠷᠲᠤᠭᠰᠠᠨ ᠶᠠᠮᠠᠷ ᠨᠢᠭᠡᠨ ᠵᠦᠢᠯ ᠳᠤ ᠬᠦᠷᠦᠭᠰᠡᠨ ᠬᠥᠮᠦᠨ᠂ ᠡᠰᠡᠪᠡᠯ ᠦᠷ᠎ᠡ ᠶᠢᠨ ᠰᠢᠩᠭᠡᠨ ᠢᠶᠡᠨ ᠭᠠᠷᠭᠠᠭᠰᠠᠨ ᠬᠥᠮᠦᠨ᠂ 5 ᠪᠤᠵᠠᠷᠲᠤᠭᠤᠯᠬᠤ ᠶᠠᠮᠠᠷ ᠨᠢᠭᠡᠨ ᠮᠥᠯᠬᠥᠭᠴᠢ ᠳᠤ ᠬᠦᠷᠦᠭᠰᠡᠨ ᠬᠥᠮᠦᠨ᠂ ᠶᠠᠮᠠᠷ ᠨᠢᠭᠡᠨ ᠪᠠᠢᠳᠠᠯ ᠢᠶᠠᠷ ᠪᠤᠵᠠᠷᠲᠤᠭᠰᠠᠨ᠂ ᠪᠤᠵᠠᠷᠲᠤᠭᠤᠯᠵᠤ ᠮᠡᠳᠡᠬᠦ ᠠᠯᠢᠪᠠ ᠬᠥᠮᠦᠨ ᠳᠦ ᠬᠦᠷᠦᠭᠰᠡᠨ ᠬᠥᠮᠦᠨ᠂ 6 ᠡᠳᠡᠭᠡᠷ ᠲᠦ ᠬᠦᠷᠦᠭᠰᠡᠨ ᠬᠥᠮᠦᠨ ᠦᠳᠡᠰᠢ ᠪᠣᠯᠲᠠᠯ᠎ᠠ ᠪᠤᠵᠠᠷᠲᠤᠭᠰᠠᠨ ᠪᠠᠢᠬᠤ ᠪᠣᠯᠣᠨ᠎ᠠ᠃ ᠡᠭᠦᠨ ᠦ ᠳᠠᠷᠠᠭ᠎ᠠ ᠪᠡᠶ᠎ᠡ ᠪᠡᠨ ᠤᠰᠤᠨ ᠳᠤ ᠤᠬᠢᠶᠠᠬᠤ ᠠᠴᠠ ᠨᠠᠰᠢ ᠠᠷᠢᠭᠤᠨ ᠬᠠᠨᠳᠢᠪ ᠠᠴᠠ ᠢᠳᠡᠵᠦ ᠪᠣᠯᠬᠤ ᠦᠭᠡᠢ᠃ 7 ᠬᠠᠷᠢᠨ ᠨᠠᠷᠠ ᠵᠢᠷᠭᠠᠬᠤ ᠳᠤ ᠲᠡᠷᠡ ᠬᠥᠮᠦᠨ ᠴᠡᠪᠡᠷ ᠪᠣᠯᠵᠤ᠂ ᠡᠭᠦᠨ ᠦ ᠳᠠᠷᠠᠭ᠎ᠠ ᠥᠪᠡᠷ ᠦᠨ ᠬᠣᠭᠣᠯᠠ ᠬᠦᠨᠡᠰᠦ ᠪᠣᠯᠬᠤ ᠠᠷᠢᠭᠤᠨ ᠬᠠᠨᠳᠢᠪ ᠠᠴᠠ ᠢᠳᠡᠵᠦ ᠪᠣᠯᠣᠨ᠎ᠠ᠃ 8 ᠭᠡᠪᠡᠴᠦ ᠠᠶᠠᠨᠳᠠᠭᠠᠨ ᠦᠬᠦᠭᠰᠡᠨ᠂ ᠡᠰᠡᠪᠡᠯ ᠠᠷᠢᠶᠠᠲᠠᠨ ᠳᠤ ᠲᠠᠰᠤᠳᠠᠭᠤᠯᠤᠭᠰᠠᠨ ᠰᠡᠭ ᠢᠳᠡᠵᠦ᠂ ᠲᠡᠭᠦᠨ ᠢᠶᠡᠷ ᠪᠤᠵᠠᠷᠲᠤᠵᠤ ᠪᠣᠯᠬᠤ ᠦᠭᠡᠢ᠃ ᠪᠢ ᠪᠣᠯ ᠶᠣᠬᠣᠸᠠ᠃ 9 ᠲᠡᠢᠮᠦ ᠶᠢᠨ ᠲᠤᠯᠠ ᠲᠠᠬᠢᠯᠴᠢᠳ ᠮᠢᠨᠦ ᠲᠣᠭᠲᠠᠭᠠᠯ ᠢ ᠰᠠᠬᠢᠬᠤ ᠶᠣᠰᠣᠲᠠᠢ᠃ ᠡᠭᠦᠨ ᠢ ᠭᠤᠲᠤᠭᠠᠭᠰᠠᠨ ᠢᠶᠠᠷ ᠢᠶᠠᠨ ᠨᠢᠭᠦᠯ ᠡᠭᠦᠷᠴᠦ ᠦᠬᠦᠬᠦ ᠪᠤᠢ᠃ ᠶᠣᠬᠣᠸᠠ ᠪᠢ ᠲᠡᠳᠡᠨ ᠢ ᠠᠷᠢᠭᠤᠨ ᠪᠠᠢᠯᠭᠠᠬᠤ ᠪᠠᠷ ᠲᠤᠰᠠᠭᠠᠷᠯᠠᠭᠰᠠᠨ ᠶᠤᠮ᠃ 10 ᠭᠠᠳᠠᠨ᠎ᠠ ᠶᠢᠨ ᠶᠠᠮᠠᠷ ᠴᠤ ᠬᠥᠮᠦᠨ ᠠᠷᠢᠭᠤᠨ ᠬᠠᠨᠳᠢᠪ ᠠᠴᠠ ᠢᠳᠡᠵᠦ ᠦᠯᠦ ᠪᠣᠯᠣᠨ᠎ᠠ᠃ ᠲᠠᠬᠢᠯᠴᠢ ᠶᠢᠨ ᠳᠤ ᠰᠠᠭᠤᠵᠤ ᠪᠠᠢᠭ᠎ᠠ ᠬᠥᠮᠦᠨ ᠴᠤ᠂ ᠬᠥᠯᠥᠰᠥᠨ ᠦ ᠬᠥᠮᠦᠨ ᠴᠤ ᠠᠷᠢᠭᠤᠨ ᠬᠠᠨᠳᠢᠪ ᠠᠴᠠ ᠢᠳᠡᠵᠦ ᠪᠣᠯᠬᠤ ᠦᠭᠡᠢ᠃ 11 ᠭᠡᠪᠡᠴᠦ ᠲᠠᠬᠢᠯᠴᠢ ᠶᠢᠨ ᠥᠪᠡᠷ ᠦᠨ ᠢᠶᠠᠨ ᠮᠥᠩᠭᠥ ᠪᠡᠷ ᠬᠤᠳᠠᠯᠳᠤᠵᠤ ᠠᠪᠤᠭᠰᠠᠨ ᠬᠥᠮᠦᠨ᠂ ᠲᠡᠭᠦᠨ ᠦ ᠭᠡᠷ ᠲᠦ ᠲᠥᠷᠥᠭᠰᠡᠳ ᠬᠣᠭᠣᠯᠠ ᠬᠦᠨᠡᠰᠦᠨ ᠡᠴᠡ ᠨᠢ ᠢᠳᠡᠵᠦ ᠪᠣᠯᠣᠨ᠎ᠠ᠃ 12 ᠲᠠᠬᠢᠯᠴᠢ ᠶᠢᠨ ᠥᠬᠢᠨ ᠭᠠᠳᠠᠨ᠎ᠠ ᠶᠢᠨ ᠬᠥᠮᠦᠨ ᠲᠡᠢ ᠭᠡᠷᠯᠡᠭᠰᠡᠨ ᠲᠣᠬᠢᠶᠠᠯᠳᠤᠯ ᠳᠤ᠂ ᠠᠷᠢᠭᠤᠨ ᠬᠠᠨᠳᠢᠪ ᠤᠨ ᠡᠷᠭᠦᠯ ᠡᠴᠡ ᠢᠳᠡᠵᠦ ᠪᠣᠯᠬᠤ ᠦᠭᠡᠢ᠃ 13 ᠭᠡᠪᠡᠴᠦ ᠲᠡᠷᠡ ᠪᠡᠯᠪᠡᠰᠦᠷᠡᠬᠦ᠂ ᠡᠰᠡᠪᠡᠯ ᠬᠥᠭᠡᠭᠡᠭᠳᠡᠭᠰᠡᠨ ᠪᠥᠭᠡᠳ ᠦᠷ᠎ᠡ ᠬᠡᠦᠬᠡᠳ ᠦᠭᠡᠢ ᠲᠣᠬᠢᠶᠠᠯᠳᠤᠯ ᠳᠤ᠂ ᠵᠠᠯᠠᠭᠤ ᠦᠶ᠎ᠡ ᠶᠢᠨ ᠬᠢ ᠰᠢᠭ ᠢᠶᠠᠨ ᠡᠴᠢᠭᠡ ᠶᠢᠨ ᠢᠶᠠᠨ ᠭᠡᠷ ᠲᠦ ᠪᠤᠴᠠᠵᠤ ᠢᠷᠡᠪᠡᠯ᠂ ᠲᠡᠷᠡ ᠪᠡᠷ ᠡᠴᠢᠭᠡ ᠶᠢᠨ ᠢᠶᠠᠨ ᠬᠣᠭᠣᠯᠠᠨ ᠠᠴᠠ ᠢᠳᠡᠵᠦ ᠪᠣᠯᠣᠨ᠎ᠠ᠃ ᠬᠠᠷᠢᠨ ᠭᠠᠳᠠᠨ᠎ᠠ ᠶᠢᠨ ᠶᠠᠮᠠᠷ ᠴᠤ ᠬᠥᠮᠦᠨ ᠲᠡᠭᠦᠨ ᠡᠴᠡ ᠢᠳᠡᠵᠦ ᠪᠣᠯᠬᠤ ᠦᠭᠡᠢ᠃ 14 ᠬᠡᠷᠪᠡ ᠬᠥᠮᠦᠨ ᠠᠷᠢᠭᠤᠨ ᠬᠠᠨᠳᠢᠪ ᠠᠴᠠ ᠰᠠᠨᠠᠮᠰᠠᠷ ᠦᠭᠡᠢ ᠪᠠᠷ ᠢᠳᠡᠭᠰᠡᠨ ᠲᠣᠬᠢᠶᠠᠯᠳᠤᠯ ᠳᠤ᠂ ᠨᠥᠭᠥᠭᠡ ᠠᠷᠢᠭᠤᠨ ᠬᠠᠨᠳᠢᠪ ᠤᠨ ᠦᠨ᠎ᠡ ᠳᠡᠭᠡᠷ᠎ᠡ ᠲᠠᠪᠤᠨ ᠤ ᠨᠢᠭᠡ ᠶᠢ ᠨᠡᠮᠡᠵᠦ᠂ ᠲᠠᠬᠢᠯᠴᠢ ᠳᠤ ᠲᠥᠯᠥᠬᠦ ᠶᠣᠰᠣᠲᠠᠢ᠃ 15 ᠲᠠᠬᠢᠯᠴᠢᠳ ᠢᠰᠷᠧᠯᠴᠦᠳ ᠦᠨ ᠶᠣᠬᠣᠸᠠ ᠳᠤ ᠡᠷᠭᠦᠳᠡᠭ ᠠᠷᠢᠭᠤᠨ ᠬᠠᠨᠳᠢᠪ ᠢ ᠭᠤᠲᠤᠭᠠᠵᠤ ᠪᠣᠯᠬᠤ ᠦᠭᠡᠢ᠂ 16 ᠮᠥᠨ ᠠᠷᠢᠭᠤᠨ ᠬᠠᠨᠳᠢᠪ ᠢ ᠭᠠᠳᠠᠨ᠎ᠠ ᠶᠢᠨ ᠬᠥᠮᠦᠰ ᠲᠦ ᠢᠳᠡᠭᠦᠯᠦᠭᠰᠡᠨ ᠢᠶᠡᠷ ᠢᠶᠠᠨ ᠲᠡᠳᠡᠨ ᠳᠦ ᠭᠡᠮ ᠪᠤᠷᠤᠭᠤ ᠶᠢ ᠡᠭᠦᠷᠦᠭᠦᠯᠵᠦ ᠦᠯᠦ ᠪᠣᠯᠣᠨ᠎ᠠ᠃ ᠤᠴᠢᠷ ᠨᠢ ᠶᠣᠬᠣᠸᠠ ᠪᠢ ᠲᠡᠳᠡᠭᠡᠷ ᠢ ᠠᠷᠢᠭᠤᠨ ᠪᠠᠢᠯᠭᠠᠬᠤ ᠪᠠᠷ ᠲᠤᠰᠠᠭᠠᠷᠯᠠᠭᠰᠠᠨ ᠶᠤᠮ》 ᠭᠡᠯᠡ᠃
ᠦᠯᠦ ᠲᠠᠭᠠᠯᠠᠭᠳᠠᠬᠤ ᠡᠷᠭᠦᠯ ᠤᠳ
17 ᠶᠣᠬᠣᠸᠠ ᠮᠣᠰᠧ ᠳᠤ ᠠᠢᠯᠠᠳᠤᠨ᠄ 18 《ᠠᠷᠣᠨ ᠪᠣᠯᠣᠨ ᠲᠡᠭᠦᠨ ᠦ ᠬᠥᠪᠡᠭᠦᠳ᠂ ᠮᠥᠨ ᠪᠦᠬᠦ ᠢᠰᠷᠧᠯ ᠬᠥᠮᠦᠨ ᠳᠦ ᠵᠠᠬᠢ᠄ ᠢᠰᠷᠧᠯᠴᠦᠳ ᠦᠨ ᠳᠤᠮᠳᠠ ᠠᠴᠠ᠂ ᠡᠰᠡᠪᠡᠯ ᠢᠰᠷᠧᠯ ᠳᠤ ᠰᠠᠭᠤᠵᠤ ᠪᠤᠢ ᠬᠠᠷᠢᠴᠤᠳ ᠤᠨ ᠳᠤᠮᠳᠠ ᠠᠴᠠ ᠬᠡᠨ ᠨᠢᠭᠡᠨ ᠨᠢ ᠠᠮᠠᠨ ᠥᠴᠢᠭ ᠢᠶᠠᠨ ᠪᠡᠶᠡᠯᠡᠭᠦᠯᠬᠦ ᠶᠢᠨ ᠲᠤᠯᠠᠳᠠ᠂ ᠡᠰᠡᠪᠡᠯ ᠰᠠᠢᠨ ᠳᠤᠷ᠎ᠠ ᠠᠴᠠ ᠪᠠᠨ ᠶᠣᠬᠣᠸᠠ ᠳᠤ ᠰᠢᠲᠠᠭᠠᠯᠭᠠᠲᠤ ᠲᠠᠬᠢᠯ ᠤᠨ ᠡᠷᠭᠦᠯ ᠢ ᠡᠷᠭᠦᠬᠦ ᠭᠡᠪᠡᠯ᠂ 19 ᠦᠬᠡᠷ᠂ ᠬᠣᠨᠢ᠂ ᠡᠰᠡᠪᠡᠯ ᠢᠮᠠᠭᠠᠨ ᠠᠴᠠ ᠰᠣᠭᠣᠭ ᠦᠭᠡᠢ ᠡᠷ᠎ᠡ ᠮᠠᠯ ᠢ ᠬᠦᠯᠢᠶᠡᠨ ᠠᠪᠤᠭᠳᠠᠬᠤ ᠪᠠᠢᠳᠠᠯ ᠢᠶᠠᠷ ᠡᠷᠭᠦᠬᠦ ᠶᠣᠰᠣᠲᠠᠢ᠃ 20 ᠰᠣᠭᠣᠭ ᠲᠠᠢ ᠶᠢ ᠨᠢ ᠪᠦᠦ ᠠᠪᠴᠢᠷᠠ᠂ ᠲᠡᠷᠡ ᠪᠦᠭᠦᠳᠡ ᠨᠢ ᠲᠠ ᠨᠠᠷ ᠤᠨ ᠡᠮᠦᠨ᠎ᠡ ᠡᠴᠡ ᠬᠦᠯᠢᠶᠡᠨ ᠠᠪᠤᠭᠳᠠᠬᠤ ᠦᠭᠡᠢ᠃
21 ᠬᠡᠨ ᠨᠢᠭᠡᠨ ᠨᠢ ᠦᠬᠡᠷ ᠪᠤᠶᠤ ᠬᠣᠨᠢᠨ ᠰᠦᠷᠦᠭ ᠡᠴᠡ ᠲᠠᠬᠢᠯ ᠤᠨ ᠮᠠᠯ ᠰᠣᠩ᠋ᠭᠣᠨ ᠠᠪᠴᠤ ᠠᠮᠠᠨ ᠥᠴᠢᠭ ᠢᠶᠠᠨ ᠪᠡᠶᠡᠯᠡᠭᠦᠯᠬᠦ ᠪᠡᠷ᠂ ᠡᠰᠡᠪᠡᠯ ᠰᠠᠢᠨ ᠳᠤᠷ᠎ᠠ ᠠᠴᠠ ᠪᠠᠨ ᠶᠣᠬᠣᠸᠠ ᠳᠤ ᠡᠪ ᠦᠨ ᠲᠠᠬᠢᠯ ᠡᠷᠭᠦᠬᠦ ᠭᠡᠪᠡᠯ᠂ ᠬᠦᠯᠢᠶᠡᠨ ᠠᠪᠤᠭᠳᠠᠬᠤ ᠶᠢᠨ ᠲᠤᠯᠠᠳᠠ ᠲᠠᠬᠢᠯ ᠨᠢ ᠰᠣᠭᠣᠭ ᠦᠭᠡᠢ ᠲᠡᠭᠦᠰ ᠪᠠᠢᠬᠤ ᠶᠣᠰᠣᠲᠠᠢ᠃ 22 ᠰᠣᠬᠣᠷ᠂ ᠡᠰᠡᠪᠡᠯ ᠭᠡᠮᠲᠦᠯ ᠲᠡᠢ᠂ ᠡᠷᠡᠮᠳᠡᠭ᠂ ᠡᠰᠡᠪᠡᠯ ᠮᠠᠭᠠᠵᠢᠭᠤᠷ ᠲᠠᠢ᠂ ᠢᠳᠡᠭᠡ᠂ ᠡᠰᠡᠪᠡᠯ ᠰᠢᠭᠦᠰᠦ ᠰᠢᠷᠬ᠎ᠠ ᠲᠠᠢ ᠮᠠᠯ ᠢ ᠲᠠ ᠨᠠᠷ ᠶᠣᠬᠣᠸᠠ ᠳᠤ ᠡᠷᠭᠦᠵᠦ ᠪᠣᠯᠬᠤ ᠦᠭᠡᠢ᠃ ᠲᠡᠳᠡᠭᠡᠷ ᠢ ᠲᠠᠬᠢᠯ ᠤᠨ ᠰᠢᠷᠡᠭᠡᠨ ᠳᠡᠭᠡᠷ᠎ᠡ ᠲᠠᠯᠪᠢᠵᠤ ᠭᠠᠯ ᠤᠨ ᠲᠠᠬᠢᠯ ᠤᠨ ᠬᠤᠪᠢ ᠪᠠᠷ ᠶᠣᠬᠣᠸᠠ ᠳᠤ ᠡᠷᠭᠦᠵᠦ ᠪᠣᠯᠬᠤ ᠦᠭᠡᠢ᠃ 23 ᠬᠡᠲᠦᠷᠬᠡᠢ ᠤᠷᠲᠤ᠂ ᠡᠰᠡᠪᠡᠯ ᠪᠣᠭᠣᠨᠢ ᠮᠥᠴᠢ ᠲᠠᠢ ᠪᠤᠬ᠎ᠠ ᠪᠤᠶᠤ ᠬᠤᠷᠠᠭ᠎ᠠ ᠶᠢ ᠰᠠᠢᠨ ᠳᠤᠷ᠎ᠠ ᠶᠢᠨ ᠡᠷᠭᠦᠯ ᠳᠦ ᠡᠷᠭᠦᠵᠦ ᠪᠣᠯᠬᠤ ᠪᠣᠯᠪᠠᠴᠤ ᠠᠮᠠᠨ ᠥᠴᠢᠭ ᠪᠡᠶᠡᠯᠡᠭᠦᠯᠬᠦ ᠪᠡᠷ ᠡᠷᠭᠦᠪᠡᠯ ᠬᠦᠯᠢᠶᠡᠨ ᠠᠪᠤᠭᠳᠠᠬᠤ ᠦᠭᠡᠢ᠃ 24 ᠭᠡᠮᠲᠦᠭᠰᠡᠨ᠂ ᠡᠰᠡᠪᠡᠯ ᠪᠢᠴᠠᠷᠠᠭᠰᠠᠨ᠂ ᠡᠰᠡᠪᠡᠯ ᠲᠠᠰᠤᠳᠠᠭᠤᠯᠤᠭᠰᠠᠨ᠂ ᠡᠰᠡᠪᠡᠯ ᠴᠠᠪᠴᠢᠭᠤᠯᠤᠭᠰᠠᠨ ᠲᠥᠮᠥᠰᠥᠭ ᠲᠡᠢ ᠶᠠᠮᠠᠷ ᠴᠤ ᠮᠠᠯ ᠢ ᠶᠣᠬᠣᠸᠠ ᠳᠤ ᠪᠦᠦ ᠡᠷᠭᠦ᠃ ᠭᠠᠵᠠᠷ ᠨᠤᠲᠤᠭ ᠳᠡᠭᠡᠷ᠎ᠡ ᠪᠡᠨ ᠡᠳᠡᠭᠡᠷ ᠢ ᠪᠦᠦ ᠦᠢᠯᠡᠳ᠃ 25 ᠬᠠᠷᠢ ᠬᠥᠮᠦᠨ ᠦ ᠭᠠᠷ ᠢᠶᠠᠷ ᠴᠤ ᠡᠳᠡᠭᠡᠷ ᠮᠠᠯ ᠢ ᠪᠤᠷᠬᠠᠨ ᠤ ᠬᠦᠨᠡᠰᠦ ᠪᠣᠯᠭᠠᠨ ᠡᠷᠭᠦᠭᠦᠯᠵᠦ ᠪᠣᠯᠬᠤ ᠦᠭᠡᠢ᠂ ᠰᠣᠭᠣᠭ ᠭᠠᠵᠢᠭ ᠲᠠᠢ ᠪᠣᠯᠬᠣᠷ ᠲᠠ ᠨᠠᠷ ᠤᠨ ᠡᠮᠦᠨ᠎ᠡ ᠡᠴᠡ ᠬᠦᠯᠢᠶᠡᠨ ᠠᠪᠤᠭᠳᠠᠬᠤ ᠦᠭᠡᠢ ᠪᠣᠯᠣᠨ᠎ᠠ》 ᠭᠡᠪᠡ᠃
26 ᠶᠣᠬᠣᠸᠠ ᠮᠣᠰᠧ ᠳᠤ ᠠᠢᠯᠠᠳᠤᠨ᠄ 27 《ᠲᠤᠭᠤᠯ᠂ ᠬᠤᠷᠠᠭ᠎ᠠ᠂ ᠢᠰᠢᠭᠡ ᠨᠢ ᠲᠥᠷᠥᠭᠡᠳ ᠡᠬᠡ ᠲᠠᠢ ᠪᠠᠨ ᠳᠣᠯᠣᠭᠠᠨ ᠬᠣᠨᠣᠭ ᠪᠠᠢᠬᠤ ᠶᠣᠰᠣᠲᠠᠢ᠃ ᠨᠠᠢ᠌ᠮᠠᠳᠠᠬᠢ ᠡᠳᠦᠷ ᠡᠴᠡ ᠬᠣᠢᠰᠢ ᠯᠠ ᠶᠣᠬᠣᠸᠠ ᠳᠤ ᠭᠠᠯ ᠤᠨ ᠲᠠᠬᠢᠯ ᠪᠣᠯᠭᠠᠪᠠᠯ ᠬᠦᠯᠢᠶᠡᠨ ᠠᠪᠤᠭᠳᠠᠬᠤ ᠪᠣᠯᠣᠨ᠎ᠠ᠃ 28 ᠬᠠᠷᠢᠨ ᠦᠬᠡᠷ ᠢ ᠴᠤ᠂ ᠬᠣᠨᠢ ᠶᠢ ᠴᠤ ᠲᠥᠯ ᠦᠨ ᠬᠢᠨᠢ ᠬᠠᠮᠲᠤ ᠨᠢᠭᠡ ᠡᠳᠦᠷ ᠲᠦ ᠪᠦᠦ ᠨᠢᠲᠤᠯ᠃ 29 ᠲᠠ ᠨᠠᠷ ᠶᠣᠬᠣᠸᠠ ᠳᠤ ᠲᠠᠯᠠᠷᠬᠠᠯ ᠤᠨ ᠲᠠᠬᠢᠯ ᠡᠷᠭᠦᠬᠦ ᠭᠡᠪᠡᠯ᠂ ᠬᠦᠯᠢᠶᠡᠨ ᠠᠪᠤᠭᠳᠠᠬᠤ ᠪᠠᠢᠳᠠᠯ ᠢᠶᠠᠷ ᠡᠷᠭᠦᠬᠦ ᠶᠣᠰᠣᠲᠠᠢ᠃ 30 ᠡᠭᠦᠨ ᠢ ᠲᠡᠷᠡ ᠡᠳᠦᠷ ᠢᠶᠡᠨ ᠢᠳᠡᠬᠦ ᠪᠥᠭᠡᠳ ᠥᠷᠯᠥᠭᠡ ᠪᠣᠯᠲᠠᠯ᠎ᠠ ᠪᠦᠦ ᠦᠯᠡᠳᠡᠭᠡ᠃ ᠪᠢ ᠪᠣᠯ ᠶᠣᠬᠣᠸᠠ᠃
31 ᠮᠢᠨᠦ ᠲᠤᠰᠢᠶᠠᠯ ᠤᠳ ᠢ ᠲᠠ ᠨᠠᠷ ᠰᠠᠬᠢᠵᠤ ᠪᠡᠶᠡᠯᠡᠭᠦᠯ᠃ ᠪᠢ ᠪᠣᠯ ᠶᠣᠬᠣᠸᠠ᠃ 32 ᠠᠷᠢᠭᠤᠨ ᠨᠡᠷ᠎ᠡ ᠶᠢ ᠮᠢᠨᠢ ᠪᠦᠦ ᠭᠤᠲᠤᠭᠠ᠃ ᠢᠰᠷᠧᠯᠴᠦᠳ ᠦᠨ ᠳᠤᠮᠳᠠ ᠪᠢ ᠠᠷᠢᠭᠤᠨ ᠢᠶᠠᠷ ᠳᠠᠭᠤᠷᠢᠰᠬᠤ ᠪᠣᠯᠣᠨ᠎ᠠ᠃ ᠶᠣᠬᠣᠸᠠ ᠪᠢ ᠲᠠ ᠨᠠᠷ ᠢ ᠠᠷᠢᠭᠤᠨ ᠪᠠᠢᠯᠭᠠᠬᠤ ᠪᠠᠷ ᠲᠤᠰᠠᠭᠠᠷᠯᠠᠭᠰᠠᠨ ᠪᠥᠭᠡᠳ 33 ᠲᠠ ᠨᠠᠷ ᠤᠨ ᠪᠤᠷᠬᠠᠨ ᠪᠠᠢᠬᠤ ᠶᠢᠨ ᠲᠤᠯᠠᠳᠠ ᠲᠠ ᠨᠠᠷ ᠢ ᠶᠧᠵᠢᠫᠲ ᠡᠴᠡ ᠭᠠᠷᠭᠠᠭᠰᠠᠨ ᠶᠤᠮ᠃ ᠪᠢ ᠪᠣᠯ ᠶᠣᠬᠣᠸᠠ》 ᠭᠡᠪᠡ᠃