ᠶᠣᠱᠦ᠋ᠶ᠎ᠠ ᠲᠠᠪᠤ
ᠭᠢᠯᠭᠠᠯ ᠳᠠᠬᠢ ᠬᠥᠪᠴᠢᠷᠬᠡᠢ ᠬᠥᠨᠳᠡᠯᠲᠡ
1 ᠶᠣᠬᠣᠸᠠ ᠶᠢᠨ ᠢᠰᠷᠧᠯᠴᠦᠳ ᠢ ᠭᠠᠲᠤᠯᠵᠤ ᠳᠠᠭᠤᠰᠲᠠᠯ᠎ᠠ ᠨᠢ ᠶᠣᠷᠳᠠᠨ ᠤ ᠤᠰᠤ ᠶᠢ ᠰᠢᠷᠭᠢᠭᠡᠭᠰᠡᠨ ᠢ ᠶᠣᠷᠳᠠᠨ ᠤ ᠪᠠᠷᠠᠭᠤᠨ ᠲᠠᠯ᠎ᠠ ᠳᠤ ᠰᠠᠭᠤᠳᠠᠭ ᠠᠮᠣᠷᠢᠴᠤᠳ ᠤᠨ ᠪᠦᠬᠦ ᠬᠠᠭᠠᠨ᠂ ᠮᠥᠨ ᠳᠠᠯᠠᠢ ᠶᠢᠨ ᠬᠥᠪᠡᠭᠡ ᠪᠡᠷ ᠰᠠᠭᠤᠳᠠᠭ ᠺᠠᠨᠠᠨᠴᠤᠳ ᠤᠨ ᠪᠦᠬᠦ ᠬᠠᠭᠠᠨ ᠰᠣᠨᠣᠰᠣᠭᠠᠳ᠂ ᠢᠰᠷᠧᠯᠴᠦᠳ ᠡᠴᠡ ᠪᠣᠯᠵᠤ ᠵᠢᠷᠦᠬᠡ ᠨᠢ ᠦᠬᠦᠵᠦ ᠵᠣᠷᠢᠭ ᠨᠢ ᠮᠣᠬᠣᠭᠰᠠᠨ ᠪᠠᠢᠨ᠎ᠠ᠃
2 ᠲᠡᠷᠡ ᠦᠶ᠎ᠡ ᠳᠦ ᠶᠣᠬᠣᠸᠠ ᠶᠣᠱᠦ᠋ᠶ᠎ᠠ ᠳᠤ᠄ 《ᠴᠠᠬᠢᠭᠤᠷ ᠬᠢᠲᠤᠭ᠎ᠠ ᠬᠢᠵᠦ᠂ ᠬᠣᠶᠠᠳᠠᠬᠢ ᠤᠳᠠᠭ᠎ᠠ ᠢᠰᠷᠧᠯᠴᠦᠳ ᠦᠨ ᠬᠥᠪᠴᠢᠷᠬᠡᠢ ᠶᠢ ᠬᠥᠨᠳᠡᠭᠦᠯ》 ᠭᠡᠰᠡᠨ ᠳᠦ᠂ 3 ᠶᠣᠱᠦ᠋ᠶ᠎ᠠ ᠴᠠᠬᠢᠭᠤᠷ ᠬᠢᠲᠤᠭ᠎ᠠ ᠨᠤᠭᠤᠳ ᠬᠢᠵᠦ᠂ ᠭᠧᠪᠧᠶᠠᠲ ᠬᠠᠷᠠᠯᠣᠲ ᠲᠤ ᠢᠰᠷᠧᠯᠴᠦᠳ ᠢ ᠬᠥᠪᠴᠢᠷᠬᠡᠢ ᠬᠥᠨᠳᠡᠭᠦᠯᠪᠡ᠃ 4 ᠶᠣᠱᠦ᠋ᠶ᠎ᠠ ᠶᠢᠨ ᠢᠩᠭᠢᠵᠦ ᠲᠡᠳᠡᠨ ᠦ ᠬᠥᠪᠴᠢᠷᠬᠡᠢ ᠶᠢ ᠬᠥᠨᠳᠡᠭᠰᠡᠨ ᠦ ᠤᠴᠢᠷ ᠭᠡᠪᠡᠯ᠂ ᠶᠧᠵᠢᠫᠲ ᠡᠴᠡ ᠭᠠᠷᠴᠤ ᠶᠠᠪᠤᠭᠰᠠᠨ ᠠᠷᠠᠳ ᠣᠯᠠᠨ ᠤ ᠳᠤᠮᠳᠠᠬᠢ ᠪᠦᠬᠦ ᠳᠠᠢᠴᠢᠨ ᠡᠷᠡᠴᠦᠳ ᠶᠧᠵᠢᠫᠲ ᠡᠴᠡ ᠭᠠᠷᠤᠭᠰᠠᠨ ᠤ ᠪᠠᠨ ᠳᠠᠷᠠᠭ᠎ᠠ᠂ ᠠᠶᠠᠨ ᠵᠠᠮ ᠳᠠᠭᠠᠨ ᠴᠥᠯ ᠳᠤ ᠴᠥᠮ ᠢᠶᠡᠷ ᠢᠶᠠᠨ ᠦᠬᠦᠭᠰᠡᠨ ᠪᠣᠯᠪᠠᠴᠤ 5 ᠭᠠᠷᠬᠤ ᠦᠶ᠎ᠡ ᠳᠡᠭᠡᠨ ᠪᠦᠭᠦᠳᠡᠭᠡᠷ ᠬᠥᠪᠴᠢᠷᠬᠡᠢ ᠬᠥᠨᠳᠡᠭᠦᠯᠦᠭᠡᠳ ᠪᠠᠢᠭᠰᠠᠨ᠂ ᠬᠠᠷᠢᠨ ᠶᠧᠵᠢᠫᠲ ᠡᠴᠡ ᠭᠠᠷᠴᠤ ᠶᠠᠪᠤᠭᠰᠠᠨ ᠤ ᠳᠠᠷᠠᠭ᠎ᠠ᠂ ᠠᠶᠠᠨ ᠵᠠᠮ ᠳᠤ ᠴᠥᠯ ᠳᠤ ᠲᠥᠷᠥᠭᠰᠡᠨ ᠪᠦᠬᠦ ᠬᠥᠮᠦᠨ ᠬᠥᠪᠴᠢᠷᠬᠡᠢ ᠬᠥᠨᠳᠡᠭᠦᠯᠦᠭᠡ ᠦᠭᠡᠢ ᠪᠠᠢᠭᠰᠠᠨ ᠪᠠᠢᠵᠠᠢ᠃ 6 ᠶᠧᠵᠢᠫᠲ ᠡᠴᠡ ᠭᠠᠷᠴᠤ ᠶᠠᠪᠤᠭᠰᠠᠨ ᠪᠦᠬᠦ ᠠᠷᠠᠳ ᠣᠯᠠᠨ ᠤ ᠳᠠᠢᠴᠢᠨ ᠡᠷᠡᠴᠦᠳ ᠤᠰᠠᠳᠴᠤ ᠳᠠᠭᠤᠰᠲᠠᠯ᠎ᠠ ᠢᠰᠷᠧᠯᠴᠦᠳ ᠴᠥᠯ ᠳᠤ ᠳᠥᠴᠢᠨ ᠵᠢᠯ ᠲᠡᠨᠦᠭᠦᠴᠢᠯᠡᠭᠰᠡᠨ ᠪᠠᠢᠨ᠎ᠠ᠂ ᠲᠡᠳᠡ ᠶᠣᠬᠣᠸᠠ ᠶᠢᠨ ᠳᠠᠭᠤ ᠬᠣᠭᠣᠯᠠᠢ ᠶᠢ ᠳᠠᠭᠠᠭᠰᠠᠨ ᠦᠭᠡᠢ ᠤᠴᠢᠷ ᠠᠴᠠ ᠶᠣᠬᠣᠸᠠ ᠲᠡᠳᠡᠨ ᠳᠦ ᠥᠭᠬᠦ ᠪᠡᠷ ᠲᠡᠳᠡᠨ ᠦ ᠡᠴᠢᠭᠡ ᠡᠪᠦᠭᠡᠳ ᠲᠦ ᠠᠮᠠᠯᠠᠭᠰᠠᠨ ᠡᠨᠡ ᠭᠠᠵᠠᠷ᠂ ᠰᠦ᠋ ᠪᠠᠯ ᠢᠶᠠᠷ ᠪᠢᠯᠬᠠᠭᠰᠠᠨ ᠡᠨᠡ ᠨᠤᠲᠤᠭ ᠢ ᠲᠡᠳᠡᠨ ᠳᠦ ᠬᠠᠷᠠᠭᠤᠯᠬᠤ ᠦᠭᠡᠢ ᠭᠡᠵᠦ ᠲᠠᠩ᠋ᠭᠠᠷᠢᠭᠯᠠᠭᠰᠠᠨ ᠪᠢᠯᠡ᠃ 7 ᠶᠣᠬᠣᠸᠠ ᠶᠢᠨ ᠲᠡᠳᠡ ᠨᠠᠷ ᠤᠨ ᠣᠷᠣᠨ ᠳᠤ ᠪᠣᠰᠬᠠᠭᠰᠠᠨ ᠦᠷ᠎ᠡ ᠬᠣᠢᠴᠢᠰ ᠨᠢ ᠠᠶᠠᠨ ᠵᠠᠮ ᠳᠤ ᠬᠥᠪᠴᠢᠷᠬᠡᠢ ᠬᠥᠨᠳᠡᠯᠲᠡ ᠬᠢᠭᠡ ᠦᠭᠡᠢ ᠪᠠᠢᠭᠰᠠᠨ ᠤᠴᠢᠷ ᠠᠴᠠ ᠬᠥᠪᠴᠢᠷᠬᠡᠢ ᠬᠥᠨᠳᠡᠭᠦᠯᠦᠭᠡ ᠦᠭᠡᠢ ᠬᠡᠪ ᠢᠶᠡᠷ ᠪᠠᠢᠵᠠᠢ᠃ ᠲᠡᠢᠮᠦ ᠡᠴᠡ ᠶᠣᠱᠦ᠋ᠶ᠎ᠠ ᠲᠡᠳᠡᠨ ᠳᠦ ᠬᠥᠪᠴᠢᠷᠬᠡᠢ ᠬᠥᠨᠳᠡᠬᠦ ᠶᠣᠰᠣᠯᠠᠯ ᠦᠢᠯᠡᠳᠴᠡᠢ᠃
8 ᠪᠦᠬᠦ ᠦᠨᠳᠦᠰᠦᠲᠡᠨ ᠢᠶᠡᠷ ᠢᠶᠠᠨ ᠪᠦᠭᠦᠳᠡ ᠬᠥᠪᠴᠢᠷᠬᠡᠢ ᠬᠥᠨᠳᠡᠭᠦᠯᠵᠦ ᠳᠠᠭᠤᠰᠤᠭᠰᠠᠨ ᠤ ᠳᠠᠷᠠᠭ᠎ᠠ᠂ ᠲᠡᠳᠡ ᠡᠳᠡᠭᠡᠷᠡᠲᠡᠯ᠎ᠡ ᠪᠡᠨ ᠬᠤᠸᠠᠷᠠᠨ ᠳᠠᠬᠢ ᠪᠠᠢᠷᠢᠨ ᠳᠠᠭᠠᠨ ᠪᠠᠢᠵᠠᠭᠠᠪᠠ᠃ 9 ᠶᠣᠬᠣᠸᠠ ᠶᠣᠱᠦ᠋ᠶ᠎ᠠ ᠳᠤ ᠠᠢᠯᠠᠳᠤᠨ᠄ 《ᠥᠨᠥᠳᠥᠷ ᠪᠢ ᠶᠧᠵᠢᠫᠲ ᠤᠨ ᠳᠣᠷᠣᠮᠵᠢᠯᠠᠯ ᠢ ᠲᠠ ᠨᠠᠷ ᠠᠴᠠ ᠥᠩᠬᠥᠷᠢᠭᠦᠯᠦᠨ ᠵᠠᠢᠯᠠᠭᠤᠯᠤᠯ᠎ᠠ》 ᠭᠡᠪᠡ᠃ ᠡᠢᠮᠦ ᠡᠴᠡ ᠲᠡᠷᠡ ᠭᠠᠵᠠᠷ ᠥᠨᠥ ᠪᠣᠯᠲᠠᠯ᠎ᠠ ᠭᠢᠯᠭᠠᠯ 3 ᠭᠡᠵᠦ ᠨᠡᠷᠡᠯᠡᠭᠳᠡᠳᠡᠭ ᠶᠤᠮ᠃
ᠭᠠᠵᠠᠷ ᠤᠨ ᠦᠷ᠎ᠡ ᠰᠢᠮ᠎ᠡ ᠶᠢ ᠢᠳᠡᠪᠡ
10 ᠢᠰᠷᠧᠯᠴᠦᠳ ᠭᠢᠯᠭᠠᠯ ᠳᠤ ᠪᠠᠭᠤᠳᠠᠯᠯᠠᠭᠠᠳ᠂ ᠲᠤᠰ ᠰᠠᠷ᠎ᠠ ᠶᠢᠨ ᠠᠷᠪᠠᠨ ᠳᠥᠷᠪᠡᠨ ᠦ ᠡᠳᠦᠷ ᠦᠨ ᠣᠷᠣᠢ ᠶᠧᠷᠢᠺᠣ ᠶᠢᠨ ᠲᠠᠯ᠎ᠠ ᠭᠠᠵᠠᠷ ᠲᠤ ᠭᠡᠲᠦᠯᠭᠡᠭᠰᠡᠨ ᠦ ᠪᠠᠶᠠᠷ ᠢ ᠲᠡᠮᠳᠡᠭᠯᠡᠵᠦ᠂ 11 ᠭᠡᠲᠦᠯᠭᠡᠭᠰᠡᠨ ᠦ ᠪᠠᠶᠠᠷ ᠤᠨ ᠳᠠᠷᠠᠭ᠎ᠠ ᠡᠳᠦᠷ᠂ ᠶᠠᠭ ᠲᠡᠷᠡ ᠡᠳᠦᠷ ᠲᠡᠭᠡᠨ ᠭᠠᠵᠠᠷ ᠤᠨ ᠦᠷ᠎ᠡ ᠰᠢᠮ᠎ᠡ ᠡᠴᠡ ᠢᠰᠭᠡᠭᠡ ᠦᠭᠡᠢ ᠪᠣᠣᠪᠣ ᠪᠣᠯᠣᠨ ᠬᠠᠭᠤᠷᠤᠭᠰᠠᠨ ᠲᠠᠷᠢᠶᠠᠨ ᠲᠦᠷᠦᠭᠦᠦ ᠢᠳᠡᠪᠡ᠃ 12 ᠲᠡᠳᠡ ᠭᠠᠵᠠᠷ ᠤᠨ ᠦᠷ᠎ᠡ ᠰᠢᠮ᠎ᠡ ᠡᠴᠡ ᠢᠳᠡᠭᠰᠡᠨ ᠦ ᠳᠠᠷᠠᠭ᠎ᠠ ᠡᠳᠦᠷ ᠨᠢ ᠮᠠᠨᠨᠠ ᠳᠠᠭᠤᠰᠴᠠᠢ᠃ ᠢᠰᠷᠧᠯᠴᠦᠳ ᠲᠦ ᠮᠠᠨᠨᠠ ᠳᠠᠬᠢᠨ ᠣᠯᠳᠠᠭᠰᠠᠨ ᠦᠭᠡᠢ᠃ ᠲᠡᠷᠡ ᠵᠢᠯ ᠡᠴᠡ ᠡᠬᠢᠯᠡᠨ ᠲᠡᠳᠡ ᠺᠠᠨᠠᠨ ᠨᠤᠲᠤᠭ ᠤᠨ ᠤᠷᠭᠤᠴᠠ ᠠᠴᠠ ᠢᠳᠡᠭᠰᠡᠨ ᠪᠠᠢᠯ᠎ᠠ᠃
ᠶᠣᠬᠣᠸᠠ ᠶᠢᠨ ᠴᠡᠷᠢᠭ ᠤᠨ ᠵᠠᠩᠵᠤᠨ
13 ᠶᠣᠱᠦ᠋ᠶ᠎ᠠ ᠶᠧᠷᠢᠺᠣ ᠶᠢᠨ ᠣᠢᠷᠠᠯᠴᠠᠭ᠎ᠠ ᠪᠠᠢᠬᠤ ᠳᠠᠭᠠᠨ ᠨᠢᠳᠦ ᠡᠷᠭᠦᠨ ᠳᠡᠭᠡᠭᠰᠢ ᠬᠠᠷᠠᠲᠠᠯ᠎ᠠ᠂ ᠨᠢᠭᠡ ᠬᠥᠮᠦᠨ ᠰᠤᠭᠤᠯᠤᠭᠰᠠᠨ ᠰᠡᠯᠡᠮ᠎ᠡ ᠪᠡᠨ ᠭᠠᠷ ᠲᠠᠭᠠᠨ ᠪᠠᠷᠢᠨ ᠵᠣᠭᠰᠣᠵᠤ ᠪᠠᠢᠯ᠎ᠠ᠃ ᠶᠣᠱᠦ᠋ᠶ᠎ᠠ ᠲᠡᠰᠢ ᠣᠴᠢᠵᠤ᠂ ᠲᠡᠭᠦᠨ ᠡᠴᠡ᠄ 《ᠲᠠ ᠮᠠᠨ ᠤ ᠲᠠᠯ᠎ᠠ ᠶᠢᠨ ᠬᠢ ᠤᠤ︖ ᠳᠠᠢᠰᠤᠨ ᠤ ᠲᠠᠯ᠎ᠠ ᠶᠢᠨ ᠬᠢ ᠤᠤ︖》 ᠭᠡᠵᠦ ᠠᠰᠠᠭᠤᠭᠰᠠᠨ ᠳᠤ᠂ 14 ᠲᠡᠷᠡ᠄ 《ᠦᠭᠡᠢ᠂ ᠪᠢ ᠪᠣᠯ ᠶᠣᠬᠣᠸᠠ ᠶᠢᠨ ᠴᠡᠷᠢᠭ ᠤᠨ ᠵᠠᠩᠵᠤᠨ ᠪᠠᠢᠨ᠎ᠠ᠂ ᠣᠳᠣ ᠪᠢ ᠢᠷᠡᠭᠰᠡᠨ》 ᠭᠡᠵᠡᠢ᠃ ᠶᠣᠱᠦ᠋ᠶ᠎ᠠ ᠨᠢᠭᠤᠷ ᠢᠶᠠᠨ ᠭᠠᠵᠠᠷ ᠲᠤ ᠬᠦᠷᠭᠡᠨ ᠲᠡᠭᠦᠨ ᠳᠦ ᠮᠥᠷᠭᠥᠵᠦ᠄ 《ᠮᠢᠨᠦ ᠡᠵᠡᠨ ᠵᠠᠷᠤᠴᠠ ᠳᠠᠭᠠᠨ ᠶᠠᠭᠤ ᠬᠡᠯᠡᠬᠦ ᠰᠠᠨ ᠪᠣᠯ︖》 ᠭᠡᠬᠦ ᠳᠦ᠂ 15 ᠶᠣᠬᠣᠸᠠ ᠶᠢᠨ ᠴᠡᠷᠢᠭ ᠤᠨ ᠵᠠᠩᠵᠤᠨ ᠶᠣᠱᠦ᠋ᠶ᠎ᠠ ᠳᠤ᠄ 《ᠱᠠᠬᠠᠢ ᠪᠠᠨ ᠲᠠᠢᠯ᠂ ᠵᠣᠭᠰᠣᠵᠤ ᠪᠤᠢ ᠭᠠᠵᠠᠷ ᠴᠢᠨᠢ ᠠᠷᠢᠭᠤᠨ ᠶᠤᠮ》 ᠭᠡᠪᠡ᠃ ᠶᠣᠱᠦ᠋ᠶ᠎ᠠ ᠲᠡᠢᠨ ᠬᠦ ᠦᠢᠯᠡᠳᠴᠡᠢ᠃