1 2 3 4 5 6 7 8 9 10 11 12 13 14 15 16 17 18 19 20 21 22 23 24


ᠶᠣᠱᠦ᠋ᠶ᠎ᠠ ᠠᠷᠪᠠᠨ ᠨᠠᠢ᠌ᠮᠠ
 ᠦᠯᠡᠳᠡᠭᠰᠡᠨ ᠭᠠᠵᠠᠷ ᠨᠤᠲᠤᠭ ᠢ ᠬᠤᠪᠢᠶᠠᠪᠠ

1 ᠢᠰᠷᠧᠯᠴᠦᠳ ᠦᠨ ᠨᠡᠢᠲᠡ ᠴᠢᠭᠤᠯᠭᠠᠨ ᠪᠦᠭᠦᠳᠡᠭᠡᠷ ᠱᠢᠯᠣ᠋ ᠳᠤ ᠴᠤᠭᠯᠠᠷᠠᠵᠤ᠂ ᠲᠡᠨᠳᠡ ᠠᠭᠤᠯᠵᠠᠯᠲᠠ ᠶᠢᠨ ᠴᠠᠴᠠᠷ ᠪᠣᠰᠬᠠᠪᠠ᠃ ᠲᠡᠷᠡ ᠨᠤᠲᠤᠭ ᠲᠡᠳᠡᠨ ᠦ ᠮᠡᠳᠡᠯ ᠳᠦ ᠣᠷᠣᠭᠰᠠᠨ ᠪᠣᠯᠪᠠᠴᠤ 2 ᠢᠰᠷᠧᠯᠴᠦᠳ ᠦᠨ ᠳᠣᠲᠣᠷ᠎ᠠ ᠥᠪ ᠢᠶᠡᠨ ᠣᠯᠣᠭ᠎ᠠ ᠦᠭᠡᠢ ᠳᠣᠯᠣᠭᠠᠨ ᠣᠪᠣᠭ ᠦᠯᠡᠳᠡᠭᠡᠳ ᠪᠠᠢᠯ᠎ᠠ᠃ 3 ᠡᠢᠮᠦ ᠡᠴᠡ ᠶᠣᠱᠦ᠋ᠶ᠎ᠠ ᠢᠰᠷᠧᠯᠴᠦᠳ ᠲᠦ᠄ 《ᠲᠠ ᠨᠠᠷ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢᠨ ᠰᠣᠶᠣᠷᠬᠠᠭᠰᠠᠨ ᠭᠠᠵᠠᠷ ᠨᠤᠲᠤᠭ ᠢᠶᠠᠨ ᠳᠠᠢᠯᠠᠨ ᠡᠵᠡᠮᠰᠢᠬᠦ ᠪᠡᠷ ᠶᠠᠪᠤᠯ ᠦᠭᠡᠢ ᠬᠡᠴᠢᠨᠡᠨ ᠤᠳᠠᠭᠠᠨ ᠪᠠᠢᠭᠰᠠᠭᠠᠷ ᠪᠠᠢᠬᠤ ᠶᠤᠮ ᠪᠤᠢ︖ 4 ᠣᠪᠣᠭ ᠪᠦᠷᠢ ᠡᠴᠡ ᠭᠤᠷᠪᠠᠨ ᠬᠥᠮᠦᠨ ᠰᠢᠯᠢᠵᠦ ᠠᠪ᠃ ᠪᠢ ᠲᠡᠳᠡᠨ ᠢ ᠲᠡᠰᠢ ᠶᠠᠪᠤᠭᠤᠯᠤᠶ᠎ᠠ᠃ ᠲᠡᠳᠡ ᠭᠠᠷᠴᠤ ᠲᠡᠷᠡ ᠨᠤᠲᠤᠭ ᠳᠠᠶᠠᠭᠠᠷ ᠶᠠᠪᠤᠭᠠᠳ ᠥᠪ ᠪᠣᠯᠬᠤ ᠭᠠᠵᠠᠷ ᠤᠨ ᠲᠣᠳᠣᠷᠬᠠᠢᠯᠠᠯᠲᠠ ᠶᠢ ᠪᠢᠴᠢᠭᠡᠳ ᠨᠠᠳᠠ ᠳᠡᠭᠡᠷ᠎ᠡ ᠠᠪᠴᠢᠷᠠᠬᠤ ᠪᠣᠯᠣᠨ᠎ᠠ᠃ 5 ᠲᠡᠳᠡ ᠲᠡᠷᠡ ᠨᠤᠲᠤᠭ ᠢ ᠳᠣᠯᠣᠭᠠᠨ ᠬᠡᠰᠡᠭ ᠲᠦ ᠬᠤᠪᠢᠶᠠᠬᠤ ᠪᠣᠯᠣᠨ᠎ᠠ᠃ ᠲᠡᠭᠡᠬᠦ ᠳᠦ ᠶᠦᠳᠠ ᠪᠣᠯ ᠡᠮᠦᠨ᠎ᠡ ᠵᠦᠭ ᠦᠨ ᠨᠤᠲᠤᠭ ᠲᠠᠭᠠᠨ᠂ ᠶᠣᠰᠧᠹ ᠤᠨ ᠭᠡᠷ ᠦᠨ ᠬᠢᠨ ᠪᠣᠯ ᠬᠣᠢᠲᠤ ᠵᠦᠭ ᠦᠨ ᠨᠤᠲᠤᠭ ᠲᠠᠭᠠᠨ ᠦᠯᠡᠳᠡᠬᠦ ᠪᠣᠯᠣᠨ᠎ᠠ᠃ 6 ᠲᠠ ᠨᠠᠷ ᠲᠡᠷᠡ ᠨᠤᠲᠤᠭ ᠢ ᠳᠣᠯᠣᠭᠠᠨ ᠬᠡᠰᠡᠭ ᠲᠦ ᠬᠤᠪᠢᠶᠠᠨ ᠲᠣᠳᠣᠷᠬᠠᠢᠯᠠᠭᠰᠠᠨ ᠤ ᠳᠠᠷᠠᠭ᠎ᠠ᠂ ᠲᠡᠷᠡ ᠲᠣᠳᠣᠷᠬᠠᠢᠯᠠᠯᠲᠠ ᠶᠢ ᠨᠠᠳᠠ ᠳᠤ ᠠᠪᠴᠢᠷᠠ᠃ ᠲᠡᠭᠡᠪᠡᠯ ᠪᠢ ᠡ᠊ᠨᠳᠡ ᠪᠢᠳᠡᠨ ᠦ ᠪᠤᠷᠬᠠᠨ ᠶᠣᠬᠣᠸᠠ ᠶᠢᠨ ᠡᠮᠦᠨ᠎ᠡ ᠲᠠ ᠨᠠᠷ ᠤᠨ ᠲᠥᠯᠥᠭᠡ ᠰᠢᠪᠠᠭ᠎ᠠ ᠬᠠᠶᠠᠬᠤ ᠪᠣᠯᠣᠨ᠎ᠠ᠃ 7 ᠬᠠᠷᠢᠨ ᠯᠧᠸᠢᠴᠦᠳ ᠲᠦ ᠲᠠ ᠨᠠᠷ ᠤᠨ ᠳᠤᠮᠳᠠ ᠬᠦᠷᠲᠡᠬᠦ ᠥᠪ ᠪᠠᠢᠬᠤ ᠦᠭᠡᠢ᠂ ᠤᠴᠢᠷ ᠨᠢ ᠲᠡᠳᠡᠨ ᠦ ᠥᠪ ᠪᠣᠯ ᠶᠣᠬᠣᠸᠠ ᠶᠢᠨ ᠲᠠᠬᠢᠯᠴᠢ ᠶᠢᠨ ᠲᠤᠰᠢᠶᠠᠯ ᠶᠤᠮ᠃ ᠭᠠᠳ᠋᠂ ᠷᠧᠣᠪᠧᠨ ᠬᠢᠭᠡᠳ ᠮᠠᠨᠠᠰᠧ ᠶᠢᠨ ᠬᠠᠭᠠᠰ ᠣᠪᠣᠭ ᠤᠨ ᠬᠢᠨ ᠤ ᠬᠤᠪᠢ ᠳᠤ ᠶᠣᠷᠳᠠᠨ ᠤ ᠵᠡᠭᠦᠨ ᠲᠠᠯ᠎ᠠ ᠳᠤ ᠥᠪ ᠢᠶᠡᠨ ᠬᠦᠷᠲᠡᠭᠰᠡᠨ ᠪᠠᠢᠪᠠ᠃ ᠡᠳᠡᠭᠡᠷ ᠢ ᠶᠣᠬᠣᠸᠠ ᠶᠢᠨ ᠵᠠᠷᠤᠴᠠ ᠮᠣᠰᠧ ᠲᠡᠳᠡᠨ ᠳᠦ ᠥᠭᠭᠥᠭᠰᠡᠨ ᠪᠢᠯᠡ᠃

8 ᠢᠩᠭᠢᠭᠡᠳ ᠨᠤᠲᠤᠭ ᠢ ᠲᠣᠳᠣᠷᠬᠠᠢᠯᠠᠨ ᠪᠢᠴᠢᠬᠦ ᠪᠡᠷ ᠬᠥᠮᠦᠰ ᠵᠠᠮ ᠳᠠᠭᠠᠨ ᠭᠠᠷᠪᠠ᠃ ᠶᠣᠱᠦ᠋ᠶ᠎ᠠ ᠲᠡᠳᠡᠨ ᠳᠦ ᠵᠠᠬᠢᠨ᠄ 《ᠨᠤᠲᠤᠭ ᠳᠠᠶᠠᠭᠠᠷ ᠶᠠᠪᠤᠵᠤ᠂ ᠲᠡᠭᠦᠨ ᠢ ᠲᠣᠳᠣᠷᠬᠠᠢᠯᠠᠵᠤ ᠪᠢᠴᠢᠭᠡᠳ ᠨᠠᠳᠠ ᠳᠡᠭᠡᠷ᠎ᠡ ᠠᠪᠴᠢᠷᠠ᠃ ᠲᠡᠭᠡᠪᠡᠯ ᠪᠢ ᠡᠨᠡ ᠱᠢᠯᠣ᠋ ᠳᠤ ᠶᠣᠬᠣᠸᠠ ᠶᠢᠨ ᠡᠮᠦᠨ᠎ᠡ ᠲᠠ ᠨᠠᠷ ᠤᠨ ᠲᠥᠯᠥᠭᠡ ᠰᠢᠪᠠᠭ᠎ᠠ ᠲᠠᠲᠠᠶ᠎ᠠ》 ᠭᠡᠪᠡ᠃ 9 ᠲᠡᠷᠡ ᠬᠥᠮᠦᠰ ᠨᠤᠲᠤᠭ ᠳᠠᠶᠠᠭᠠᠷ ᠶᠠᠪᠤᠵᠤ᠂ ᠲᠡᠭᠦᠨ ᠢ ᠳᠣᠯᠣᠭ᠎ᠠ ᠬᠤᠪᠢᠶᠠᠨ ᠬᠣᠲᠠ ᠬᠣᠲᠠ ᠪᠠᠷ ᠨᠢ ᠬᠤᠢᠯᠠᠮᠠᠯ ᠳᠡᠭᠡᠷ᠎ᠡ ᠲᠣᠳᠣᠷᠬᠠᠢᠯᠠᠨ ᠪᠢᠴᠢᠭᠡᠳ ᠱᠢᠯᠣ᠋ ᠳᠠᠬᠢ ᠬᠤᠸᠠᠷᠠᠨ ᠳᠤ ᠪᠤᠢ ᠶᠣᠱᠦ᠋ᠶ᠎ᠠ ᠳᠡᠭᠡᠷ᠎ᠡ ᠢᠷᠡᠯ᠎ᠡ᠃ 10 ᠶᠣᠱᠦ᠋ᠶ᠎ᠠ ᠱᠢᠯᠣ᠋ ᠳᠤ ᠶᠣᠬᠣᠸᠠ ᠶᠢᠨ ᠡᠮᠦᠨ᠎ᠡ ᠲᠡᠳᠡᠨ ᠦ ᠲᠥᠯᠥᠭᠡ ᠰᠢᠪᠠᠭ᠎ᠠ ᠲᠠᠲᠠᠵᠤ᠂ ᠲᠡᠨᠳᠡ ᠲᠡᠷᠡ ᠨᠤᠲᠤᠭ ᠢ ᠢᠰᠷᠧᠯᠴᠦᠳ ᠲᠦ ᠬᠤᠪᠢ ᠬᠤᠪᠢ ᠪᠠᠷ ᠨᠢ ᠬᠤᠪᠢᠶᠠᠨ ᠥᠭᠭᠥᠭᠰᠡᠨ ᠪᠠᠢᠨ᠎ᠠ᠃
 ᠪᠢᠨᠶᠠᠮᠢᠨ ᠤ ᠥᠪ

11 ᠠᠩ᠋ᠬᠠᠨ ᠤ ᠬᠤᠪᠢ ᠨᠢ ᠪᠢᠨᠶᠠᠮᠢᠨ ᠤ ᠠᠢᠮᠠᠭ ᠤᠳ ᠲᠤ ᠤᠨᠤᠭᠳᠠᠪᠠ᠃ ᠲᠡᠳᠡᠨ ᠳᠦ ᠣᠨᠣᠭᠳᠠᠭᠰᠠᠨ ᠨᠤᠲᠤᠭ ᠨᠢ ᠶᠦᠳᠠ ᠣᠪᠣᠭ ᠪᠣᠯᠣᠨ ᠶᠣᠰᠧᠹ ᠤᠨ ᠣᠪᠣᠭ ᠤᠨ ᠬᠣᠭᠣᠷᠣᠨᠳᠣ ᠪᠠᠢᠪᠠ᠃ 12 ᠲᠡᠳᠡᠨ ᠦ ᠬᠢᠯᠢ ᠨᠢ ᠬᠣᠢᠲᠤ ᠲᠠᠯ᠎ᠠ ᠳᠠᠭᠠᠨ ᠶᠣᠷᠳᠠᠨ ᠠᠴᠠ ᠡᠬᠢᠯᠡᠵᠦ ᠶᠧᠷᠢᠺᠣ ᠶᠢᠨ ᠬᠣᠢᠲᠤ ᠲᠠᠯ᠎ᠠ ᠥᠭᠡᠳᠡ ᠥᠭᠰᠥᠨ ᠪᠠᠷᠠᠭᠤᠨ ᠵᠦᠭ ᠦᠨ ᠠᠭᠤᠯᠠᠷᠬᠠᠭ ᠨᠤᠲᠤᠭ ᠢᠶᠠᠷ ᠥᠩᠭᠡᠷᠡᠵᠦ᠂ ᠪᠧᠲ ᠠᠸᠧᠨ ᠤ ᠴᠥᠯ ᠳᠤ ᠬᠦᠷᠦᠨ᠎ᠡ᠃ 13 ᠲᠡᠷᠡ ᠬᠢᠯᠢ ᠲᠡᠨᠳᠡ ᠡᠴᠡ ᠯᠦᠽ᠂ ᠥᠭᠡᠷ᠎ᠡ ᠪᠡᠷ ᠬᠡᠯᠡᠪᠡᠯ ᠪᠧᠲ᠋ᠧᠯ ᠢᠶᠠᠷ ᠥᠩᠭᠡᠷᠡᠨ ᠯᠦᠽ ᠤᠨ ᠡᠮᠦᠨᠡᠲᠦ ᠪᠡᠯ ᠳᠦ ᠬᠦᠷᠬᠦ ᠪᠥᠭᠡᠳ ᠠᠲ᠋ᠠᠷᠣᠲ ᠠᠳᠠᠷ ᠤᠷᠤᠭᠤ ᠤᠷᠤᠭᠤᠳᠠᠨ ᠳᠣᠣᠷ᠎ᠠ ᠪᠧᠲ ᠾᠣᠷᠣᠨ ᠤ ᠡᠮᠦᠨ᠎ᠡ ᠲᠠᠯ᠎ᠠ ᠶᠢᠨ ᠠᠭᠤᠯᠠ ᠶᠢᠨ ᠬᠠᠵᠠᠭᠤ ᠪᠠᠷ ᠭᠠᠷᠴᠤ᠂ 14 ᠪᠧᠲ ᠾᠣᠷᠣᠨ ᠤ ᠡᠮᠦᠨ᠎ᠡ ᠲᠠᠯ᠎ᠠ ᠶᠢᠨ ᠠᠭᠤᠯᠠ ᠠᠴᠠ ᠪᠠᠷᠠᠭᠤᠨ ᠲᠡᠰᠢ ᠡᠷᠭᠢᠭᠰᠡᠨ ᠢᠶᠡᠨ ᠡᠮᠦᠨ᠎ᠡ ᠲᠡᠰᠢ ᠴᠢᠭᠯᠡᠵᠦ᠂ ᠶᠦᠳᠠᠴᠤᠳ ᠤᠨ ᠬᠣᠲᠠ ᠺᠢᠷᠢᠶᠠᠲ ᠪᠠᠯ᠂ ᠥᠭᠡᠷ᠎ᠡ ᠪᠡᠷ ᠬᠡᠯᠡᠪᠡᠯ ᠺᠢᠷᠢᠶᠠᠲ ᠶᠧᠶᠠᠷᠢᠮ ᠳᠤ ᠬᠦᠷᠦᠭᠡᠳ ᠲᠡᠭᠦᠰᠦᠨ᠎ᠡ᠃ ᠪᠠᠷᠠᠭᠤᠨ ᠬᠢᠯᠢ ᠨᠢ ᠡᠨᠡ ᠶᠤᠮ᠃ 15 ᠡᠮᠦᠨᠡᠲᠦ ᠲᠠᠯ᠎ᠠ ᠨᠢ ᠺᠢᠷᠢᠶᠠᠲ ᠶᠧᠶᠠᠷᠢᠮ ᠤᠨ ᠵᠠᠬ᠎ᠠ ᠠᠴᠠ ᠡᠬᠢᠯᠡᠨ ᠪᠠᠷᠠᠭᠤᠨ ᠲᠡᠰᠢ ᠶᠠᠪᠤᠵᠤ ᠨᠧᠹᠲ᠋ᠣᠶ᠎ᠠ ᠶᠢᠨ ᠤᠰᠤ ᠶᠡᠬᠡ ᠲᠠᠢ ᠪᠤᠯᠠᠭ ᠲᠤ ᠬᠦᠷᠦᠨ᠎ᠡ᠃ 16 ᠲᠡᠷᠡ ᠬᠢᠯᠢ ᠷᠧᠹᠠᠢᠮ ᠤᠨ ᠬᠥᠨᠳᠡᠢ ᠶᠢᠨ ᠬᠣᠢᠨ᠎ᠠ ᠪᠠᠢᠳᠠᠭ ᠪᠧᠨ ᠾᠢᠨᠣᠮ ᠤᠨ ᠬᠥᠨᠳᠡᠢ ᠤᠷᠤᠭᠤ ᠤᠷᠤᠭᠤᠳᠠᠵᠤ᠂ ᠶᠧᠪᠦ᠋ᠰ ᠤᠨ ᠡᠮᠦᠨ᠎ᠡ ᠲᠠᠯ᠎ᠠ ᠬᠦᠷᠴᠦ᠂ ᠧᠨ ᠷᠣᠭᠧᠯ ᠤᠷᠤᠭᠤ ᠤᠷᠤᠭᠤᠳᠠᠨ᠂ 17 ᠬᠣᠢᠰᠢ ᠮᠤᠷᠤᠢᠭᠠᠳ ᠧᠨ ᠱᠧᠮᠧᠱ ᠤᠷᠤᠭᠤ ᠶᠠᠪᠤᠵᠤ᠂ ᠠᠳᠦ᠋ᠮᠢᠮ ᠤᠨ ᠥᠭᠰᠥᠭᠦᠷ ᠦᠨ ᠬᠠᠷᠠᠯᠳᠤᠭ᠎ᠠ ᠳᠠᠬᠢ ᠭᠧᠯᠢᠯᠣᠲ ᠤᠷᠤᠭᠤ ᠦᠷᠭᠦᠯᠵᠢᠯᠡᠨ᠂ ᠷᠧᠣᠪᠧᠨ ᠤ ᠬᠦᠦ ᠪᠣᠾᠠᠨ ᠤ ᠬᠠᠳᠠ ᠤᠷᠤᠭᠤ ᠤᠷᠤᠭᠤᠳᠠᠵᠤ᠂ 18 ᠶᠣᠷᠳᠠᠨ ᠤ ᠬᠥᠨᠳᠡᠢ ᠶᠢᠨ ᠬᠣᠢᠨ᠎ᠠ ᠪᠤᠢ ᠪᠡᠯ ᠢᠶᠡᠷ ᠥᠩᠭᠡᠷᠡᠨ ᠲᠡᠷᠡ ᠬᠥᠨᠳᠡᠢ ᠳᠦ ᠬᠦᠷᠦᠨ᠎ᠡ᠃ 19 ᠲᠡᠷᠡ ᠬᠢᠯᠢ ᠲᠡᠨᠳᠡ ᠡᠴᠡ ᠬᠣᠢᠰᠢ ᠪᠧᠲ ᠬᠣᠬᠯᠠ ᠪᠡᠯ ᠢᠶᠡᠷ ᠳᠠᠭᠠᠷᠢᠨ᠂ ᠶᠣᠷᠳᠠᠨ ᠤ ᠡᠮᠦᠨᠡᠲᠦ ᠦᠵᠦᠭᠦᠷ᠂ ᠲᠤᠬᠠᠢᠯᠠᠪᠠᠯ ᠳᠠᠪᠤᠰᠤᠲᠤ ᠲᠠᠩᠭᠢᠰ ᠤᠨ ᠬᠣᠢᠲᠤ ᠪᠤᠯᠤᠩ ᠳᠤ ᠬᠦᠷᠴᠦ ᠲᠡᠭᠦᠰᠦᠨ᠎ᠡ᠃ ᠡᠮᠦᠨᠡᠲᠦ ᠬᠢᠯᠢ ᠨᠢ ᠡᠨᠡ ᠶᠤᠮ᠃ 20 ᠵᠡᠭᠦᠨ ᠬᠢᠯᠢ ᠨᠢ ᠶᠣᠷᠳᠠᠨ ᠭᠣᠣᠯ ᠪᠠᠢᠪᠠ᠃ ᠪᠢᠨᠶᠠᠮᠢᠨᠴᠤᠳ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠤᠲᠤᠭ ᠤᠨ ᠡᠷᠭᠢᠨ ᠲᠣᠭᠣᠷᠢᠨ ᠤ ᠬᠢᠯᠢ ᠬᠢᠵᠠᠭᠠᠷ ᠨᠢ ᠡᠨᠡ ᠶᠤᠮ᠃

21 ᠪᠢᠨᠶᠠᠮᠢᠨ ᠣᠪᠣᠭ ᠤᠨ ᠬᠢᠨ ᠤ ᠠᠢᠮᠠᠭ ᠤᠳ ᠢᠶᠠᠷ ᠢᠶᠠᠨ ᠬᠦᠷᠲᠡᠭᠰᠡᠨ ᠬᠣᠲᠠ ᠨᠤᠭᠤᠳ ᠭᠡᠪᠡᠯ᠂ ᠶᠧᠷᠢᠺᠣ᠂ ᠪᠧᠲ ᠬᠣᠬᠯᠠ᠂ ᠡᠮᠧᠺ ᠺᠧᠽᠢᠽ᠂ 22 ᠪᠧᠲ ᠠᠷᠠᠪᠠ᠂ ᠽᠧᠮᠠᠷᠠᠢᠮ᠂ ᠪᠧᠲ᠋ᠧᠯ᠂ 23 ᠠᠸᠢᠮ᠂ ᠫᠠᠷᠠ᠂ ᠣᠹᠷᠠ᠂ 24 ᠺᠧᠹᠠᠷ ᠠᠮᠣᠨᠢ᠂ ᠣᠹᠨᠢ ᠪᠠ ᠭᠧᠪᠠ ᠵᠡᠷᠭᠡ ᠠᠷᠪᠠᠨ ᠬᠣᠶᠠᠷ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂ 25 ᠭᠢᠪᠧᠶᠣᠨ᠂ ᠷᠠᠮᠠ᠂ ᠪᠧᠷᠣᠲ᠂ 26 ᠮᠢᠽᠫᠠ᠂ ᠺᠧᠹᠢᠷᠠ᠂ ᠮᠣᠽᠠ᠂ 27 ᠷᠧᠺᠧᠮ᠂ ᠢᠷᠫᠧᠯ᠂ ᠲᠠᠷᠠᠯᠠ᠂ 28 ᠽᠧᠯᠠ᠂ ᠬᠠᠶᠧᠯᠧᠹ᠂ ᠶᠧᠪᠦ᠋ᠰ᠂ ᠥᠭᠡᠷ᠎ᠡ ᠪᠡᠷ ᠬᠡᠯᠡᠪᠡᠯ ᠶᠧᠷᠦ᠋ᠰᠠᠯᠧᠮ᠂ ᠭᠢᠪᠧᠶ᠎ᠠ ᠪᠠ ᠺᠢᠷᠢᠶᠠᠲ ᠵᠡᠷᠭᠡ ᠠᠷᠪᠠᠨ ᠳᠥᠷᠪᠡᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠶᠤᠮ᠃ ᠪᠢᠨᠶᠠᠮᠢᠨᠴᠤᠳ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠨᠡ ᠪᠢᠯᠡ᠃