1 2 3 4 5 6 7 8 9 10 11 12 13 14 15 16 17 18 19 20 21 22 23 24


ᠶᠣᠱᠦ᠋ᠶ᠎ᠠ ᠬᠣᠷᠢ
 ᠬᠣᠷᠭᠣᠳᠠᠬᠤ ᠬᠣᠲᠠ ᠨᠤᠭᠤᠳ

1 ᠶᠣᠬᠣᠸᠠ ᠶᠣᠱᠦ᠋ᠶ᠎ᠠ ᠳᠤ ᠠᠢᠯᠠᠳᠤᠨ᠄ 2 《ᠢᠰᠷᠧᠯᠴᠦᠳ ᠲᠦ ᠵᠠᠬᠢ᠄ ᠮᠣᠰᠧ ᠪᠠᠷ ᠳᠠᠮᠵᠢᠭᠤᠯᠤᠨ ᠮᠢᠨᠦ ᠶᠠᠷᠢᠭᠰᠠᠨ ᠶᠣᠰᠣᠭᠠᠷ ᠲᠠ ᠨᠠᠷ ᠬᠣᠷᠭᠣᠳᠠᠬᠤ ᠬᠣᠲᠠ ᠲᠣᠭᠲᠠᠭᠠᠬᠤ ᠶᠣᠰᠣᠲᠠᠢ᠃ 3 ᠲᠡᠢᠨ ᠬᠦ ᠭᠡᠨᠡᠳᠲᠡ ᠶᠢᠨ᠂ ᠰᠠᠨᠠᠮᠰᠠᠷ ᠦᠭᠡᠢ ᠪᠠᠷ ᠬᠥᠮᠦᠨ ᠠᠯᠠᠭᠰᠠᠨ ᠠᠯᠢᠪᠠ ᠬᠡᠷᠡᠭᠲᠡᠨ ᠲᠡᠰᠢ ᠪᠠᠨ ᠵᠢᠭᠤᠲᠠᠵᠤ᠂ ᠴᠢᠰᠤᠨ ᠥᠰᠢᠶ᠎ᠡ ᠠᠪᠤᠭᠴᠢᠳ ᠠᠴᠠ ᠪᠠᠨ ᠵᠠᠢᠯᠠᠵᠤ᠂ ᠲᠡᠨᠳᠡ ᠬᠣᠷᠭᠣᠳᠠᠬᠤ ᠭᠠᠵᠠᠷ ᠣᠯᠬᠤ ᠪᠣᠯᠣᠨ᠎ᠠ᠃ 4 ᠡᠳᠡᠭᠡᠷ ᠬᠣᠲᠠ ᠶᠢᠨ ᠠᠯᠢ ᠨᠢᠭᠡ ᠤᠷᠤᠭᠤ ᠵᠢᠭᠤᠲᠠᠭᠰᠠᠨ ᠬᠥᠮᠦᠨ ᠬᠣᠲᠠ ᠶᠢᠨ ᠬᠠᠭᠠᠯᠭ᠎ᠠ ᠪᠠᠷ ᠣᠷᠣᠬᠤ ᠭᠠᠵᠠᠷ ᠲᠤ ᠵᠣᠭᠰᠣᠭᠠᠳ᠂ ᠲᠡᠷᠡ ᠬᠣᠲᠠ ᠶᠢᠨ ᠠᠬᠠᠮᠠᠳ ᠤᠳ ᠲᠤ ᠪᠣᠯᠣᠭᠰᠠᠨ ᠶᠠᠪᠤᠳᠠᠯ ᠢ ᠳᠤᠭᠤᠯᠭᠠᠬᠤ ᠶᠣᠰᠣᠲᠠᠢ᠃ ᠲᠡᠭᠡᠪᠡᠯ ᠲᠡᠳᠡ ᠲᠡᠭᠦᠨ ᠢ ᠬᠣᠲᠠ ᠳᠤ ᠣᠷᠣᠭᠤᠯᠵᠤ᠂ ᠰᠠᠭᠤᠴᠠ ᠣᠯᠵᠤ ᠥᠭᠭᠥᠭᠡᠳ ᠥᠪᠡᠷᠰᠡᠳ ᠦᠨ ᠢᠶᠠᠨ ᠳᠤᠮᠳᠠ ᠰᠠᠭᠤᠯᠭᠠᠬᠤ ᠪᠣᠯᠣᠨ᠎ᠠ᠃ 5 ᠴᠢᠰᠤᠨ ᠥᠰᠢᠶ᠎ᠡ ᠠᠪᠤᠭᠴᠢ ᠲᠡᠭᠦᠨ ᠢ ᠨᠡᠬᠡᠵᠦ ᠢᠷᠡᠭᠰᠡᠨ ᠴᠤ ᠠᠮᠢᠨ ᠬᠡᠷᠡᠭᠲᠡᠨ ᠢ ᠲᠡᠭᠦᠨ ᠦ ᠭᠠᠷ ᠲᠤ ᠲᠤᠰᠢᠶᠠᠵᠤ ᠪᠣᠯᠬᠤ ᠦᠭᠡᠢ᠃ ᠤᠴᠢᠷ ᠨᠢ ᠲᠡᠷᠡ ᠰᠠᠨᠠᠮᠰᠠᠷ ᠦᠭᠡᠢ ᠪᠠᠷ᠂ ᠤᠷᠢᠳᠤ ᠠᠴᠠ ᠰᠠᠨᠠᠭᠰᠠᠨ ᠥᠰ ᠬᠣᠨᠵᠢᠩ ᠴᠤ ᠦᠭᠡᠢ ᠪᠠᠷ ᠬᠥᠷᠰᠢ ᠪᠠᠨ ᠴᠣᠬᠢᠭᠰᠠᠨ ᠶᠤᠮ᠃ 6 ᠲᠡᠷᠡ ᠬᠥᠮᠦᠨ ᠨᠥᠭᠥᠭᠡ ᠬᠣᠲᠠ ᠳᠤ ᠰᠠᠭᠤᠵᠤ ᠪᠠᠢᠬᠤ ᠳᠠᠭᠠᠨ ᠨᠡᠢᠲᠡ ᠶᠢᠨ ᠡᠮᠦᠨ᠎ᠡ ᠵᠣᠭᠰᠣᠭᠠᠳ ᠰᠢᠭᠦᠯᠲᠡ ᠬᠦᠯᠢᠶᠡᠬᠦ ᠪᠥᠭᠡᠳ ᠲᠤᠬᠠᠢ ᠶᠢᠨ ᠦᠶ᠎ᠡ ᠶᠢᠨ ᠲᠡᠷᠢᠭᠦᠨ ᠲᠠᠬᠢᠯᠴᠢ ᠥᠭᠡᠳᠡ ᠪᠣᠯᠣᠭᠰᠠᠨ ᠤ ᠳᠠᠷᠠᠭ᠎ᠠ᠂ ᠥᠪᠡᠷ ᠦᠨ ᠢᠶᠠᠨ ᠬᠣᠲᠠ᠂ ᠲᠤᠬᠠᠢᠯᠠᠪᠠᠯ ᠵᠢᠭᠤᠲᠠᠨ ᠭᠠᠷᠬᠤ ᠶᠢᠨ ᠢᠶᠠᠨ ᠡᠮᠦᠨ᠎ᠡ ᠪᠠᠢᠭᠰᠠᠨ ᠬᠣᠲᠠ ᠳᠠᠬᠢ ᠭᠡᠷ ᠲᠡᠭᠡᠨ ᠪᠤᠴᠠᠵᠤ ᠪᠣᠯᠣᠨ᠎ᠠ》 ᠭᠡᠪᠡ᠃

7 ᠡᠢᠮᠦ ᠡᠴᠡ ᠲᠡᠳᠡ ᠨᠠᠹᠲ᠋ᠠᠯᠢ ᠶᠢᠨ ᠠᠭᠤᠯᠠᠷᠬᠠᠭ ᠨᠤᠲᠤᠭ ᠤᠨ ᠭᠠᠯᠢᠯᠠᠶ᠎ᠠ ᠳᠠᠬᠢ ᠺᠧᠳᠧᠱ ᠢ᠂ ᠡᠹᠷᠠᠢᠮ ᠤᠨ ᠠᠭᠤᠯᠠᠷᠬᠠᠭ ᠨᠤᠲᠤᠭ ᠳᠠᠬᠢ ᠱᠧᠺᠧᠮ ᠪᠣᠯᠣᠨ ᠶᠦᠳᠠ ᠶᠢᠨ ᠠᠭᠤᠯᠠᠷᠬᠠᠭ ᠨᠤᠲᠤᠭ ᠳᠠᠬᠢ ᠠᠷᠪᠠ ᠬᠣᠲᠠ᠂ ᠲᠤᠬᠠᠢᠯᠠᠪᠠᠯ ᠾᠧᠪᠷᠣᠨ ᠢ ᠲᠤᠰᠠᠭᠠᠷᠯᠠᠵᠤ᠂ 8 ᠪᠠᠰᠠ ᠶᠧᠷᠢᠺᠣ ᠶᠢᠨ ᠵᠡᠭᠦᠨ ᠳᠠᠬᠢ ᠶᠣᠷᠳᠠᠨ ᠤ ᠴᠠᠭᠠᠨ᠎ᠠ᠂ ᠷᠧᠣᠪᠧᠨ ᠣᠪᠣᠭ ᠠᠴᠠ ᠬᠡᠭᠡᠷ᠎ᠡ ᠲᠠᠯ᠎ᠠ ᠶᠢᠨ ᠴᠥᠯ ᠳᠠᠬᠢ ᠪᠧᠽᠧᠷ᠂ ᠭᠠᠳ᠋ ᠣᠪᠣᠭ ᠠᠴᠠ ᠭᠢᠯᠧᠶᠠᠳ᠋ ᠳᠠᠬᠢ ᠷᠠᠮᠣᠲ᠂ ᠮᠥᠨ ᠮᠠᠨᠠᠰᠧ ᠣᠪᠣᠭ ᠠᠴᠠ ᠪᠠᠱᠠᠨ ᠳᠠᠬᠢ ᠭᠣᠯᠠᠨ ᠢ ᠰᠣᠩ᠋ᠭᠣᠪᠠ᠃ 9 ᠡᠳᠡᠭᠡᠷ ᠨᠢ ᠢᠰᠷᠧᠯ ᠤᠨ ᠬᠡᠨ ᠨᠢᠭᠡ ᠨᠢ᠂ ᠡᠰᠡᠪᠡᠯ ᠲᠡᠳᠡᠨ ᠦ ᠳᠤᠮᠳᠠ ᠪᠠᠢᠭ᠎ᠠ ᠭᠠᠳᠠᠨ᠎ᠠ ᠶᠢᠨ ᠬᠡᠨ ᠨᠢᠭᠡ ᠨᠢ ᠰᠠᠨᠠᠮᠰᠠᠷ ᠦᠭᠡᠢ ᠪᠠᠷ ᠬᠥᠮᠦᠨ ᠠᠯᠠᠭᠰᠠᠨ ᠲᠣᠬᠢᠶᠠᠯᠳᠤᠯ ᠳᠤ ᠵᠢᠭᠤᠲᠠᠨ ᠣᠴᠢᠵᠤ ᠪᠣᠯᠬᠤ ᠬᠣᠲᠠ ᠨᠤᠭᠤᠳ ᠶᠤᠮ᠃ ᠲᠡᠳᠡ ᠲᠡᠨᠳᠡ ᠨᠡᠢᠲᠡ ᠶᠢᠨ ᠡᠮᠦᠨ᠎ᠡ ᠵᠣᠭᠰᠣᠬᠤ ᠬᠦᠷᠲᠡᠯ᠎ᠡ ᠪᠡᠨ ᠴᠢᠰᠤᠨ ᠥᠰᠢᠶ᠎ᠡ ᠠᠪᠤᠭᠴᠢ ᠶᠢᠨ ᠭᠠᠷ ᠲᠤ ᠦᠬᠦᠬᠦ ᠶᠣᠰᠣ ᠦᠭᠡᠢ᠃