ᠶᠣᠱᠦ᠋ᠶ᠎ᠠ ᠨᠢᠭᠡ
ᠪᠤᠷᠬᠠᠨ ᠶᠣᠱᠦ᠋ᠶ᠎ᠠ ᠶᠢ ᠤᠷᠮᠠᠰᠢᠭᠤᠯᠪᠠ
1 ᠶᠣᠬᠣᠸᠠ ᠶᠢᠨ ᠵᠠᠷᠤᠴᠠ ᠮᠣᠰᠧ ᠥᠭᠡᠳᠡ ᠪᠣᠯᠣᠭᠰᠠᠨ ᠤ ᠳᠠᠷᠠᠭ᠎ᠠ᠂ ᠶᠣᠬᠣᠸᠠ ᠮᠣᠰᠧ ᠶᠢᠨ ᠲᠤᠰᠠᠯᠠᠭᠴᠢ ᠪᠠᠢᠭᠰᠠᠨ ᠨᠦᠨ ᠦ ᠬᠦᠦ ᠶᠣᠱᠦ᠋ᠶ᠎ᠠ ᠳᠤ ᠠᠢᠯᠠᠳᠤᠨ᠄ 2 《ᠮᠢᠨᠦ ᠵᠠᠷᠤᠴᠠ ᠮᠣᠰᠧ ᠨᠠᠰᠤ ᠪᠠᠷᠠᠯ᠎ᠠ᠃ ᠣᠳᠣ ᠴᠢ ᠪᠣᠰᠣᠭᠠᠳ ᠡᠨᠡ ᠪᠦᠬᠦ ᠠᠷᠠᠳ ᠲᠦᠮᠡᠨ ᠲᠡᠢ ᠬᠠᠮᠲᠤ ᠡᠨᠡ ᠶᠣᠷᠳᠠᠨ ᠢ ᠭᠠᠲᠤᠯᠤᠨ᠂ ᠮᠢᠨᠦ ᠢᠰᠷᠧᠯᠴᠦᠳ ᠲᠦ ᠥᠭᠬᠦ ᠭᠡᠵᠦ ᠪᠤᠢ ᠨᠤᠲᠤᠭ ᠤᠷᠤᠭᠤ ᠶᠠᠪᠤ᠂ 3 ᠪᠢ ᠮᠣᠰᠧ ᠳᠤ ᠠᠮᠠᠯᠠᠭᠰᠠᠨ ᠶᠣᠰᠣᠭᠠᠷ ᠢᠶᠠᠨ ᠲᠠ ᠨᠠᠷ ᠤᠨ ᠬᠥᠯ ᠲᠠᠯᠪᠢᠬᠤ ᠭᠠᠵᠠᠷ ᠪᠣᠯᠭᠠᠨ ᠢ ᠲᠠ ᠨᠠᠷ ᠲᠤ ᠥᠭᠭᠥᠶ᠎ᠡ᠃ 4 ᠲᠠᠨ ᠤ ᠨᠤᠲᠤᠭ ᠳᠡᠪᠢᠰᠬᠡᠷ ᠴᠥᠯ ᠡᠴᠡ ᠯᠧᠪᠠᠨᠣᠨ ᠳᠤ ᠬᠦᠷᠬᠦ ᠪᠥᠭᠡᠳ ᠶᠡᠬᠡ ᠮᠥᠷᠡᠨ ᠡᠶᠦ᠋ᠹᠷᠠᠲ᠋ᠧᠰ ᠡᠴᠡ ᠡᠬᠢᠯᠡᠨ ᠾᠢᠲ᠋ᠴᠦᠳ ᠦᠨ ᠪᠦᠬᠦ ᠨᠤᠲᠤᠭ ᠢᠶᠠᠷ ᠳᠠᠭᠠᠷᠢᠵᠤ᠂ ᠨᠠᠷᠠᠨ ᠵᠢᠷᠭᠠᠬᠤ ᠵᠦᠭ ᠦᠨ ᠶᠡᠬᠡ ᠲᠠᠩᠭᠢᠰ ᠬᠦᠷᠬᠦ ᠪᠣᠯᠣᠨ᠎ᠠ᠃ 5 ᠠᠮᠢᠳᠤᠷᠠᠯ ᠤᠨ ᠴᠢᠨᠢ ᠪᠦᠬᠦ ᠡᠳᠦᠷ ᠤᠳ ᠲᠤ ᠬᠡᠨ ᠴᠤ ᠴᠢᠨᠦ ᠡᠰᠡᠷᠭᠦ ᠵᠣᠭᠰᠣᠵᠤ ᠴᠢᠳᠠᠬᠤ ᠦᠭᠡᠢ᠃ ᠪᠢ ᠮᠣᠰᠧ ᠲᠠᠢ ᠬᠠᠮᠲᠤ ᠪᠠᠢᠭᠰᠠᠨ ᠤ ᠪᠠᠨ ᠠᠳᠠᠯᠢ ᠮᠥᠨ ᠴᠢᠮ᠎ᠠ ᠲᠠᠢ ᠬᠠᠮᠲᠤ ᠪᠠᠢᠬᠤ ᠪᠣᠯᠣᠨ᠎ᠠ᠃ ᠪᠢ ᠴᠢᠮᠠᠶᠢ ᠣᠷᠬᠢᠬᠤ ᠦᠭᠡᠢ᠂ ᠮᠥᠨ ᠴᠢᠮᠠᠶᠢ ᠬᠠᠶᠠᠬᠤ ᠦᠭᠡᠢ᠃ 6 ᠲᠤᠤᠱᠲᠠᠢ ᠪᠥᠭᠡᠳ ᠵᠣᠷᠢᠭᠲᠠᠢ ᠪᠠᠢ᠃ ᠡᠨᠡ ᠠᠷᠠᠳ ᠲᠦᠮᠡᠨ ᠢ ᠠᠪᠠᠴᠢᠵᠤ᠂ ᠡᠴᠢᠭᠡ ᠡᠪᠦᠭᠡᠳ ᠲᠤᠨᠢ ᠥᠭᠬᠦ ᠪᠡᠷ ᠮᠢᠨᠦ ᠲᠠᠩ᠋ᠭᠠᠷᠢᠭᠯᠠᠭᠰᠠᠨ ᠲᠡᠷᠡ ᠨᠤᠲᠤᠭ ᠢ ᠲᠡᠳᠡᠨ ᠳᠦ ᠥᠪᠯᠡᠭᠦᠯᠬᠦ ᠬᠥᠮᠦᠨ ᠪᠣᠯ ᠴᠢ ᠶᠤᠮ᠃ 7 ᠭᠠᠭᠴᠠ ᠬᠦ ᠲᠤᠤᠱᠲᠠᠢ ᠪᠥᠭᠡᠳ ᠴᠢᠩ ᠵᠣᠷᠢᠭᠲᠠᠢ ᠪᠠᠢ᠃ ᠮᠢᠨᠦ ᠵᠠᠷᠤᠴᠠ ᠮᠣᠰᠧ ᠶᠢᠨ ᠴᠢᠮ᠎ᠠ ᠳᠤ ᠲᠤᠰᠢᠶᠠᠭᠰᠠᠨ ᠪᠦᠬᠦ ᠵᠢᠭᠠᠪᠤᠷᠢ ᠶᠢ ᠰᠠᠬᠢᠨ ᠪᠡᠶᠡᠯᠡᠭᠦᠯ᠂ ᠲᠡᠭᠦᠨ ᠡᠴᠡ ᠪᠠᠷᠠᠭᠤᠨ ᠲᠡᠰᠢ ᠴᠤ᠂ ᠵᠡᠭᠦᠨ ᠲᠡᠰᠢ ᠴᠤ ᠪᠦᠦ ᠬᠠᠵᠠᠢ᠂ ᠲᠡᠭᠡᠪᠡᠯ ᠴᠢ ᠬᠠᠮᠢᠭ᠎ᠠ ᠶᠠᠪᠤᠭᠰᠠᠨ ᠭᠠᠵᠠᠷ ᠢᠶᠠᠨ ᠠᠮᠵᠢᠯᠲᠠ ᠣᠯᠬᠤ ᠪᠣᠯᠣᠨ᠎ᠠ᠃ 8 ᠬᠠᠤᠯᠢ ᠶᠢᠨ ᠡᠨᠡ ᠨᠣᠮ ᠢ ᠠᠮᠠᠨ ᠠᠴᠠ ᠪᠠᠨ ᠰᠠᠯᠭᠠᠯ ᠦᠭᠡᠢ᠂ ᠡᠳᠦᠷ ᠰᠥᠨᠢ ᠦᠭᠡᠢ ᠲᠡᠭᠦᠨ ᠢ ᠲᠤᠩ᠋ᠭᠠᠨ ᠪᠢᠰᠢᠯᠭᠠᠵᠤ 1 ᠂ ᠲᠡᠭᠦᠨ ᠳᠣᠲᠣᠷ᠎ᠠ ᠪᠢᠴᠢᠭᠳᠡᠭᠰᠡᠨ ᠪᠦᠬᠦᠨ ᠢ ᠰᠠᠬᠢᠵᠤ ᠪᠡᠶᠡᠯᠡᠭᠦᠯ᠂ ᠲᠡᠭᠡᠪᠡᠯ ᠴᠢᠨᠦ ᠵᠠᠮ ᠰᠢᠯᠤᠭᠤᠨ ᠪᠠᠢᠵᠤ ᠠᠮᠵᠢᠯᠲᠠ ᠣᠯᠬᠤ ᠪᠣᠯᠣᠨ᠎ᠠ᠃ 9 ᠪᠢ ᠴᠢᠮ᠎ᠠ ᠳᠤ ᠲᠤᠰᠢᠶᠠᠭᠰᠠᠨ ᠪᠢᠰᠢ ᠤᠤ︖ ᠲᠤᠤᠱᠲᠠᠢ ᠪᠥᠭᠡᠳ ᠵᠣᠷᠢᠭᠲᠠᠢ ᠪᠠᠢ︕ ᠪᠦᠦ ᠠᠶᠤ᠂ ᠪᠦᠦ ᠰᠢᠨᠲᠠᠷᠠ᠃ ᠬᠠᠮᠢᠭ᠎ᠠ ᠶᠠᠪᠤᠭᠰᠠᠨ ᠭᠠᠵᠠᠷ ᠲᠤ ᠴᠢᠨᠢ ᠴᠢᠨᠦ ᠪᠤᠷᠬᠠᠨ ᠶᠣᠬᠣᠸᠠ ᠴᠢᠮ᠎ᠠ ᠲᠠᠢ ᠬᠠᠮᠲᠤ ᠪᠠᠢᠬᠤ ᠪᠣᠯᠣᠨ᠎ᠠ》 ᠭᠡᠪᠡ᠃
ᠶᠣᠷᠳᠠᠨ ᠢ ᠭᠠᠲᠤᠯᠬᠤ ᠪᠠᠷ ᠪᠡᠯᠡᠳᠬᠡᠪᠡ
10 ᠶᠣᠱᠦ᠋ᠶ᠎ᠠ ᠠᠷᠠᠳ ᠣᠯᠠᠨ ᠤ ᠳᠠᠭᠠᠭᠠᠮᠠᠯ ᠤᠳ ᠲᠤ ᠲᠤᠰᠢᠶᠠᠨ᠄ 11 《ᠬᠤᠸᠠᠷᠠᠨ ᠳᠤᠮᠳᠠᠭᠤᠷ ᠶᠠᠪᠤᠵᠤ᠂ ᠠᠷᠠᠳ ᠣᠯᠠᠨ ᠳᠤ ᠵᠠᠮ ᠤᠨ ᠬᠦᠨᠡᠰᠦ ᠪᠡᠨ ᠪᠡᠯᠡᠳᠬᠡᠬᠦ ᠶᠢ ᠵᠠᠬᠢ᠃ ᠤᠴᠢᠷ ᠨᠢ ᠲᠠ ᠨᠠᠷ ᠶᠣᠬᠣᠸᠠ ᠪᠤᠷᠬᠠᠨ ᠤ ᠪᠠᠨ ᠡᠵᠡᠮᠰᠢᠭᠦᠯᠬᠦ ᠲᠡᠷᠡ ᠨᠤᠲᠤᠭ ᠢ ᠡᠵᠡᠮᠰᠢᠬᠦ ᠪᠡᠷ ᠭᠤᠷᠪᠠᠨ ᠬᠣᠨᠣᠭ ᠤᠨ ᠳᠣᠲᠣᠷ᠎ᠠ ᠶᠣᠷᠳᠠᠨ ᠢ ᠭᠠᠲᠤᠯᠬᠤ ᠪᠣᠯᠣᠨ᠎ᠠ》 ᠭᠡᠪᠡ᠃
12 ᠬᠠᠷᠢᠨ ᠶᠣᠱᠦ᠋ᠶ᠎ᠠ ᠷᠧᠣᠪᠧᠨ᠂ ᠭᠠᠳ᠋ ᠬᠢᠭᠡᠳ ᠮᠠᠨᠠᠰᠧ ᠶᠢᠨ ᠬᠠᠭᠠᠰ ᠣᠪᠣᠭ ᠤᠨ ᠬᠢᠨ ᠳᠤ᠄ 13 《ᠶᠣᠬᠣᠸᠠ ᠶᠢᠨ ᠵᠠᠷᠤᠴᠠ ᠮᠣᠰᠧ ᠶᠢᠨ ᠲᠠ ᠨᠠᠷ ᠲᠤ ᠲᠤᠰᠢᠶᠠᠭᠰᠠᠨ ᠦᠭᠡ ᠶᠢ ᠰᠠᠨᠠ᠄ 〈ᠲᠠ ᠨᠠᠷ ᠤᠨ ᠪᠤᠷᠬᠠᠨ ᠶᠣᠬᠣᠸᠠ ᠲᠠ ᠨᠠᠷ ᠢ ᠠᠮᠠᠷᠠᠭᠠᠬᠤ ᠪᠠᠷ ᠡᠨᠡ ᠭᠠᠵᠠᠷ ᠢ ᠲᠠ ᠨᠠᠷ ᠲᠤ ᠥᠭᠭᠥᠨ᠎ᠡ〉 ᠭᠡᠵᠦ ᠲᠡᠷᠡ ᠬᠡᠯᠡᠭᠰᠡᠨ ᠪᠢᠯᠡ᠃ 14 ᠡᠢᠮᠦ ᠡᠴᠡ ᠲᠠ ᠨᠠᠷ ᠤᠨ ᠡᠬᠡᠨᠡᠷ ᠬᠡᠦᠬᠡᠳ ᠪᠣᠯᠣᠨ ᠮᠠᠯ ᠰᠦᠷᠦᠭ ᠴᠢᠨᠢ ᠮᠣᠰᠧ ᠶᠢᠨ ᠲᠠ ᠨᠠᠷ ᠲᠤ ᠥᠭᠭᠥᠭᠰᠡᠨ ᠶᠣᠷᠳᠠᠨ ᠤ ᠡᠨᠡ ᠵᠡᠭᠦᠨ ᠲᠠᠯ᠎ᠠ ᠶᠢᠨ ᠨᠤᠲᠤᠭ ᠲᠤ ᠦᠯᠡᠳᠡᠬᠦ ᠪᠣᠯᠣᠨ᠎ᠠ᠂ ᠬᠠᠷᠢᠨ ᠲᠠᠨ ᠤ ᠳᠠᠢᠴᠢᠳ ᠪᠦᠭᠦᠳᠡᠭᠡᠷ ᠵᠡᠪᠰᠡᠭᠯᠡᠵᠦ ᠠᠬ᠎ᠠ ᠳᠡᠭᠦᠦ ᠨᠠᠷ ᠤᠨ ᠢᠶᠠᠨ ᠡᠮᠦᠨ᠎ᠡ ᠭᠠᠲᠤᠯᠤᠨ ᠶᠠᠪᠤᠵᠤ᠂ 15 ᠶᠣᠬᠣᠸᠠ ᠲᠠ ᠨᠠᠷ ᠢ ᠠᠮᠠᠷᠠᠭᠠᠭᠰᠠᠨ ᠲᠠᠢ ᠠᠳᠠᠯᠢ ᠠᠬ᠎ᠠ ᠳᠡᠭᠦᠦᠰ ᠢ ᠴᠢᠨᠢ ᠠᠮᠠᠷᠠᠭᠠᠲᠠᠯᠠ᠂ ᠮᠥᠨ ᠲᠡᠳᠡ ᠪᠠᠰᠠ ᠲᠠ ᠨᠠᠷ ᠤᠨ ᠪᠤᠷᠬᠠᠨ ᠶᠣᠬᠣᠸᠠ ᠶᠢᠨ ᠥᠭᠬᠦ ᠨᠤᠲᠤᠭ ᠢ ᠡᠵᠡᠮᠰᠢᠬᠦ ᠬᠦᠷᠲᠡᠯ᠎ᠡ ᠲᠠ ᠨᠠᠷ ᠲᠡᠳᠡᠨ ᠳᠦ ᠲᠤᠰᠠᠯᠠᠬᠤ ᠶᠣᠰᠣᠲᠠᠢ᠃ ᠡᠭᠦᠨ ᠦ ᠳᠠᠷᠠᠭ᠎ᠠ ᠯᠠ ᠲᠠ ᠨᠠᠷ ᠨᠤᠲᠤᠭ ᠲᠠᠭᠠᠨ ᠬᠠᠷᠢᠵᠤ᠂ ᠶᠣᠬᠣᠸᠠ ᠶᠢᠨ ᠵᠠᠷᠤᠴᠠ ᠮᠣᠰᠧ ᠶᠢᠨ ᠲᠠ ᠨᠠᠷ ᠲᠤ ᠥᠭᠭᠥᠭᠰᠡᠨ ᠶᠣᠷᠳᠠᠨ ᠤ ᠡᠨᠡ ᠵᠡᠭᠦᠨ ᠲᠠᠯ᠎ᠠ᠂ ᠨᠠᠷᠠᠨ ᠮᠠᠨᠳᠤᠬᠤ ᠵᠦᠭ ᠦᠨ ᠨᠤᠲᠤᠭ ᠢᠶᠠᠨ ᠡᠵᠡᠮᠰᠢᠬᠦ ᠪᠣᠯᠣᠨ᠎ᠠ》 ᠭᠡᠪᠡ᠃
16 ᠲᠡᠳᠡ ᠶᠣᠱᠦ᠋ᠶ᠎ᠠ ᠳᠤ ᠬᠠᠷᠢᠭᠤᠯᠤᠨ᠄ 《ᠪᠢᠳᠡ ᠲᠠᠨ ᠤ ᠲᠤᠰᠢᠶᠠᠭᠰᠠᠨ ᠪᠣᠯᠭᠠᠨ ᠢ ᠪᠡᠶᠡᠯᠡᠭᠦᠯᠵᠦ᠂ ᠢᠯᠡᠭᠡᠬᠦ ᠭᠠᠵᠠᠷ ᠪᠦᠷᠢ ᠳᠤ ᠴᠢᠨᠢ ᠶᠠᠪᠤᠬᠤ ᠪᠣᠯᠣᠨ᠎ᠠ᠃ 17 ᠪᠢᠳᠡ ᠮᠣᠰᠧ ᠶᠢᠨ ᠪᠦᠬᠦ ᠦᠭᠡ ᠶᠢ ᠳᠠᠭᠠᠭᠰᠠᠨ ᠲᠠᠢ ᠪᠠᠨ ᠠᠳᠠᠯᠢ ᠪᠠᠷ ᠲᠠᠨ ᠤ ᠬᠢ ᠶᠢ ᠮᠥᠨ ᠳᠠᠭᠠᠬᠤ ᠪᠣᠯᠣᠨ᠎ᠠ᠃ ᠭᠠᠭᠴᠠ ᠬᠦ ᠲᠠᠨ ᠤ ᠪᠤᠷᠬᠠᠨ ᠶᠣᠬᠣᠸᠠ ᠮᠣᠰᠧ ᠲᠠᠢ ᠬᠠᠮᠲᠤ ᠪᠠᠢᠭᠰᠠᠨ ᠲᠠᠢ ᠪᠠᠨ ᠠᠳᠠᠯᠢ ᠪᠠᠷ ᠲᠠᠨ ᠲᠠᠢ ᠬᠠᠮᠲᠤ ᠪᠠᠢᠬᠤ ᠪᠣᠯᠲᠤᠭᠠᠢ︕ 18 ᠲᠠᠨ ᠤ ᠵᠠᠷᠯᠢᠭ ᠢ ᠡᠰᠡᠷᠭᠦᠴᠡᠨ᠂ ᠲᠤᠰᠢᠶᠠᠵᠤ ᠬᠡᠯᠡᠭᠰᠡᠨ ᠦᠭᠡ ᠶᠢ ᠲᠠᠨᠢ ᠦᠯᠦ ᠳᠠᠭᠠᠭᠴᠢ ᠪᠣᠯᠭᠠᠨ ᠦᠬᠦᠬᠦ ᠪᠣᠯᠣᠨ᠎ᠠ᠃ ᠭᠠᠭᠴᠠ ᠬᠦ ᠲᠤᠤᠱᠲᠠᠢ ᠪᠥᠭᠡᠳ ᠵᠣᠷᠢᠭᠲᠠᠢ ᠪᠠᠢ》 ᠭᠡᠯᠡ᠃