1 2 3 4 5 6 7 8 9 10 11 12 13 14 15 16 17 18 19 20 21 22 23 24


ᠶᠣᠱᠦ᠋ᠶ᠎ᠠ ᠠᠷᠪᠠᠨ ᠳᠣᠯᠣᠭ᠎ᠠ
 ᠪᠠᠷᠠᠭᠤᠨ ᠮᠠᠨᠠᠰᠧ ᠶᠢᠨ ᠥᠪ

1 ᠮᠠᠨᠠᠰᠧ ᠣᠪᠣᠭ ᠴᠤ ᠰᠢᠪᠠᠭ᠎ᠠ ᠪᠠᠷ ᠥᠪ ᠬᠦᠷᠲᠡᠵᠡᠢ᠃ ᠮᠠᠨᠠᠰᠧ ᠪᠣᠯ ᠶᠣᠰᠧᠹ ᠤᠨ ᠤᠤᠭᠠᠨ ᠬᠦᠦ ᠪᠢᠯᠡ᠃ ᠮᠠᠨᠠᠰᠧ ᠶᠢᠨ ᠤᠤᠭᠠᠨ ᠬᠦᠦ ᠮᠠᠺᠢᠷ ᠪᠣᠯ ᠭᠢᠯᠧᠶᠠᠳ᠋ᠴᠤᠳ ᠤᠨ ᠳᠡᠭᠡᠳᠦ ᠡᠪᠦᠭᠡ ᠪᠥᠭᠡᠳ ᠳᠠᠢᠴᠢᠨ ᠪᠠᠭᠠᠲᠤᠷ ᠪᠣᠯᠬᠣᠷ ᠭᠢᠯᠧᠶᠠᠳ᠋ ᠪᠠ ᠪᠠᠱᠠᠨ ᠢ ᠣᠯᠣᠭᠰᠠᠨ ᠪᠠᠢᠵᠠᠢ᠃ 2 ᠮᠠᠨᠠᠰᠧ ᠶᠢᠨ ᠪᠤᠰᠤᠳ ᠬᠥᠪᠡᠭᠦᠨ᠂ ᠲᠤᠬᠠᠢᠯᠠᠪᠠᠯ ᠠᠪᠢᠶᠧᠽᠧᠷ᠂ ᠾᠧᠯᠧᠺ᠂ ᠠᠰᠷᠢᠶᠧᠯ᠂ ᠱᠧᠺᠧᠮ᠂ ᠾᠧᠹᠧᠷ ᠪᠣᠯᠣᠨ ᠱᠧᠮᠢᠳᠠ ᠨᠠᠷ ᠤᠨ ᠦᠷ᠎ᠡ ᠤᠳᠤᠮ ᠴᠤ ᠠᠢᠮᠠᠭ ᠤᠳ ᠢᠶᠠᠷ ᠢᠶᠠᠨ ᠥᠪ ᠬᠦᠷᠲᠡᠪᠡ᠃ ᠡᠳᠡ ᠨᠠᠷ ᠪᠣᠯ ᠶᠣᠰᠧᠹ ᠤᠨ ᠬᠦᠦ ᠮᠠᠨᠠᠰᠧ ᠶᠢᠨ ᠦᠷ᠎ᠡ ᠤᠳᠤᠮ ᠤᠨ ᠠᠢᠮᠠᠭ ᠪᠦᠷᠢ ᠶᠢᠨ ᠳᠡᠭᠡᠳᠦ ᠡᠪᠦᠭᠡ ᠪᠢᠯᠡ᠃

3 ᠭᠡᠪᠡᠴᠦ ᠮᠠᠨᠠᠰᠧ ᠶᠢᠨ ᠬᠦᠦ ᠮᠠᠺᠢᠷ ᠤᠨ ᠵᠢᠴᠢ᠂ ᠭᠢᠯᠧᠶᠠᠳ᠋ ᠤᠨ ᠠᠴᠢ᠂ ᠾᠧᠹᠧᠷ ᠤᠨ ᠬᠦᠦ ᠽᠧᠯᠣᠹᠧᠬᠠᠳ᠋ ᠬᠦᠦ ᠦᠭᠡᠢ᠂ ᠵᠥᠪᠬᠡᠨ ᠥᠬᠢᠳ ᠲᠠᠢ ᠪᠠᠢᠯ᠎ᠠ᠃ ᠥᠬᠢᠳ ᠢ ᠨᠢ ᠮᠠᠯᠠ᠂ ᠨᠣᠶᠠ᠂ ᠬᠣᠭᠯᠠ᠂ ᠮᠢᠯᠺᠠ ᠪᠠ ᠲᠢᠷᠽᠠ ᠭᠡᠳᠡᠭ ᠪᠠᠢᠪᠠ᠃ 4 ᠲᠡᠳᠡ ᠲᠠᠬᠢᠯᠴᠢ ᠡᠯᠧᠶᠠᠽᠠᠷ᠂ ᠨᠦᠨ ᠦ ᠬᠦᠦ ᠶᠣᠱᠦ᠋ᠶ᠎ᠠ ᠪᠣᠯᠣᠨ ᠤᠳᠤᠷᠢᠳᠤᠭᠴᠢᠳ ᠤᠨ ᠡᠮᠦᠨ᠎ᠡ ᠳᠥᠭᠥᠵᠦ ᠢᠷᠡᠭᠡᠳ᠄ 《ᠮᠠᠨ ᠤ ᠠᠬ᠎ᠠ ᠳᠡᠭᠦᠦᠰ ᠦᠨ ᠳᠤᠮᠳᠠ ᠪᠢᠳᠡᠨ ᠳᠦ ᠴᠤ ᠥᠪ ᠣᠯᠭᠣᠬᠤ ᠶᠢ ᠶᠣᠬᠣᠸᠠ ᠮᠣᠰᠧ ᠳᠤ ᠲᠤᠰᠢᠶᠠᠭᠰᠠᠨ ᠪᠢᠯᠡ》 ᠭᠡᠰᠡᠨ ᠳᠦ᠂ ᠶᠣᠱᠦ᠋ᠶ᠎ᠠ ᠶᠣᠬᠣᠸᠠ ᠶᠢᠨ ᠲᠤᠰᠢᠶᠠᠭᠰᠠᠨ ᠶᠣᠰᠣᠭᠠᠷ ᠡᠴᠢᠭᠡ ᠶᠢᠨ ᠬᠢᠨᠢ ᠠᠬ᠎ᠠ ᠳᠡᠭᠦᠦᠰ ᠦᠨ ᠬᠢᠨᠢ ᠳᠤᠮᠳᠠ ᠲᠡᠳᠡᠨ ᠳᠦ ᠴᠤ ᠥᠪ ᠣᠯᠭᠣᠵᠠᠢ᠃ 5 ᠮᠠᠨᠠᠰᠧ ᠣᠪᠣᠭ ᠲᠤ ᠢᠩᠭᠢᠵᠦ ᠶᠣᠷᠳᠠᠨ ᠤ ᠳᠣᠷᠣᠨ᠎ᠠ ᠲᠠᠯ᠎ᠠ ᠶᠢᠨ ᠭᠢᠯᠧᠶᠠᠳ᠋ ᠪᠣᠯᠣᠨ ᠪᠠᠱᠠᠨ ᠨᠤᠲᠤᠭ ᠠᠴᠠ ᠭᠠᠳᠠᠨ᠎ᠠ᠂ ᠠᠷᠪᠠᠨ ᠬᠡᠰᠡᠭ ᠭᠠᠵᠠᠷ ᠨᠣᠭᠳᠠᠪᠠ᠃ 6 ᠤᠴᠢᠷ ᠨᠢ ᠮᠠᠨᠠᠰᠧ ᠶᠢᠨ ᠥᠬᠢᠳ ᠨᠢ ᠬᠥᠪᠡᠭᠦᠳ ᠦᠨ ᠬᠢᠨᠢ ᠠᠳᠠᠯᠢ ᠥᠪ ᠬᠦᠷᠲᠡᠭᠰᠡᠨ ᠪᠢᠯᠡ᠃ ᠭᠢᠯᠧᠶᠠᠳ᠋ ᠨᠤᠲᠤᠭ ᠨᠢ ᠮᠠᠨᠠᠰᠧ ᠶᠢᠨ ᠪᠤᠰᠤᠳ ᠦᠷ᠎ᠡ ᠤᠳᠤᠮ ᠤᠨ ᠬᠢ ᠪᠣᠯᠪᠠ᠃

7 ᠮᠠᠨᠠᠰᠧ ᠶᠢᠨ ᠬᠢᠯᠢ ᠬᠢᠵᠠᠭᠠᠷ ᠠᠱᠧᠷ ᠡᠴᠡ ᠡᠬᠢᠯᠡᠨ ᠱᠧᠺᠧᠮ ᠤᠨ ᠳᠣᠷᠣᠨ᠎ᠠ ᠵᠦᠭ ᠦᠨ ᠮᠢᠺᠮᠧᠲ᠋ᠠ ᠳᠤ ᠬᠦᠷᠦᠨ᠎ᠡ᠂ ᠲᠡᠭᠡᠭᠡᠳ ᠲᠡᠨᠳᠡ ᠡᠴᠡ ᠪᠡᠨ ᠡᠮᠦᠨ᠎ᠡ ᠲᠡᠰᠢ ᠶᠠᠪᠤᠵᠤ ᠲᠠᠫᠦ᠋ᠶ᠎ᠠ ᠱᠠᠩᠳᠠ ᠶᠢᠨ ᠰᠠᠭᠤᠭᠠᠯᠢᠴᠢᠳ ᠤᠨ ᠲᠡᠨᠳᠡ ᠬᠦᠷᠦᠨ᠎ᠡ᠃ 8 ᠲᠠᠫᠦ᠋ᠶ᠎ᠠ ᠭᠠᠵᠠᠷ ᠨᠢ ᠮᠠᠨᠠᠰᠧ ᠶᠢᠨ ᠬᠢ ᠪᠣᠯᠪᠠᠴᠤ ᠮᠠᠨᠠᠰᠧ ᠶᠢᠨ ᠬᠢᠯᠢ ᠳᠠᠬᠢ ᠲᠠᠫᠦ᠋ᠶ᠎ᠠ ᠨᠢ ᠡᠹᠷᠠᠢᠮᠴᠤᠳ ᠤᠨ ᠬᠢ ᠪᠢᠯᠡ᠃ 9 ᠲᠡᠷᠡ ᠬᠢᠯᠢ ᠴᠠᠭᠠᠰᠢᠯᠠᠨ ᠺᠠᠨᠠ ᠭᠣᠷᠣᠬ᠎ᠠ ᠬᠦᠷᠦᠨ᠎ᠡ᠃ ᠲᠡᠷᠡ ᠭᠣᠷᠣᠬ᠎ᠠ ᠶᠢᠨ ᠡᠮᠦᠨ᠎ᠡ ᠲᠠᠯ᠎ᠠ ᠳᠤ ᠪᠠᠢᠭ᠎ᠠ ᠲᠣᠰᠬᠣᠳ ᠨᠢ ᠮᠠᠨᠠᠰᠧ ᠶᠢᠨ ᠨᠤᠲᠤᠭ ᠲᠤ ᠪᠠᠢᠬᠤ ᠪᠣᠯᠪᠠᠴᠤ ᠡᠹᠷᠠᠢᠮ ᠤᠨ ᠬᠢ ᠪᠢᠯᠡ᠃ ᠮᠠᠨᠠᠰᠧ ᠶᠢᠨ ᠬᠢᠯᠢ ᠲᠡᠷᠡ ᠭᠣᠷᠣᠬ᠎ᠠ ᠶᠢᠨ ᠬᠣᠢᠲᠤ ᠲᠠᠯ᠎ᠠ ᠠᠴᠠ ᠭᠠᠷᠴᠤ ᠲᠠᠩᠭᠢᠰ ᠲᠤ ᠬᠦᠷᠴᠦ ᠲᠡᠭᠦᠰᠦᠨ᠎ᠡ᠃ 10 ᠲᠡᠷᠡ ᠭᠣᠷᠣᠬ᠎ᠠ ᠶᠢᠨ ᠡᠮᠦᠨ᠎ᠡ ᠲᠠᠯ᠎ᠠ ᠨᠢ ᠡᠹᠷᠠᠢᠮ ᠤᠨ ᠬᠢ᠂ ᠬᠣᠢᠲᠤ ᠲᠠᠯ᠎ᠠ ᠨᠢ ᠮᠠᠨᠠᠰᠧ ᠶᠢᠨ ᠬᠢ ᠪᠥᠭᠡᠳ ᠮᠠᠨᠠᠰᠧ ᠶᠢᠨ ᠪᠠᠷᠠᠭᠤᠨ ᠬᠢᠵᠠᠭᠠᠷ ᠨᠢ ᠲᠠᠩᠭᠢᠰ ᠪᠢᠯᠡ᠃ ᠲᠡᠳᠡ ᠬᠣᠢᠲᠤ ᠲᠠᠯ᠎ᠠ ᠪᠠᠷ ᠢᠶᠠᠨ ᠠᠱᠧᠷ᠂ ᠵᠡᠭᠦᠨ ᠲᠠᠯ᠎ᠠ ᠪᠠᠷ ᠢᠶᠠᠨ ᠢᠰᠠᠺᠠᠷ ᠲᠠᠢ ᠵᠠᠯᠭᠠᠵᠤ ᠪᠤᠢ᠃ 11 ᠢᠰᠠᠺᠠᠷ ᠤᠨ ᠬᠢᠨ ᠤ ᠳᠣᠲᠣᠷ᠎ᠠ ᠴᠤ᠂ ᠠᠱᠧᠷ ᠤᠨ ᠬᠢᠨ ᠤ ᠳᠣᠲᠣᠷ᠎ᠠ ᠴᠤ ᠮᠠᠨᠠᠰᠧ ᠶᠢᠨ ᠲᠣᠰᠬᠣᠳ ᠪᠤᠢ᠂ ᠲᠤᠬᠠᠢᠯᠠᠪᠠᠯ ᠪᠧᠲ ᠱᠠᠨ᠂ ᠢᠪᠯᠧᠶᠠᠮ᠂ ᠳ᠋ᠣᠷ᠂ ᠥᠭᠡᠷ᠎ᠡ ᠪᠡᠷ ᠬᠡᠯᠡᠪᠡᠯ ᠨᠠᠹᠣᠲ ᠳ᠋ᠣᠷ᠂ ᠧᠨ ᠳ᠋ᠣᠷ᠂ ᠲᠠᠨᠠᠺ᠂ ᠮᠧᠭᠢᠳᠣ᠋ ᠪᠣᠯᠣᠨ ᠲᠡᠳᠡᠨ ᠦ ᠡᠷᠭᠢᠨ ᠲᠣᠭᠣᠷᠢᠨ ᠤ ᠲᠣᠰᠬᠣᠳ ᠪᠦᠭᠦᠳᠡ ᠮᠠᠨᠠᠰᠧ ᠶᠢᠨ ᠬᠢ ᠶᠤᠮ᠃ 12 ᠭᠡᠪᠡᠴᠦ ᠮᠠᠨᠠᠰᠧᠴᠤᠳ ᠡᠳᠡᠭᠡᠷ ᠲᠣᠰᠬᠣᠨ ᠤ ᠰᠠᠭᠤᠭᠠᠯᠢᠴᠢᠳ ᠢ ᠬᠥᠭᠡᠭᠡᠨ ᠭᠠᠷᠭᠠᠵᠤ ᠴᠢᠳᠠᠭᠰᠠᠨ ᠦᠭᠡᠢ᠂ ᠺᠠᠨᠠᠨᠴᠤᠳ ᠲᠡᠷᠡ ᠭᠠᠵᠠᠷ ᠲᠤ ᠰᠠᠭᠤᠭᠠᠳ ᠪᠠᠢᠬᠤ ᠪᠠᠷ ᠰᠢᠢᠳᠦᠭᠰᠡᠨ ᠠᠵᠢ᠃ 13 ᠢᠰᠷᠧᠯᠴᠦᠳ ᠬᠦᠴᠦᠷᠬᠡᠭ ᠪᠣᠯᠣᠭᠰᠠᠨ ᠤ ᠳᠠᠷᠠᠭ᠎ᠠ᠂ ᠺᠠᠨᠠᠨᠴᠤᠳ ᠢᠶᠠᠷ ᠬᠦᠨᠳᠦ ᠠᠵᠢᠯ ᠬᠢᠯᠭᠡᠭᠰᠡᠨ ᠪᠣᠯᠪᠠᠴᠤ ᠲᠡᠳᠡᠨ ᠢ ᠪᠦᠷᠢᠮᠦᠰᠦᠨ ᠬᠥᠭᠡᠭᠡᠨ ᠭᠠᠷᠭᠠᠭᠰᠠᠨ ᠦᠭᠡᠢ᠃

14 ᠶᠣᠰᠧᠹ ᠤᠨ ᠦᠷ᠎ᠡ ᠤᠳᠤᠮ ᠶᠣᠱᠦ᠋ᠶ᠎ᠠ ᠳᠤ᠄ 《ᠶᠣᠬᠣᠸᠠ ᠪᠢᠳᠡᠨ ᠢ ᠡᠢᠮᠦ ᠥᠨᠢᠷ ᠣᠯᠠᠨ ᠪᠣᠯᠲᠠᠯ᠎ᠠ ᠢᠪᠡᠭᠡᠭᠰᠡᠨ ᠪᠠᠢᠬᠤ ᠳᠤ᠂ ᠲᠠ ᠶᠠᠭᠠᠬᠢᠭᠠᠳ ᠪᠢᠳᠡᠨ ᠳᠦ ᠭᠠᠭᠴᠠ ᠰᠢᠪᠠᠭ᠎ᠠ ᠪᠠᠷ ᠭᠠᠭᠴᠠ ᠬᠡᠰᠡᠭ ᠭᠠᠵᠠᠷ ᠢ ᠥᠪᠯᠡᠭᠦᠯᠦᠭᠰᠡᠨ ᠪᠤᠢ︖》 ᠭᠡᠬᠦ ᠳᠦ᠂ 15 ᠶᠣᠱᠦ᠋ᠶ᠎ᠠ ᠲᠡᠳᠡᠨ ᠳᠦ᠄ 《ᠬᠡᠷᠪᠡ ᠲᠠᠨ ᠤ ᠬᠢᠨ ᠥᠨᠢᠷ ᠣᠯᠠᠨ ᠪᠥᠭᠡᠳ ᠡᠹᠷᠠᠢᠮ ᠤᠨ ᠠᠭᠤᠯᠠᠷᠬᠠᠭ ᠨᠤᠲᠤᠭ ᠲᠠ ᠨᠠᠷ ᠲᠤ ᠳᠠᠪᠴᠢᠭᠤᠳᠠᠵᠤ ᠪᠠᠢᠭ᠎ᠠ ᠶᠤᠮ ᠪᠣᠯ᠂ ᠫᠧᠷᠢᠽᠴᠦᠳ ᠪᠣᠯᠣᠨ ᠠᠪᠤᠷᠭᠤ ᠪᠡᠶᠡᠲᠡᠳ ᠦᠨ ᠣᠢ ᠮᠣᠳᠣ ᠲᠠᠢ ᠨᠤᠲᠤᠭ ᠥᠭᠡᠳᠡ ᠣᠴᠢᠭᠠᠳ ᠥᠪᠡᠷᠰᠡᠳ ᠢᠶᠡᠨ ᠲᠡᠷᠡ ᠭᠠᠵᠠᠷ ᠢ ᠳᠣᠳᠣᠮᠳᠠᠵᠤ ᠠᠰᠢᠭᠯᠠ》 ᠭᠡᠪᠡ᠃ 16 ᠶᠣᠰᠧᠹ ᠤᠨ ᠦᠷ᠎ᠡ ᠤᠳᠤᠮ᠄ 《ᠲᠡᠷᠡ ᠠᠭᠤᠯᠠᠷᠬᠠᠭ ᠨᠤᠲᠤᠭ ᠪᠢᠳᠡᠨ ᠳᠦ ᠬᠦᠷᠦᠯᠴᠡᠬᠦ ᠦᠭᠡᠢ᠂ ᠲᠡᠭᠦᠨ ᠢᠶᠡᠷ ᠦᠯᠦ ᠪᠠᠷᠠᠮ ᠲᠡᠷᠡ ᠬᠥᠨᠳᠡᠢ ᠭᠠᠵᠠᠷ᠂ ᠲᠤᠬᠠᠢᠯᠠᠪᠠᠯ ᠪᠧᠲ ᠱᠠᠨ ᠪᠠ ᠲᠡᠭᠦᠨ ᠦ ᠡᠷᠭᠢᠨ ᠲᠣᠭᠣᠷᠢᠨ ᠤ ᠲᠣᠰᠬᠣᠳ᠂ ᠶᠧᠽᠷᠧᠯ ᠤᠨ ᠬᠥᠨᠳᠡᠢ ᠳᠦ ᠰᠠᠭᠤᠳᠠᠭ ᠺᠠᠨᠠᠨᠴᠤᠳ ᠪᠦᠭᠦᠳᠡ ᠲᠡᠮᠦᠷ ᠬᠥᠰᠬᠡ ᠲᠡᠷᠭᠡ ᠲᠠᠢ》 ᠭᠡᠰᠡᠨ ᠳᠦ᠂ 17 ᠶᠣᠱᠦ᠋ᠶ᠎ᠠ ᠶᠣᠰᠧᠹ ᠤᠨ ᠭᠡᠷ ᠦᠨ ᠬᠢᠨ ᠪᠣᠯᠬᠤ ᠡᠹᠷᠠᠢᠮ ᠪᠠ ᠮᠠᠨᠠᠰᠧ ᠨᠠᠷ ᠲᠤ᠄ 《ᠲᠠ ᠨᠠᠷ ᠦᠨᠡᠬᠡᠷ ᠥᠨᠢᠷ ᠣᠯᠠᠨ ᠪᠥᠭᠡᠳ ᠮᠠᠰᠢ ᠬᠦᠴᠦᠲᠡᠢ ᠪᠢᠯᠡ᠃ ᠭᠠᠭᠴᠠ ᠬᠤᠪᠢ ᠭᠠᠵᠠᠷ ᠲᠠᠢ ᠪᠠᠢᠭᠠᠳ ᠪᠣᠯᠬᠤ ᠦᠭᠡᠢ᠂ 18 ᠠᠭᠤᠯᠠᠷᠬᠠᠭ ᠨᠤᠲᠤᠭ ᠴᠤ ᠲᠠ ᠨᠠᠷ ᠤᠨ ᠬᠢ ᠪᠠᠢᠬᠤ ᠶᠣᠰᠣᠲᠠᠢ᠃ ᠣᠢ ᠮᠣᠳᠣ ᠲᠠᠢ ᠭᠠᠵᠠᠷ ᠢ ᠨᠢ ᠴᠤ ᠳᠣᠳᠣᠮᠳᠠᠵᠤ᠂ ᠠᠯᠤᠰ ᠬᠢᠵᠠᠭᠠᠷ ᠢ ᠨᠢ ᠬᠦᠷᠲᠡᠯ᠎ᠡ ᠥᠪᠡᠷᠰᠡᠳ ᠦᠨ ᠢᠶᠠᠨ ᠡᠵᠡᠮᠰᠢᠯ ᠪᠣᠯᠭ᠎ᠠ᠂ ᠺᠠᠨᠠᠨᠴᠤᠳ ᠲᠡᠮᠦᠷ ᠲᠡᠷᠭᠡ ᠲᠠᠢ᠂ ᠬᠦᠴᠦᠷᠬᠡᠭ ᠪᠠᠢᠯ᠎ᠠ ᠴᠤ ᠲᠠ ᠨᠠᠷ ᠲᠡᠳᠡᠨ ᠢ ᠯᠠᠪ ᠬᠥᠭᠡᠭᠡᠨ ᠭᠠᠷᠭᠠᠵᠤ ᠴᠢᠳᠠᠨ᠎ᠠ︕》 ᠭᠡᠯ᠎ᠡ᠃