ᠶᠣᠱᠦ᠋ᠶ᠎ᠠ ᠶᠢᠰᠦ
ᠭᠢᠪᠧᠶᠣᠨᠴᠤᠳ ᠤᠨ ᠪᠠᠴᠢ
1 ᠶᠣᠷᠳᠠᠨ ᠤ ᠪᠠᠷᠠᠭᠤᠨ ᠳᠠᠬᠢ ᠠᠭᠤᠯᠠᠷᠬᠠᠭ ᠨᠤᠲᠤᠭ᠂ ᠥᠷᠥᠨ᠎ᠡ ᠶᠢᠨ ᠳᠣᠪᠣ ᠲᠣᠯᠣᠭᠠᠳ᠂ ᠶᠡᠬᠡ ᠲᠠᠩᠭᠢᠰ ᠤᠨ ᠬᠥᠪᠡᠭᠡ᠂ ᠯᠧᠪᠠᠨᠣᠨ ᠬᠦᠷᠲᠡᠯᠡᠬᠢ ᠭᠠᠵᠠᠷ ᠤᠳ ᠢᠶᠠᠷ ᠰᠠᠭᠤᠳᠠᠭ ᠾᠢᠲ᠋ᠴᠦᠳ᠂ ᠠᠮᠣᠷᠢᠴᠤᠳ᠂ ᠺᠠᠨᠠᠨᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠦᠨ ᠪᠦᠬᠦ ᠬᠠᠭᠠᠨ ᠡᠳᠡᠭᠡᠷ ᠶᠠᠪᠤᠳᠠᠯ ᠢ ᠰᠣᠨᠣᠰᠴᠠᠢ᠃ 2 ᠲᠡᠳᠡ ᠶᠣᠱᠦ᠋ᠶ᠎ᠠ ᠪᠣᠯᠣᠨ ᠢᠰᠷᠧᠯ ᠤᠨ ᠡᠰᠡᠷᠭᠦ ᠳᠠᠢᠲᠤᠬᠤ ᠪᠠᠷ ᠴᠤᠭᠯᠠᠷᠠᠵᠤ᠂ ᠨᠢᠭᠡᠨ ᠳᠠᠭᠤ ᠪᠠᠷ ᠢᠷᠡᠪᠡ᠃
3 ᠬᠠᠷᠢᠨ ᠭᠢᠪᠧᠶᠣᠨ ᠤ ᠰᠠᠭᠤᠭᠠᠯᠢᠴᠢᠳ ᠶᠣᠱᠦ᠋ᠶ᠎ᠠ ᠶᠢᠨ ᠶᠧᠷᠢᠺᠣ ᠪᠣᠯᠣᠨ ᠠᠢ ᠳᠤ ᠶᠠᠭᠤ ᠦᠢᠯᠡᠳᠦᠭᠰᠡᠨ ᠢ ᠰᠣᠨᠣᠰᠣᠭᠠᠳ 4 ᠠᠮᠢ ᠪᠠᠨ ᠬᠠᠮᠠᠭᠠᠯᠠᠬᠤ ᠪᠠᠷ ᠵᠠᠯᠢ ᠭᠠᠷᠭᠠᠵᠠᠢ᠃ ᠲᠡᠳᠡ ᠡᠯᠴᠢ ᠶᠢᠨ ᠳᠦᠷᠢ ᠦᠵᠡᠭᠦᠯᠵᠦ ᠬᠠᠭᠤᠴᠢᠷᠠᠭᠰᠠᠨ ᠰᠢᠭᠤᠳᠠᠢ ᠪᠣᠯᠣᠨ ᠦᠵᠢᠷᠡᠵᠦ ᠨᠥᠬᠥᠭᠰᠡᠨ ᠳᠠᠷᠠᠰᠤᠨ ᠤ ᠬᠥᠬᠦᠷ ᠢ ᠡᠯᠵᠢᠭᠡᠨ ᠳᠡᠭᠡᠷ᠎ᠡ ᠠᠴᠢᠵᠤ᠂ 5 ᠬᠥᠯ ᠳᠡᠭᠡᠨ ᠦᠵᠢᠷᠡᠵᠦ ᠨᠥᠬᠥᠭᠰᠡᠨ ᠱᠠᠬᠠᠢ᠂ ᠪᠡᠶ᠎ᠡ ᠳᠡᠭᠡᠨ ᠬᠠᠭᠤᠴᠢᠷᠠᠭᠰᠠᠨ ᠬᠤᠪᠴᠠᠰᠤ ᠡᠮᠦᠰᠴᠡᠢ᠃ ᠬᠦᠨᠡᠰᠦᠨ ᠦ ᠪᠣᠣᠪᠣ ᠨᠢ ᠴᠤ ᠬᠠᠲᠠᠵᠤ ᠦᠢᠷᠡᠭᠰᠡᠨ ᠪᠠᠢᠯ᠎ᠠ᠃ 6 ᠲᠡᠳᠡ ᠭᠢᠯᠭᠠᠯ ᠳᠠᠬᠢ ᠬᠤᠸᠠᠷᠠᠨ ᠳᠤ ᠪᠠᠢᠭ᠎ᠠ ᠶᠣᠱᠦ᠋ᠶ᠎ᠠ ᠳᠡᠭᠡᠷ᠎ᠡ ᠣᠴᠢᠵᠤ᠂ ᠲᠡᠭᠦᠨ ᠳᠦ ᠪᠣᠯᠣᠨ ᠢᠰᠷᠧᠯᠴᠦᠳ ᠲᠦ᠄ 《ᠪᠢᠳᠡ ᠠᠯᠤᠰ ᠬᠣᠯᠠ ᠶᠢᠨ ᠨᠤᠲᠤᠭ ᠠᠴᠠ ᠢᠷᠡᠯ᠎ᠡ᠃ ᠣᠳᠣ ᠪᠢᠳᠡᠨ ᠲᠡᠢ ᠭᠡᠷ᠎ᠡ ᠪᠠᠢᠭᠤᠯᠤᠨ᠎ᠠ ᠤᠤ︖》 ᠭᠡᠬᠦ ᠳᠦ᠂ 7 ᠢᠰᠷᠧᠯᠴᠦᠳ ᠲᠡᠳᠡᠭᠡᠷ ᠾᠢᠸᠢᠴᠦᠳ ᠲᠦ᠄ 《ᠲᠠ ᠨᠠᠷ ᠮᠠᠨ ᠤ ᠡ᠊ᠨᠳᠡ ᠠᠮᠢᠳᠤᠷᠠᠳᠠᠭ ᠶᠤᠮ ᠰᠢᠭ᠋ ᠪᠠᠢᠨ᠎ᠠ᠂ ᠪᠢᠳᠡ ᠶᠠᠭᠤᠨ ᠳᠤ ᠲᠠ ᠨᠠᠷ ᠲᠠᠢ ᠭᠡᠷ᠎ᠡ ᠬᠢᠬᠦ ᠪᠤᠢ︖》 ᠭᠡᠪᠡ᠃ 8 ᠬᠠᠷᠢᠨ ᠲᠡᠳᠡ ᠶᠣᠱᠦ᠋ᠶ᠎ᠠ ᠳᠤ᠄ 《ᠪᠢᠳᠡ ᠲᠠᠨ ᠤ ᠵᠠᠷᠤᠴᠠ ᠪᠢᠯᠡ》 ᠭᠡᠬᠦ ᠳᠦ᠂ ᠶᠣᠱᠦ᠋ᠶ᠎ᠠ᠄ 《ᠲᠠ ᠨᠠᠷ ᠬᠡᠨ ᠪᠤᠢ︖ ᠬᠠᠮᠢᠭ᠎ᠠ ᠠᠴᠠ ᠢᠷᠡᠭᠰᠡᠨ ᠪᠤᠢ︖》 ᠭᠡᠰᠡᠨ ᠳᠦ᠂ 9 ᠲᠡᠳᠡ᠄ 《ᠲᠠᠨ ᠤ ᠪᠤᠷᠬᠠᠨ ᠶᠣᠬᠣᠸᠠ ᠶᠢᠨ ᠨᠡᠷ᠎ᠡ ᠠᠯᠳᠠᠷ ᠤᠨ ᠤᠯᠠᠮ ᠢᠶᠠᠷ ᠵᠠᠷᠤᠴᠠ ᠴᠢᠨᠢ ᠪᠢᠳᠡ ᠠᠯᠤᠰ ᠬᠣᠯᠠ ᠶᠢᠨ ᠨᠤᠲᠤᠭ ᠠᠴᠠ ᠢᠷᠡᠭᠰᠡᠨ ᠶᠤᠮ᠃ ᠪᠢᠳᠡ ᠲᠡᠭᠦᠨ ᠦ ᠲᠤᠬᠠᠢ ᠶᠠᠷᠢᠶ᠎ᠠ ᠪᠣᠯᠣᠨ ᠲᠡᠭᠦᠨ ᠦ ᠶᠧᠵᠢᠫᠲ ᠲᠤ ᠬᠢᠭᠰᠡᠨ ᠪᠦᠬᠦᠨ ᠢ ᠰᠣᠨᠣᠰᠣᠭᠰᠠᠨ᠂ 10 ᠪᠠᠰᠠ ᠶᠣᠷᠳᠠᠨ ᠤ ᠵᠡᠭᠦᠨ ᠳᠠᠬᠢ ᠠᠮᠣᠷᠢᠴᠤᠳ ᠤᠨ ᠬᠣᠶᠠᠷ ᠬᠠᠭᠠᠨ᠂ ᠲᠤᠬᠠᠢᠯᠠᠪᠠᠯ ᠾᠧᠱᠪᠣᠨ ᠤ ᠬᠠᠭᠠᠨ ᠰᠢᠬᠣᠨ ᠬᠢᠭᠡᠳ ᠠᠱᠲ᠋ᠠᠷᠣᠲ ᠲᠤ ᠪᠠᠢᠭᠰᠠᠨ ᠪᠠᠱᠠᠨ ᠤ ᠬᠠᠭᠠᠨ ᠣᠭ ᠨᠠᠷ ᠲᠤ ᠲᠡᠭᠦᠨ ᠦ ᠦᠢᠯᠡᠳᠦᠭᠰᠡᠨ ᠪᠦᠭᠦᠳᠡ ᠶᠢ ᠴᠤ ᠰᠣᠨᠣᠰᠣᠭᠰᠠᠨ᠃ 11 ᠲᠡᠢᠮᠦ ᠡᠴᠡ ᠮᠠᠨ ᠤ ᠠᠬᠠᠯᠠᠭᠴᠢᠳ ᠪᠣᠯᠣᠨ ᠮᠠᠨ ᠤ ᠨᠤᠲᠤᠭ ᠤᠨ ᠪᠦᠬᠦ ᠰᠠᠭᠤᠭᠠᠯᠢᠴᠢᠳ ᠪᠢᠳᠡᠨ ᠳᠦ ᠵᠠᠮ ᠤᠨ ᠬᠦᠨᠡᠰᠦ ᠪᠡᠨ ᠠᠪᠴᠤ ᠶᠠᠪᠤ᠂ ᠲᠡᠳᠡᠨ ᠲᠡᠢ ᠠᠭᠤᠯᠵᠠᠵᠤ᠄ 〈ᠪᠢᠳᠡ ᠲᠠᠨ ᠤ ᠵᠠᠷᠤᠴᠠ ᠪᠢᠯᠡ᠂ ᠪᠢᠳᠡᠨ ᠲᠡᠢ ᠭᠡᠷ᠎ᠡ ᠪᠠᠢᠭᠤᠯᠤᠭᠠᠴᠢ〉 ᠭᠡᠵᠦ ᠬᠡᠯᠡ ᠭᠡᠰᠡᠨ ᠶᠤᠮ᠃ 12 ᠮᠠᠨ ᠤ ᠪᠣᠣᠪᠣ ᠡᠨᠡ ᠪᠠᠢᠨ᠎ᠠ᠃ ᠲᠠᠨ ᠤ ᠡᠰᠢ ᠪᠠᠨ ᠭᠠᠷᠴᠤ ᠢᠷᠡᠬᠦ ᠲᠡᠷᠡ ᠡᠳᠦᠷ ᠡᠨᠡ ᠪᠣᠣᠪᠣ ᠶᠢ ᠪᠢᠳᠡ ᠬᠦᠨᠡᠰᠦ ᠪᠣᠯᠭᠠᠨ ᠭᠡᠷ ᠭᠡᠷ ᠡᠴᠡ ᠪᠡᠨ ᠠᠪᠬᠤ ᠳᠤ᠂ ᠲᠡᠷᠡ ᠨᠢ ᠬᠠᠯᠠᠭᠤᠨ ᠪᠠᠢᠭᠰᠠᠨ᠃ ᠬᠠᠷᠢᠨ ᠣᠳᠣ ᠬᠠᠷ᠎ᠠ᠂ ᠬᠠᠲᠠᠵᠤ ᠦᠢᠷᠡᠵᠡᠢ᠃ 13 ᠳᠠᠷᠠᠰᠤ ᠬᠢᠭᠰᠡᠨ ᠬᠥᠬᠦᠷ ᠤᠳ ᠮᠠᠨᠢ ᠰᠢᠨ᠎ᠡ ᠪᠠᠢᠭᠰᠠᠨ ᠪᠣᠯᠪᠠᠴᠤ ᠣᠳᠣ ᠦᠵᠢᠷᠡᠵᠦ ᠤᠷᠠᠭᠲᠠᠯᠠ︕ ᠮᠥᠨ ᠪᠢᠳᠡᠨ ᠦ ᠱᠠᠬᠠᠢ᠂ ᠬᠤᠪᠴᠠᠰᠤ ᠬᠤᠨᠠᠷ ᠴᠤ ᠠᠯᠤᠰ ᠬᠣᠯᠠ ᠶᠢᠨ ᠵᠠᠮ ᠳᠤ ᠡᠯᠡᠭᠳᠡᠨ ᠬᠠᠭᠤᠴᠢᠷᠠᠯᠠ》 ᠭᠡᠪᠡ᠃ 14 ᠢᠰᠷᠧᠯᠴᠦᠳ ᠲᠡᠳᠡᠨ ᠦ ᠬᠦᠨᠡᠰᠦᠨ ᠡᠴᠡ ᠠᠪᠴᠤ ᠦᠵᠡᠭᠰᠡᠨ ᠪᠣᠯᠪᠠᠴᠤ ᠶᠣᠬᠣᠸᠠ ᠶᠢᠨ ᠰᠠᠨᠠᠭ᠎ᠠ ᠶᠢ ᠯᠠᠪᠯᠠᠭᠰᠠᠨ ᠦᠭᠡᠢ᠃ 15 ᠶᠣᠱᠦ᠋ᠶ᠎ᠠ ᠲᠡᠳᠡᠨ ᠢ ᠠᠮᠢᠳᠤ ᠦᠯᠡᠳᠡᠭᠡᠬᠦ ᠡᠩᠬᠡ ᠶᠢᠨ ᠭᠡᠷ᠎ᠡ ᠶᠢ ᠲᠡᠳᠡᠨ ᠲᠡᠢ ᠪᠠᠢᠭᠤᠯᠵᠤ᠂ ᠴᠢᠭᠤᠯᠭᠠᠨ ᠤ ᠤᠳᠤᠷᠢᠳᠤᠭᠴᠢᠳ ᠲᠡᠳᠡᠨ ᠳᠦ ᠲᠠᠩ᠋ᠭᠠᠷᠢᠭᠯᠠᠭᠰᠠᠨ ᠪᠠᠢᠨ᠎ᠠ᠃
16 ᠲᠡᠢᠨ ᠬᠦ ᠭᠡᠷ᠎ᠡ ᠪᠠᠢᠭᠤᠯᠤᠭᠰᠠᠨ ᠠᠴᠠ ᠭᠤᠷᠪᠠᠨ ᠬᠣᠨᠣᠭ ᠤᠨ ᠳᠠᠷᠠᠭ᠎ᠠ᠂ ᠢᠰᠷᠧᠯᠴᠦᠳ ᠨᠥᠭᠥᠭᠡ ᠬᠥᠮᠦᠰ ᠦᠨ ᠥᠪᠡᠷᠰᠡᠳ ᠦᠨ ᠬᠢᠨᠢ ᠨᠤᠲᠤᠭ ᠲᠤ ᠰᠠᠭᠤᠵᠤ ᠪᠤᠢ ᠬᠥᠷᠰᠢ ᠪᠣᠯᠬᠤ ᠶᠢ ᠰᠣᠨᠣᠰᠪᠠ᠃ 17 ᠡᠢᠮᠦ ᠡᠴᠡ ᠢᠰᠷᠧᠯᠴᠦᠳ ᠬᠥᠳᠡᠯᠦᠨ ᠭᠠᠷᠴᠤ ᠭᠤᠷᠪᠠᠳᠠᠬᠢ ᠡᠳᠦᠷ ᠢᠶᠡᠨ ᠭᠢᠪᠧᠶᠣᠨ᠂ ᠺᠧᠹᠢᠷᠠ᠂ ᠪᠧᠷᠣᠲ᠂ ᠮᠥᠨ ᠺᠢᠷᠢᠶᠠᠲ ᠶᠧᠶᠠᠷᠢᠮ ᠵᠡᠷᠭᠡ ᠲᠡᠳᠡᠨ ᠦ ᠬᠣᠲᠠ ᠨᠤᠭᠤᠳ ᠲᠤ ᠬᠦᠷᠴᠦ ᠢᠷᠡᠪᠡ᠃ 18 ᠨᠡᠢᠲᠡ ᠴᠢᠭᠤᠯᠭᠠᠨ ᠤ ᠤᠳᠤᠷᠢᠳᠤᠭᠴᠢᠳ ᠲᠡᠳᠡᠨ ᠳᠦ ᠢᠰᠷᠧᠯ ᠤᠨ ᠪᠤᠷᠬᠠᠨ ᠶᠣᠬᠣᠸᠠ ᠪᠠᠷ ᠲᠠᠩ᠋ᠭᠠᠷᠢᠭᠯᠠᠭᠰᠠᠨ ᠤᠴᠢᠷ ᠲᠡᠳᠡᠨ ᠢ ᠴᠣᠬᠢᠬᠤ ᠦᠭᠡᠢ ᠪᠣᠯᠣᠭᠰᠠᠨ ᠳᠤ᠂ ᠨᠡᠢᠲᠡ ᠴᠢᠭᠤᠯᠭᠠᠨ ᠪᠦᠭᠦᠳᠡᠭᠡᠷ ᠤᠳᠤᠷᠢᠳᠤᠭᠴᠢᠳ ᠲᠠᠭᠠᠨ ᠭᠣᠮᠣᠳᠠᠯ ᠭᠠᠷᠭᠠᠵᠠᠢ᠃ 19 ᠪᠦᠬᠦ ᠤᠳᠤᠷᠢᠳᠤᠭᠴᠢ ᠬᠠᠷᠢᠭᠤ ᠳᠤᠨᠢ᠄ 《ᠪᠢᠳᠡ ᠢᠰᠷᠧᠯ ᠤᠨ ᠪᠤᠷᠬᠠᠨ ᠶᠣᠬᠣᠸᠠ ᠪᠠᠷ ᠲᠠᠩ᠋ᠭᠠᠷᠢᠭᠯᠠᠭᠰᠠᠨ ᠲᠤᠯᠠ ᠣᠳᠣ ᠲᠡᠳᠡᠨ ᠳᠦ ᠭᠠᠷ ᠬᠦᠷᠴᠦ ᠴᠢᠳᠠᠬᠤ ᠦᠭᠡᠢ ᠪᠣᠯᠣᠭᠰᠠᠨ᠃ 20 ᠪᠢᠳᠡ ᠢᠩᠭᠢᠵᠦ ᠬᠢᠶ᠎ᠡ᠂ ᠲᠡᠳᠡᠨ ᠢ ᠠᠮᠢᠳᠤ ᠦᠯᠡᠳᠡᠭᠡᠶ᠎ᠡ᠂ ᠲᠡᠭᠡᠬᠦ ᠦᠭᠡᠢ ᠪᠣᠯ᠂ ᠲᠡᠳᠡᠨ ᠳᠦ ᠡᠷᠭᠦᠭᠰᠡᠨ ᠲᠠᠩ᠋ᠭᠠᠷᠢᠭ ᠠᠴᠠ ᠵᠥᠷᠢᠴᠡᠭᠰᠡᠨ ᠢᠶᠡᠷ ᠢᠶᠠᠨ ᠠᠭᠤᠷ ᠬᠢᠯᠢᠩ ᠢ ᠥᠪᠡᠷ ᠳᠡᠭᠡᠷ᠎ᠡ ᠪᠡᠨ ᠪᠠᠭᠤᠯᠭᠠᠬᠤ ᠪᠤᠢ》 ᠭᠡᠪᠡ᠃ 21 ᠤᠳᠤᠷᠢᠳᠤᠭᠴᠢᠳ ᠵᠠᠯᠭᠠᠵᠤ᠄ 《ᠲᠡᠳᠡᠨ ᠢ ᠠᠮᠢᠳᠤ ᠦᠯᠡᠳᠡᠭᠡᠶ᠎ᠡ᠂ ᠤᠳᠤᠷᠢᠳᠤᠭᠴᠢᠳ ᠤᠨ ᠰᠢᠢᠳᠦᠭᠰᠡᠨ ᠶᠣᠰᠣᠭᠠᠷ ᠲᠡᠳᠡ ᠬᠠᠮᠤᠭ ᠴᠢᠭᠤᠯᠭᠠᠨ ᠤ ᠤᠰᠤ ᠵᠥᠭᠡᠭᠡᠭᠴᠢ ᠪᠠ ᠲᠦᠯᠡᠭᠡᠴᠢᠨ ᠪᠠᠢᠬᠤ ᠪᠣᠯᠣᠨ᠎ᠠ》 ᠭᠡᠪᠡ᠃
22 ᠶᠣᠱᠦ᠋ᠶ᠎ᠠ ᠭᠢᠪᠧᠶᠣᠨᠴᠤᠳ ᠢ ᠳᠠᠭᠤᠳᠠᠨ᠄ 《ᠲᠠ ᠨᠠᠷ ᠮᠠᠨ ᠤ ᠨᠤᠲᠤᠭ ᠲᠤ ᠰᠠᠭᠤᠳᠠᠭ ᠠᠲᠠᠯ᠎ᠠ ᠪᠠᠨ ᠶᠠᠭᠤᠨ ᠳᠤ᠄ 〈ᠪᠢᠳᠡ ᠲᠠ ᠨᠠᠷ ᠠᠴᠠ ᠠᠯᠤᠰ ᠬᠣᠯᠠ ᠪᠠᠢᠳᠠᠭ〉 ᠬᠡᠮᠡᠨ ᠪᠢᠳᠡᠨ ᠢ ᠮᠡᠬᠡᠯᠡᠭᠰᠡᠨ ᠪᠤᠢ︖ 23 ᠣᠳᠣ ᠲᠠ ᠨᠠᠷ ᠬᠠᠷᠢᠶᠠᠭᠳᠠᠭᠰᠠᠨ︕ ᠡᠢᠮᠦ ᠡᠴᠡ ᠲᠠ ᠨᠠᠷ ᠢᠮᠠᠭᠲᠠ ᠮᠠᠨ ᠤ ᠪᠤᠷᠬᠠᠨ ᠤ ᠭᠡᠷ ᠲᠦ ᠲᠦᠯᠡᠭᠡ ᠪᠡᠯᠡᠳᠬᠡᠵᠦ᠂ ᠤᠰᠤ ᠵᠥᠭᠡᠭᠡᠵᠦ ᠵᠠᠷᠤᠴᠠᠯᠠᠭᠳᠠᠬᠤ ᠪᠣᠯᠣᠨ᠎ᠠ》 ᠭᠡᠯᠡ᠃ 24 ᠲᠡᠳᠡ ᠶᠣᠱᠦ᠋ᠶ᠎ᠠ ᠳᠤ ᠬᠠᠷᠢᠭᠤᠯᠤᠨ᠄ 《ᠲᠠᠨ ᠤ ᠪᠤᠷᠬᠠᠨ ᠶᠣᠬᠣᠸᠠ ᠵᠠᠷᠤᠴᠠ ᠮᠣᠰᠧ ᠳᠡᠭᠡᠨ ᠶᠠᠭᠤ ᠲᠤᠰᠢᠶᠠᠭᠰᠠᠨ ᠢ ᠵᠠᠷᠤᠴᠠ ᠴᠢᠨᠢ ᠪᠢᠳᠡ ᠲᠣᠳᠣᠷᠬᠠᠢ ᠳᠤᠭᠤᠯᠤᠭᠰᠠᠨ᠃ ᠡᠨᠡ ᠪᠦᠬᠦ ᠨᠤᠲᠤᠭ ᠢ ᠲᠠ ᠨᠠᠷ ᠲᠤ ᠥᠭᠴᠦ᠂ ᠤᠤᠭᠠᠯ ᠨᠤᠲᠤᠭ ᠤᠨ ᠬᠢᠨ ᠢ ᠨᠢ ᠲᠠ ᠨᠠᠷ ᠤᠨ ᠡᠮᠦᠨ᠎ᠡ ᠤᠰᠠᠳᠬᠠᠬᠤ ᠶᠢ ᠲᠡᠷᠡ ᠲᠠ ᠨᠠᠷ ᠲᠤ ᠲᠤᠰᠢᠶᠠᠭᠰᠠᠨ ᠤᠴᠢᠷ ᠠᠴᠠ ᠪᠢᠳᠡ ᠲᠠ ᠨᠠᠷ ᠠᠴᠠ ᠪᠣᠯᠵᠤ ᠠᠮᠢ ᠪᠠᠨ ᠠᠯᠳᠠᠬᠤ ᠠᠴᠠ ᠶᠡᠬᠡᠳᠡ ᠠᠶᠤᠭᠰᠠᠨ ᠳᠠᠭᠠᠨ ᠢᠩᠭᠢᠵᠦ ᠬᠢᠭᠰᠡᠨ ᠶᠤᠮ᠃ 25 ᠣᠳᠣ ᠪᠢᠳᠡ ᠲᠠᠨ ᠤ ᠭᠠᠷ ᠲᠤ ᠪᠠᠢᠨ᠎ᠠ︕ ᠲᠠ ᠵᠥᠪ᠂ ᠵᠦᠢᠲᠡᠢ ᠭᠡᠵᠦ ᠦᠵᠡᠭᠰᠡᠨ ᠢᠶᠡᠨ ᠪᠢᠳᠡᠨ ᠳᠦ ᠦᠢᠯᠡᠳᠦᠭᠡᠴᠢ》 ᠭᠡᠰᠡᠨ ᠳᠦ᠂ 26 ᠶᠣᠱᠦ᠋ᠶ᠎ᠠ ᠲᠡᠢᠨ ᠬᠦ ᠦᠢᠯᠡᠳᠦᠨ᠂ ᠲᠡᠳᠡᠨ ᠢ ᠢᠰᠷᠧᠯᠴᠦᠳ ᠦᠨ ᠭᠠᠷ ᠠᠴᠠ ᠠᠪᠤᠷᠠᠵᠤ ᠲᠡᠳᠡᠨ ᠢ ᠠᠯᠠᠭᠤᠯᠤᠭᠰᠠᠨ ᠦᠭᠡᠢ᠃ 27 ᠬᠠᠷᠢᠨ ᠲᠡᠷᠡ ᠡᠳᠦᠷ ᠶᠣᠱᠦ᠋ᠶ᠎ᠠ ᠭᠢᠪᠧᠶᠣᠨᠴᠤᠳ ᠢ ᠢᠰᠷᠧᠯ ᠤᠨ ᠨᠡᠢᠲᠡ ᠴᠢᠭᠤᠯᠭᠠᠨ ᠪᠣᠯᠣᠨ ᠶᠣᠬᠣᠸᠠ ᠶᠢᠨ ᠲᠠᠬᠢᠯ ᠤᠨ ᠰᠢᠷᠡᠭᠡᠨ ᠦ ᠲᠥᠯᠥᠭᠡ ᠶᠣᠬᠣᠸᠠ ᠶᠢᠨ ᠰᠣᠩ᠋ᠭᠣᠬᠤ ᠭᠠᠵᠠᠷ ᠲᠤ ᠲᠦᠯᠡᠭᠡ ᠪᠡᠯᠡᠳᠬᠡᠨ ᠤᠰᠤ ᠵᠥᠭᠡᠭᠡᠳᠡᠭ ᠵᠠᠷᠤᠴᠠ ᠪᠣᠯᠭᠠᠭᠰᠠᠨ ᠲᠤᠯᠠ ᠲᠡᠳᠡ ᠥᠨᠥ ᠬᠦᠷᠲᠡᠯ᠎ᠡ ᠬᠡᠪ ᠢᠶᠡᠷ ᠢᠶᠠᠨ ᠪᠠᠢᠨ᠎ᠠ᠃