1 2 3 4 5 6 7 8 9 10 11 12 13 14 15 16 17 18 19 20 21 22 23 24


ᠶᠣᠱᠦ᠋ᠶ᠎ᠠ ᠨᠠᠢ᠌ᠮᠠ
 ᠠᠢ ᠶᠢ ᠡᠵᠡᠯᠡᠪᠡ

1 ᠶᠣᠬᠣᠸᠠ ᠶᠣᠱᠦ᠋ᠶ᠎ᠠ ᠳᠤ ᠠᠢᠯᠠᠳᠤᠨ᠄ 《ᠪᠦᠦ ᠠᠶᠤ᠂ ᠪᠦᠦ ᠰᠢᠨᠲᠠᠷᠠ᠃ ᠬᠠᠮᠤᠭ ᠳᠠᠢᠴᠢᠨ ᠡᠷᠡᠰ ᠢᠶᠡᠨ ᠳᠠᠢᠴᠢᠯᠠᠵᠤ ᠠᠢ ᠤᠷᠤᠭᠤ ᠳᠠᠭᠠᠷᠢ᠃ ᠬᠠᠷᠠ᠂ ᠪᠢ ᠠᠢ ᠶᠢᠨ ᠬᠠᠭᠠᠨ ᠢ ᠲᠡᠭᠦᠨ ᠦ ᠠᠷᠠᠳ ᠣᠯᠠᠨ᠂ ᠬᠣᠲᠠ᠂ ᠮᠥᠨ ᠭᠠᠵᠠᠷ ᠨᠤᠲᠤᠭ ᠲᠠᠢ ᠨᠢ ᠬᠠᠮᠲᠤ ᠴᠢᠨᠦ ᠭᠠᠷ ᠲᠤ ᠲᠤᠰᠢᠶᠠᠭᠰᠠᠨ᠃ 2 ᠴᠢ ᠶᠧᠷᠢᠺᠣ ᠪᠣᠯᠣᠨ ᠲᠡᠭᠦᠨ ᠦ ᠬᠠᠭᠠᠨ ᠳᠤ ᠬᠡᠷᠬᠢᠨ ᠦᠢᠯᠡᠳᠦᠭᠰᠡᠨ ᠪᠣᠯ᠂ ᠠᠶ ᠪᠣᠯᠣᠨ ᠲᠡᠭᠦᠨ ᠦ ᠬᠠᠭᠠᠨ ᠳᠤ ᠮᠥᠨ ᠲᠡᠢᠨ ᠬᠦ ᠦᠢᠯᠡᠳᠬᠦ ᠪᠣᠯᠣᠨ᠎ᠠ᠃ ᠬᠠᠷᠢᠨ ᠣᠯᠵᠠ ᠪᠣᠯᠣᠨ ᠮᠠᠯ ᠰᠦᠷᠦᠭ ᠢ ᠥᠪᠡᠷ ᠲᠡᠭᠡᠨ ᠠᠪᠴᠤ ᠪᠣᠯᠣᠨ᠎ᠠ᠃ ᠴᠢ ᠬᠣᠲᠠ ᠶᠢᠨ ᠠᠷᠤ ᠲᠠᠯ᠎ᠠ ᠳᠤ ᠪᠦᠭᠬᠦᠭᠦᠯ ᠲᠠᠯᠪᠢ》 ᠭᠡᠯ᠎ᠡ᠃

3 ᠶᠣᠱᠦ᠋ᠶ᠎ᠠ ᠠᠶ ᠤᠷᠤᠭᠤ ᠳᠣᠪᠲᠣᠯᠬᠤ ᠪᠠᠷ ᠬᠠᠮᠤᠭ ᠳᠠᠢᠴᠢᠨ ᠡᠷᠡᠰ ᠦᠨ ᠢᠶᠠᠨ ᠬᠠᠮᠲᠤ ᠬᠥᠳᠡᠯᠪᠡ᠃ ᠶᠣᠱᠦ᠋ᠶ᠎ᠠ ᠭᠤᠷᠪᠠᠨ ᠲᠦᠮᠡᠨ ᠳᠠᠢᠴᠢᠨ ᠢ ᠰᠢᠯᠢᠨ ᠠᠪᠴᠤ ᠲᠡᠳᠡᠨ ᠢ ᠰᠥᠨᠢ ᠪᠠᠷ ᠶᠠᠪᠤᠭᠤᠯᠬᠤ ᠳᠠᠭᠠᠨ᠂ 4 ᠲᠡᠳᠡᠨ ᠳᠦ ᠲᠤᠰᠢᠶᠠᠨ᠄ 《ᠠᠩ᠋ᠬᠠᠷᠤᠭᠲᠤᠨ᠂ ᠲᠠ ᠨᠠᠷ ᠬᠣᠲᠠ ᠶᠢᠨ ᠠᠷᠤ ᠲᠠᠯ᠎ᠠ ᠳᠤ ᠪᠦᠭᠬᠦᠭᠡᠳ ᠪᠠᠢᠭᠠᠷᠠᠢ᠃ ᠬᠣᠲᠠ ᠠᠴᠠ ᠬᠡᠲᠦᠷᠬᠡᠢ ᠬᠣᠯᠠᠳᠠᠵᠤ ᠪᠣᠯᠬᠤ ᠦᠭᠡᠢ᠂ ᠪᠦᠬᠦ ᠬᠥᠮᠦᠨ ᠪᠡᠯᠡᠬᠡᠨ ᠪᠠᠢᠬᠤ ᠶᠣᠰᠣᠲᠠᠢ᠃ 5 ᠬᠠᠷᠢᠨ ᠪᠢ ᠬᠠᠮᠲᠤ ᠪᠠᠢᠭ᠎ᠠ ᠪᠦᠬᠦ ᠳᠠᠢᠴᠢᠨ ᠲᠠᠢ ᠪᠠᠨ ᠬᠣᠲᠠ ᠤᠷᠤᠭᠤ ᠳᠥᠭᠥᠵᠦ ᠣᠴᠢᠶ᠎ᠠ᠃ ᠬᠣᠲᠠ ᠶᠢᠨ ᠬᠢᠨ ᠤᠷᠢᠳᠤ ᠶᠢᠨ ᠠᠳᠠᠯᠢ ᠪᠢᠳᠡᠨ ᠤᠷᠤᠭᠤ ᠳᠠᠭᠠᠷᠢᠨ ᠢᠷᠡᠬᠦ ᠪᠣᠯᠣᠨ᠎ᠠ᠃ ᠲᠡᠭᠡᠪᠡᠯ ᠪᠢᠳᠡ ᠲᠡᠳᠡᠨ ᠡᠴᠡ ᠵᠢᠭᠤᠲᠠᠨ᠎ᠠ᠃ 6 ᠲᠡᠳᠡᠨ ᠢ ᠠᠷᠤ ᠠᠴᠠ ᠪᠠᠨ ᠨᠡᠬᠡᠭᠦᠯᠵᠦ ᠬᠣᠲᠠ ᠠᠴᠠ ᠰᠠᠯᠭᠠᠬᠤ ᠶᠣᠰᠣᠲᠠᠢ᠃ ᠲᠡᠳᠡ᠄ 〈ᠢᠰᠷᠧᠯᠴᠦᠳ ᠤᠷᠢᠳᠤ ᠶᠢᠨ ᠠᠳᠠᠯᠢ ᠪᠢᠳᠡᠨ ᠡᠴᠡ ᠵᠢᠭᠤᠲᠠᠵᠤ ᠪᠠᠢᠨ᠎ᠠ〉 ᠭᠡᠵᠦ ᠪᠣᠳᠣᠬᠤ ᠪᠣᠯᠣᠨ᠎ᠠ᠃ ᠲᠡᠢᠨ ᠬᠦ ᠲᠡᠳᠡᠨ ᠡᠴᠡ ᠵᠢᠭᠤᠲᠠᠵᠤ ᠪᠠᠢᠬᠤ ᠳᠤ᠂ 7 ᠲᠠ ᠨᠠᠷ ᠣᠲᠣᠵᠤ ᠪᠠᠢᠭᠰᠠᠨ ᠭᠠᠵᠠᠷ ᠠᠴᠠ ᠪᠠᠨ ᠭᠠᠷᠴᠤ ᠬᠣᠲᠠ ᠶᠢ ᠡᠵᠡᠯᠡ᠃ ᠲᠠᠨ ᠤ ᠪᠤᠷᠬᠠᠨ ᠶᠣᠬᠣᠸᠠ ᠲᠡᠷᠡ ᠬᠣᠲᠠ ᠶᠢ ᠲᠠ ᠨᠠᠷ ᠤᠨ ᠭᠠᠷ ᠲᠤ ᠲᠤᠰᠢᠶᠠᠬᠤ ᠪᠣᠯᠣᠨ᠎ᠠ᠃ 8 ᠬᠣᠲᠠ ᠶᠢ ᠡᠵᠡᠯᠡᠭᠰᠡᠨ ᠦ ᠪᠠᠨ ᠳᠠᠷᠠᠭ᠎ᠠ᠂ ᠭᠠᠯᠳᠠᠨ ᠰᠢᠲᠠᠭᠠᠵᠤ ᠶᠣᠬᠣᠸᠠ ᠶᠢᠨ ᠦᠭᠡ ᠶᠢ ᠪᠡᠶᠡᠯᠡᠭᠦᠯ᠃ ᠠᠩ᠋ᠬᠠᠷᠤᠭᠲᠤᠨ᠂ ᠵᠠᠬᠢᠭᠰᠠᠨ ᠦᠭᠡ ᠶᠢ ᠮᠢᠨᠢ︕》 ᠭᠡᠪᠡ᠃ 9 ᠡᠢᠨ ᠬᠦ ᠶᠣᠱᠦ᠋ᠶ᠎ᠠ ᠲᠡᠳᠡᠨ ᠢ ᠶᠠᠪᠤᠭᠤᠯᠤᠭᠰᠠᠨ ᠳᠤ᠂ ᠲᠡᠳᠡ ᠣᠳᠣᠬᠤ ᠭᠠᠵᠠᠷ ᠲᠤ ᠣᠴᠢᠵᠤ᠂ ᠠᠢ ᠶᠢᠨ ᠪᠠᠷᠠᠭᠤᠨ ᠲᠠᠯ᠎ᠠ ᠳᠤ ᠪᠧᠲ᠋ᠧᠯ ᠪᠠ ᠠᠢ ᠶᠢᠨ ᠬᠣᠭᠣᠷᠣᠨᠳᠣ ᠪᠦᠭᠬᠦᠭᠰᠡᠨ ᠪᠠᠢᠨ᠎ᠠ᠃ ᠶᠣᠱᠦ᠋ᠶ᠎ᠠ ᠲᠡᠷᠡ ᠰᠥᠨᠢ ᠠᠷᠠᠳ ᠣᠯᠠᠨ ᠤ ᠳᠤᠮᠳᠠ ᠬᠣᠨᠣᠪᠠ᠃

10 ᠶᠣᠱᠦ᠋ᠶ᠎ᠠ ᠥᠷᠯᠥᠭᠡ ᠡᠷᠲᠡᠯᠡᠨ ᠪᠣᠰᠴᠤ᠂ ᠠᠷᠠᠳ ᠣᠯᠠᠨ ᠢ ᠴᠤᠭᠯᠠᠭᠤᠯᠤᠭᠠᠳ ᠢᠰᠷᠧᠯ ᠤᠨ ᠠᠬᠠᠮᠠᠳ ᠤᠳ ᠤᠨ ᠬᠠᠮᠲᠤ ᠲᠡᠳᠡᠨ ᠢ ᠬᠣᠰᠢᠭᠤᠴᠢᠯᠠᠨ ᠠᠶ ᠤᠷᠤᠭᠤ ᠶᠠᠪᠤᠪᠠ᠃ 11 ᠲᠡᠭᠦᠨ ᠢ ᠳᠠᠭᠠᠭᠰᠠᠨ ᠳᠠᠢᠴᠢᠳ ᠪᠦᠭᠦᠳᠡ ᠣᠢᠷᠠᠲᠤᠨ ᠣᠴᠢᠵᠤ᠂ ᠬᠣᠲᠠ ᠶᠢᠨ ᠡᠰᠡᠷᠭᠦ ᠲᠠᠯ᠎ᠠ ᠳᠤ ᠬᠦᠷᠦᠭᠡᠳ᠂ ᠠᠢ ᠶᠢᠨ ᠬᠣᠢᠲᠤ ᠲᠠᠯ᠎ᠠ ᠳᠤ ᠪᠠᠭᠤᠳᠠᠯᠯᠠᠪᠠ᠃ ᠠᠶ ᠪᠣᠯᠣᠨ ᠲᠡᠳᠡᠨ ᠦ ᠬᠣᠭᠣᠷᠣᠨᠳᠣ ᠨᠢᠭᠡᠨ ᠬᠥᠨᠳᠡᠢ ᠪᠠᠢᠪᠠ᠃ 12 ᠶᠣᠱᠦ᠋ᠶ᠎ᠠ ᠲᠠᠪᠤᠨ ᠮᠢᠩ᠋ᠭ᠎ᠠ ᠣᠷᠴᠢᠮ ᠬᠥᠮᠦᠨ ᠢ ᠰᠢᠯᠢᠨ ᠠᠪᠴᠤ᠂ ᠲᠡᠳᠡᠨ ᠢ ᠬᠣᠲᠠ ᠶᠢᠨ ᠪᠠᠷᠠᠭᠤᠨ ᠲᠠᠯ᠎ᠠ ᠳᠠᠬᠢ ᠪᠧᠲ᠋ᠧᠯ ᠪᠣᠯᠣᠨ ᠠᠢ ᠶᠢᠨ ᠬᠣᠭᠣᠷᠣᠨᠳᠣ ᠪᠦᠭᠬᠦᠭᠦᠯᠪᠡ᠃ 13 ᠡᠢᠨ ᠬᠦ ᠭᠣᠣᠯ ᠬᠦᠴᠦ ᠨᠢ ᠬᠣᠲᠠ ᠶᠢᠨ ᠬᠣᠢᠲᠤ ᠵᠦᠭ ᠲᠦ᠂ ᠣᠲᠣᠭᠴᠢᠳ ᠨᠢ ᠬᠣᠲᠠ ᠶᠢᠨ ᠪᠠᠷᠠᠭᠤᠨ ᠲᠠᠯ᠎ᠠ ᠳᠤ ᠪᠠᠢᠷᠢᠯᠠᠵᠠᠢ᠃ ᠶᠣᠱᠦ᠋ᠶ᠎ᠠ ᠲᠡᠷᠡ ᠰᠥᠨᠢ ᠬᠥᠨᠳᠡᠢ ᠤᠷᠤᠭᠤ ᠣᠷᠣᠪᠠ᠃ 14 ᠠᠢ ᠶᠢᠨ ᠬᠠᠭᠠᠨ ᠡᠭᠦᠨ ᠢ ᠦᠵᠡᠭᠡᠳ ᠢᠰᠷᠧᠯᠴᠦᠳ ᠲᠡᠢ ᠪᠠᠢᠯᠳᠤᠬᠤ ᠪᠠᠷ ᠬᠣᠲᠠ ᠶᠢᠨ ᠬᠢᠨ ᠲᠠᠢ ᠪᠠᠨ ᠬᠠᠮᠲᠤ ᠥᠷᠯᠥᠭᠡ ᠡᠷᠲᠡ ᠶᠠᠭᠠᠷᠠᠨ ᠬᠥᠳᠡᠯᠵᠦ᠂ ᠶᠣᠷᠳᠠᠨ ᠤ ᠬᠥᠨᠳᠡᠢ ᠶᠢᠨ ᠡᠮᠦᠨ᠎ᠡ ᠲᠠᠯ᠎ᠠ ᠳᠤ ᠭᠠᠷᠪᠠ᠃ ᠭᠡᠪᠡᠴᠦ ᠬᠣᠲᠠ ᠶᠢᠨ ᠠᠷᠤ ᠲᠠᠯ᠎ᠠ ᠳᠤ ᠥᠪᠡᠷ ᠢ ᠨᠢ ᠣᠲᠣᠵᠤ ᠪᠠᠢᠭ᠎ᠠ ᠬᠥᠮᠦᠰ ᠪᠤᠢ ᠶᠢ ᠲᠡᠷᠡ ᠮᠡᠳᠡᠭᠰᠡᠨ ᠦᠭᠡᠢ᠃ 15 ᠶᠣᠱᠦ᠋ᠶ᠎ᠠ ᠪᠣᠯᠣᠨ ᠪᠦᠬᠦ ᠢᠰᠷᠧᠯ ᠲᠡᠳᠡᠨ ᠳᠦ ᠴᠣᠬᠢᠭᠳᠠᠭᠰᠠᠨ ᠮᠡᠲᠦ ᠴᠥᠯ ᠤᠷᠤᠭᠤ ᠵᠢᠭᠤᠲᠠᠯ᠎ᠠ᠃ 16 ᠬᠣᠲᠠ ᠳᠤ ᠪᠠᠢᠭᠰᠠᠨ ᠠᠷᠠᠳ ᠣᠯᠠᠨ ᠪᠦᠭᠦᠳᠡᠭᠡᠷ ᠢᠰᠷᠧᠯᠴᠦᠳ ᠢ ᠮᠥᠰᠬᠢᠨ ᠬᠥᠭᠡᠭᠡᠬᠦ ᠪᠡᠷ ᠳᠠᠭᠤᠳᠠᠭᠳᠠᠪᠠ᠃ ᠲᠡᠳᠡ ᠶᠣᠱᠦ᠋ᠶ᠎ᠠ ᠶᠢᠨ ᠠᠷᠤ ᠠᠴᠠ ᠬᠥᠭᠡᠭᠡᠭᠰᠡᠭᠡᠷ ᠬᠣᠲᠠ ᠠᠴᠠ ᠬᠣᠯᠠᠳᠠᠪᠠ᠃ 17 ᠠᠢ ᠳᠤ ᠴᠤ᠂ ᠪᠧᠲ᠋ᠧᠯ ᠳᠤ ᠴᠤ ᠢᠰᠷᠧᠯ ᠤᠨ ᠠᠷᠤ ᠠᠴᠠ ᠶᠠᠪᠤᠯ ᠦᠭᠡᠢ ᠦᠯᠡᠳᠡᠭᠰᠡᠨ ᠡᠷ᠎ᠡ ᠭᠠᠭᠴᠠ ᠴᠤ ᠪᠠᠢᠭᠰᠠᠨ ᠦᠭᠡᠢ᠃ ᠲᠡᠳᠡ ᠬᠣᠲᠠ ᠪᠠᠨ ᠵᠠᠳᠠᠭᠠᠢ ᠣᠷᠬᠢᠨ᠂ ᠢᠰᠷᠧᠯ ᠢ ᠨᠡᠬᠡᠨ ᠬᠥᠭᠡᠭᠡᠵᠦ ᠪᠠᠢᠯ᠎ᠠ᠃

18 ᠶᠣᠬᠣᠸᠠ ᠶᠣᠱᠦ᠋ᠶ᠎ᠠ ᠳᠤ ᠠᠢᠯᠠᠳᠤᠨ᠄ 《ᠭᠠᠷ ᠲᠠᠭᠠᠨ ᠪᠠᠢᠭ᠎ᠠ ᠵᠢᠳᠠ ᠶᠢ ᠠᠢ ᠤᠷᠤᠭᠤ ᠰᠤᠩ᠋ᠭ᠎ᠠ᠃ ᠪᠢ ᠡᠨᠡ ᠬᠣᠲᠠ ᠶᠢ ᠭᠠᠷ ᠲᠤ ᠴᠢᠨᠢ ᠲᠤᠰᠢᠶᠠᠨ᠎ᠠ》 ᠭᠡᠰᠡᠨ ᠳᠦ᠂ ᠶᠣᠱᠦ᠋ᠶ᠎ᠠ ᠭᠠᠷ ᠲᠠᠭᠠᠨ ᠪᠠᠢᠭ᠎ᠠ ᠵᠢᠳᠠ ᠶᠢ ᠬᠣᠲᠠ ᠤᠷᠤᠭᠤ ᠰᠤᠩ᠋ᠭᠠᠪᠠ᠃ 19 ᠶᠣᠱᠦ᠋ᠶ᠎ᠠ ᠭᠠᠷ ᠢᠶᠠᠨ ᠰᠤᠩ᠋ᠭᠠᠮᠠᠭᠴᠠ ᠪᠦᠭᠬᠦᠵᠦ ᠪᠠᠢᠭᠰᠠᠨ ᠡᠷᠡᠴᠦᠳ ᠪᠠᠢᠷᠢ ᠡᠴᠡ ᠪᠡᠨ ᠶᠠᠭᠠᠷᠠᠨ ᠬᠥᠳᠡᠯᠪᠡ᠃ ᠲᠡᠳᠡ ᠭᠦᠶᠦᠨ ᠣᠴᠢᠵᠤ ᠬᠣᠲᠠ ᠶᠢ ᠡᠵᠡᠯᠡᠭᠡᠳ ᠲᠡᠷᠡ ᠳᠠᠷᠤᠢ ᠭᠠᠯ ᠲᠠᠯᠪᠢᠪᠠ᠃ 20 ᠠᠢ ᠶᠢᠨ ᠡᠷᠡᠴᠦᠳ ᠡᠷᠭᠢᠨ ᠬᠠᠷᠠᠲᠠᠯ᠎ᠠ ᠬᠣᠲᠠ ᠶᠢᠨ ᠤᠲᠤᠭ᠎ᠠ ᠲᠩᠷᠢ ᠥᠭᠡᠳᠡ ᠰᠤᠭᠤᠨᠠᠭᠯᠠᠵᠤ ᠪᠠᠢᠯ᠎ᠠ︕ ᠲᠡᠭᠡᠲᠡᠯ᠎ᠡ ᠴᠥᠯ ᠤᠷᠤᠭᠤ ᠵᠢᠭᠤᠲᠠᠵᠤ ᠪᠠᠢᠭᠰᠠᠨ ᠢᠰᠷᠧᠯᠴᠦᠳ ᠮᠥᠰᠭᠢᠭ᠍ᠴᠢᠳ ᠤᠨ ᠢᠶᠠᠨ ᠥᠭᠡᠳᠡ ᠡᠴᠡ ᠡᠷᠭᠢᠨ ᠳᠠᠭᠠᠷᠢᠭᠰᠠᠨ ᠲᠤᠯᠠ ᠲᠡᠳᠡ ᠬᠠᠮᠢᠭᠠᠰᠢ ᠪᠠᠨ ᠴᠤ ᠵᠢᠭᠤᠲᠠᠬᠤ ᠶᠢᠨ ᠠᠷᠭ᠎ᠠ ᠦᠭᠡᠢ ᠪᠣᠯᠪᠠ᠃ 21 ᠡᠢᠨ ᠬᠦ ᠪᠦᠭᠬᠦᠭᠴᠢᠳ ᠬᠣᠲᠠ ᠶᠢ ᠡᠵᠡᠯᠡᠵᠡᠢ᠃ ᠶᠣᠱᠦ᠋ᠶ᠎ᠠ ᠪᠣᠯᠣᠨ ᠪᠦᠬᠦ ᠢᠰᠷᠧᠯ ᠬᠣᠲᠠ ᠠᠴᠠ ᠤᠲᠤᠭ᠎ᠠ ᠰᠤᠭᠤᠨᠠᠭᠯᠠᠬᠤ ᠶᠢ ᠦᠵᠡᠭᠡᠳ ᠡᠷᠭᠢᠨ ᠳᠣᠪᠲᠣᠯᠵᠤ ᠠᠢ ᠶᠢᠨ ᠡᠷᠡᠴᠦᠳ ᠢ ᠴᠣᠬᠢᠪᠠ᠃ 22 ᠨᠥᠭᠥᠭᠡ ᠪᠦᠭᠬᠦᠭᠴᠢᠳ ᠴᠤ ᠲᠡᠳᠡᠨ ᠲᠡᠢ ᠲᠤᠯᠤᠯᠳᠤᠬᠤ ᠪᠠᠷ ᠬᠣᠲᠠ ᠠᠴᠠ ᠭᠠᠷᠴᠤ ᠢᠷᠡᠭᠰᠡᠨ ᠳᠦ᠂ ᠠᠢᠴᠤᠳ ᠬᠣᠶᠠᠷ ᠲᠠᠯ᠎ᠠ ᠠᠴᠠ ᠪᠠᠨ ᠢᠰᠷᠧᠯ ᠳᠤ ᠬᠠᠪᠴᠢᠭᠳᠠᠵᠠᠢ᠃ ᠢᠰᠷᠧᠯᠴᠦᠳ ᠲᠡᠳᠡᠨ ᠦ ᠨᠢᠭᠡᠨ ᠢ ᠨᠢ ᠴᠤ ᠠᠮᠢᠳᠤ ᠦᠯᠡᠳᠡᠭᠡᠯ ᠦᠭᠡᠢ᠂ ᠳᠤᠲᠠᠭᠠᠯᠭᠠᠯ ᠦᠭᠡᠢ ᠪᠤᠲᠠ ᠴᠣᠬᠢᠨ ᠤᠰᠠᠳᠬᠠᠭᠰᠠᠨ ᠪᠠᠢᠯ᠎ᠠ᠃ 23 ᠬᠠᠷᠢᠨ ᠲᠡᠳᠡ ᠠᠢ ᠶᠢᠨ ᠬᠠᠭᠠᠨ ᠢ ᠨᠢ ᠠᠮᠢᠳᠤ ᠪᠠᠷ ᠪᠠᠷᠢᠵᠤ ᠶᠣᠱᠦ᠋ᠶ᠎ᠠ ᠳᠤ ᠠᠪᠴᠢᠷᠠᠪᠠ᠃

24 ᠢᠰᠷᠧᠯᠴᠦᠳ ᠥᠪᠡᠷᠰᠡᠳ ᠢ ᠨᠢ ᠮᠥᠰᠬᠢᠨ ᠬᠥᠭᠡᠭᠡᠵᠦ ᠪᠠᠢᠭᠰᠠᠨ ᠠᠢ ᠬᠣᠲᠠ ᠶᠢᠨ ᠬᠢᠨ ᠢ ᠪᠦᠭᠦᠳᠡ ᠶᠢ ᠴᠥᠯ ᠦᠨ ᠬᠡᠭᠡᠷ᠎ᠡ ᠲᠠᠯ᠎ᠠ ᠳᠤ ᠬᠢᠳᠤᠵᠤ ᠳᠠᠭᠤᠰᠬᠠᠪᠠ᠃ ᠲᠡᠳᠡ ᠪᠦᠭᠦᠳᠡᠭᠡᠷ ᠢᠯᠳᠦᠨ ᠦ ᠢᠷ ᠲᠤ ᠤᠨᠠᠵᠤ ᠤᠰᠠᠳᠬᠠᠭᠳᠠᠭᠰᠠᠨ ᠤ ᠳᠠᠷᠠᠭ᠎ᠠ᠂ ᠪᠦᠬᠦ ᠢᠰᠷᠧᠯᠴᠦᠳ ᠠᠢ ᠤᠷᠤᠭᠤ ᠡᠷᠭᠢᠨ ᠣᠴᠢᠵᠤ ᠲᠡᠨᠳᠡ ᠪᠠᠢᠭᠰᠠᠨ ᠪᠦᠬᠦᠨ ᠢ ᠢᠯᠳᠦᠨ ᠦ ᠢᠷ ᠢᠶᠠᠷ ᠴᠣᠬᠢᠪᠠ᠃ 25 ᠲᠡᠷᠡ ᠡᠳᠦᠷ ᠡᠷᠡᠭᠲᠡᠢ ᠡᠮᠡᠭᠲᠡᠢ ᠲᠦᠮᠡ ᠬᠣᠶᠠᠷ ᠮᠢᠩ᠋ᠭᠠᠨ ᠬᠥᠮᠦᠨ᠂ ᠲᠤᠬᠠᠢᠯᠠᠪᠠᠯ ᠠᠢ ᠶᠢᠨ ᠪᠦᠬᠦ ᠬᠥᠮᠦᠰ ᠤᠨᠠᠭᠰᠠᠨ ᠪᠠᠢᠯ᠎ᠠ᠃ 26 ᠶᠣᠱᠦ᠋ᠶ᠎ᠠ ᠢᠩᠭᠢᠵᠦ ᠠᠢ ᠶᠢᠨ ᠪᠦᠬᠦ ᠰᠠᠭᠤᠭᠠᠯᠢᠴᠢᠳ ᠢ ᠬᠦᠢᠰᠦ ᠲᠡᠮᠲᠡᠷᠢᠵᠦ ᠳᠠᠭᠤᠰᠲᠠᠯ᠎ᠠ ᠪᠠᠨ ᠵᠢᠳᠠ ᠰᠤᠩ᠋ᠭᠠᠭᠰᠠᠨ ᠭᠠᠷ ᠢᠶᠠᠨ ᠪᠠᠭᠤᠯᠭᠠᠭᠰᠠᠨ ᠦᠭᠡᠢ᠃ 27 ᠢᠩᠭᠢᠭᠡᠳ ᠢᠰᠷᠧᠯᠴᠦᠳ ᠶᠣᠬᠣᠸᠠ ᠶᠢᠨ ᠶᠣᠱᠦ᠋ᠶ᠎ᠠ ᠳᠤ ᠵᠠᠬᠢᠭᠰᠠᠨ ᠶᠣᠰᠣᠭᠠᠷ ᠡᠨᠡ ᠬᠣᠲᠠ ᠶᠢᠨ ᠮᠠᠯ ᠰᠦᠷᠦᠭ ᠪᠠ ᠣᠯᠵᠠ ᠶᠢ ᠯᠠ ᠥᠪᠡᠷᠰᠡᠳ ᠲᠡᠭᠡᠨ ᠠᠪᠤᠪᠠ᠃ 28 ᠶᠣᠱᠦ᠋ᠶ᠎ᠠ ᠠᠢ ᠶᠢ ᠰᠢᠲᠠᠭᠠᠵᠤ᠂ ᠲᠡᠭᠦᠨ ᠢ ᠢᠩᠭᠢᠵᠦ ᠡᠭᠦᠷᠢᠳᠡ ᠶᠢᠨ ᠪᠠᠯᠭᠠᠳ ᠪᠣᠯᠭᠠᠭᠰᠠᠨ ᠨᠢ ᠥᠨᠥ ᠬᠦᠷᠲᠡᠯ᠎ᠡ ᠬᠡᠪ ᠢᠶᠡᠷ ᠢᠶᠠᠨ ᠪᠠᠢᠨ᠎ᠠ᠃ 29 ᠮᠥᠨ ᠠᠢ ᠶᠢᠨ ᠬᠠᠭᠠᠨ ᠢ ᠦᠳᠡᠰᠢ ᠪᠣᠯᠲᠠᠯ᠎ᠠ ᠮᠣᠳᠣᠨ ᠠᠴᠠ ᠳᠡᠭᠦᠵᠢᠯᠡᠪᠡ᠃ ᠨᠠᠷᠠ ᠵᠢᠷᠭᠠᠬᠤ ᠦᠶ᠎ᠡ ᠳᠦ᠂ ᠶᠣᠱᠦ᠋ᠶ᠎ᠠ ᠲᠤᠰᠢᠶᠠᠯ ᠥᠭᠴᠦ ᠲᠡᠭᠦᠨ ᠦ ᠴᠣᠭᠴᠠᠰ ᠢ ᠮᠣᠳᠣᠨ ᠠᠴᠠ ᠪᠠᠭᠤᠯᠭᠠᠭᠠᠳ᠂ ᠬᠣᠲᠠ ᠶᠢᠨ ᠬᠠᠭᠠᠯᠭᠠᠨ ᠤ ᠡᠮᠦᠨ᠎ᠡ ᠬᠠᠶᠠᠭᠰᠠᠨ ᠪᠠ ᠲᠡᠭᠦᠨ ᠳᠡᠭᠡᠷ᠎ᠡ ᠲᠣᠮᠣ ᠴᠢᠯᠠᠭᠤᠨ ᠣᠪᠣᠭ᠎ᠠ ᠪᠣᠰᠬᠠᠭᠰᠠᠨ ᠨᠢ ᠥᠨᠥ ᠬᠦᠷᠲᠡᠯ᠎ᠡ ᠪᠠᠢᠭᠰᠠᠭᠠᠷ ᠪᠠᠢᠨ᠎ᠠ᠃
 ᠬᠠᠤᠯᠢ ᠶᠢ ᠳᠠᠭᠠᠬᠤ ᠪᠠᠷ ᠳᠠᠬᠢᠨ ᠠᠮᠠᠯᠳᠤᠪᠠ

30 ᠳᠠᠷᠠᠭ᠎ᠠ ᠨᠢ ᠶᠣᠱᠦ᠋ᠶ᠎ᠠ ᠡᠪᠠᠯ ᠠᠭᠤᠯᠠᠨ ᠳᠡᠭᠡᠷ᠎ᠡ ᠢᠰᠷᠧᠯ ᠤᠨ ᠪᠤᠷᠬᠠᠨ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠪᠠ᠃ 31 ᠡᠨᠡ ᠨᠢ ᠶᠣᠬᠣᠸᠠ ᠶᠢᠨ ᠵᠠᠷᠤᠴᠠ ᠮᠣᠰᠧ ᠶᠢᠨ ᠢᠰᠷᠧᠯᠴᠦᠳ ᠲᠦ ᠵᠠᠬᠢᠭᠰᠠᠨ ᠶᠣᠰᠣᠭᠠᠷ᠂ ᠮᠥᠨ ᠮᠣᠰᠧ ᠶᠢᠨ ᠬᠠᠤᠯᠢ ᠶᠢᠨ ᠨᠣᠮ ᠳᠤ ᠪᠢᠴᠢᠭᠳᠡᠭᠰᠡᠨ ᠶᠣᠰᠣᠭᠠᠷ᠂ ᠲᠡᠮᠦᠷ ᠬᠦᠷᠦᠭᠡ ᠦᠭᠡᠢ ᠪᠦᠲᠦᠨ ᠴᠢᠯᠠᠭᠤ ᠪᠠᠷ ᠪᠠᠷᠢᠭᠰᠠᠨ ᠲᠠᠬᠢᠯ ᠤᠨ ᠰᠢᠷᠡᠭᠡ ᠪᠠᠢᠯ᠎ᠠ᠃ ᠲᠡᠳᠡ ᠲᠡᠭᠦᠨ ᠳᠡᠭᠡᠷ᠎ᠡ ᠶᠣᠬᠣᠸᠠ ᠳᠤ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠡᠷᠭᠦᠪᠡ᠃ 32 ᠲᠡᠨᠳᠡ ᠶᠣᠱᠦ᠋ᠶ᠎ᠠ ᠮᠣᠰᠧ ᠶᠢᠨ ᠪᠢᠴᠢᠭᠰᠡᠨ ᠬᠠᠤᠯᠢ ᠶᠢ ᠢᠰᠷᠧᠯᠴᠦᠳ ᠦᠨ ᠨᠢᠳᠦᠨ ᠡᠮᠦᠨ᠎ᠡ ᠴᠢᠯᠠᠭᠤᠨ ᠳᠡᠭᠡᠷ᠎ᠡ ᠪᠢᠴᠢᠪᠡ᠃ 33 ᠲᠡᠭᠡᠭᠡᠳ ᠤᠤᠭᠠᠯ᠂ ᠬᠠᠷᠢᠴᠤᠳ ᠢᠯᠭᠠᠯ ᠦᠭᠡᠢ ᠪᠦᠬᠦ ᠢᠰᠷᠧᠯ ᠤᠨ ᠠᠬᠠᠮᠠᠳ ᠤᠳ᠂ ᠳᠠᠭᠠᠭᠠᠮᠠᠯ ᠤᠳ᠂ ᠰᠢᠭᠦᠭᠴᠢᠳ ᠭᠡᠷ᠎ᠡ ᠶᠢᠨ ᠠᠪᠳᠠᠷ᠎ᠠ ᠶᠢᠨ ᠬᠣᠶᠠᠷ ᠲᠠᠯ᠎ᠠ ᠪᠠᠷ᠂ ᠠᠪᠳᠠᠷ᠎ᠠ ᠶᠢ ᠳᠠᠮᠨᠠᠨ ᠶᠠᠪᠤᠳᠠᠭ ᠯᠧᠸᠢ ᠶᠢᠨ ᠲᠠᠬᠢᠯᠴᠢᠳ ᠤᠷᠤᠭᠤ ᠬᠠᠷᠠᠨ ᠵᠣᠭᠰᠣᠪᠠ᠃ ᠲᠡᠢᠨ ᠬᠦ ᠲᠡᠳᠡᠨ ᠦ ᠨᠢᠭᠡ ᠬᠠᠭᠠᠰ ᠨᠢ ᠭᠧᠷᠢᠽᠢᠮ ᠠᠭᠤᠯᠠ ᠶᠢᠨ ᠡᠪᠦᠷ ᠲᠦ᠂ ᠨᠥᠭᠥᠭᠡ ᠬᠠᠭᠠᠰ ᠨᠢ ᠡᠪᠠᠯ ᠠᠭᠤᠯᠠ ᠶᠢᠨ ᠡᠪᠦᠷ ᠲᠦ ᠵᠣᠭᠰᠣᠭᠰᠠᠨ ᠨᠢ ᠶᠣᠬᠣᠸᠠ ᠶᠢᠨ ᠵᠠᠷᠤᠴᠠ ᠮᠣᠰᠧ ᠶᠢᠨ ᠠᠷᠠᠳ ᠣᠯᠠᠨ ᠢ ᠢᠷᠥᠭᠡᠬᠦ ᠲᠤᠬᠠᠢ ᠲᠤᠰᠢᠶᠠᠭᠰᠠᠨ ᠤ ᠶᠣᠰᠣᠭᠠᠷ ᠪᠣᠯᠵᠠᠢ᠃ 34 ᠳᠠᠷᠠᠭ᠎ᠠ ᠨᠢ ᠶᠣᠱᠦ᠋ᠶ᠎ᠠ ᠬᠠᠤᠯᠢ ᠶᠢᠨ ᠨᠣᠮ ᠳᠤ ᠪᠢᠴᠢᠭᠳᠡᠭᠰᠡᠨ ᠶᠣᠰᠣᠭᠠᠷ ᠢᠷᠥᠭᠡᠯ ᠪᠠ ᠬᠠᠷᠢᠶᠠᠯ ᠵᠡᠷᠭᠡ ᠬᠠᠤᠯᠢ ᠶᠢᠨ ᠪᠦᠬᠦ ᠦᠭᠡᠰ ᠢ ᠤᠩ᠋ᠰᠢᠪᠠ᠃ 35 ᠲᠡᠢᠨ ᠬᠦ ᠶᠣᠱᠦ᠋ᠶ᠎ᠠ ᠡᠮᠡᠭᠲᠡᠢᠴᠦᠳ᠂ ᠬᠡᠦᠬᠡᠳ ᠬᠢᠭᠡᠳ ᠲᠡᠳᠡᠨ ᠦ ᠳᠤᠮᠳᠠ ᠠᠮᠢᠳᠤᠷᠠᠭᠴᠢ ᠬᠠᠷᠢ ᠶᠢᠨ ᠬᠢᠨ ᠪᠣᠯᠣᠨ ᠢᠰᠷᠧᠯ ᠤᠨ ᠪᠦᠬᠦ ᠴᠢᠭᠤᠯᠭᠠᠨ ᠤ ᠡᠮᠦᠨ᠎ᠡ ᠮᠣᠰᠧ ᠶᠢᠨ ᠲᠤᠰᠢᠶᠠᠭᠰᠠᠨ ᠪᠦᠬᠦᠨ ᠢ ᠭᠠᠭᠴᠠ ᠦᠭᠡ ᠶᠢ ᠨᠢ ᠴᠤ ᠠᠯᠳᠠᠯ ᠦᠭᠡᠢ ᠪᠠᠷ ᠲᠡᠳᠡᠨ ᠳᠦ ᠤᠩ᠋ᠰᠢᠵᠤ ᠥᠭᠴᠡᠢ᠃