ᠶᠣᠱᠦ᠋ᠶ᠎ᠠ ᠬᠣᠶᠠᠷ
ᠶᠧᠷᠢᠺᠣ ᠳᠤ ᠲᠤᠷᠰᠢᠭᠤᠯ ᠢᠯᠡᠭᠡᠪᠡ
1 ᠨᠦᠨ ᠦ ᠬᠦᠦ ᠶᠣᠱᠦ᠋ᠶ᠎ᠠ ᠬᠤᠸᠠᠢᠰᠠ ᠮᠣᠳᠣᠨ ᠣᠢ ᠠᠴᠠ ᠬᠣᠶᠠᠷ ᠲᠤᠷᠰᠢᠭᠤᠯ ᠢ ᠨᠢᠭᠤᠴᠠ ᠪᠠᠷ ᠢᠯᠡᠭᠡᠪᠡ᠃ ᠲᠡᠷᠡ᠄ 《ᠲᠡᠷᠡ ᠨᠤᠲᠤᠭ ᠲᠤ ᠣᠴᠢᠵᠤ᠂ ᠢᠯᠠᠩ᠋ᠭᠤᠶ᠎ᠠ ᠶᠧᠷᠢᠺᠣ ᠶᠢ ᠲᠠᠩᠨᠠᠭᠲᠤᠨ》 ᠭᠡᠰᠡᠨ ᠳᠦ᠂ ᠲᠡᠳᠡ ᠶᠠᠪᠤᠵᠤ ᠷᠠᠬᠠᠪ ᠭᠡᠭᠴᠢ ᠶᠠᠩ᠋ᠬᠠᠨ ᠡᠮᠡᠭᠲᠡᠢ ᠶᠢᠨ ᠭᠡᠷ ᠲᠦ ᠢᠷᠡᠭᠡᠳ ᠲᠡᠨᠳᠡ ᠪᠡᠨ ᠪᠠᠢᠪᠠ᠃ 2 ᠬᠡᠨ ᠨᠢᠭᠡ ᠨᠢ ᠶᠧᠷᠢᠺᠣ ᠶᠢᠨ ᠬᠠᠭᠠᠨ ᠳᠤ᠄ 《ᠬᠠᠷ᠎ᠠ᠂ ᠥᠨᠥ ᠣᠷᠣᠢ ᠢᠰᠷᠧᠯ ᠤᠨ ᠬᠡᠳᠦᠨ ᠬᠥᠮᠦᠨ ᠮᠠᠨ ᠤ ᠨᠤᠲᠤᠭ ᠢ ᠲᠠᠩᠨᠠᠬᠤ ᠪᠠᠷ ᠢᠷᠡᠭᠰᠡᠨ ᠪᠠᠢᠨ᠎ᠠ︕》 ᠭᠡᠵᠦ ᠳᠤᠭᠤᠯᠭᠠᠭᠰᠠᠨ ᠳᠤ᠂ 3 ᠶᠧᠷᠢᠺᠣ ᠶᠢᠨ ᠬᠠᠭᠠᠨ ᠷᠠᠬᠠᠪ ᠲᠤ ᠬᠡᠯᠡ ᠶᠠᠪᠤᠭᠤᠯᠤᠨ᠄ 《ᠲᠠᠨ ᠤ ᠳᠤ ᠢᠷᠡᠵᠦ᠂ ᠭᠡᠷ ᠲᠦ ᠴᠢᠨᠢ ᠣᠷᠣᠭᠰᠠᠨ ᠬᠥᠮᠦᠰ ᠢ ᠭᠠᠷᠭᠠᠵᠤ ᠢᠷ᠎ᠡ᠂ ᠲᠡᠳᠡ ᠮᠠᠨ ᠤ ᠪᠦᠬᠦ ᠨᠤᠲᠤᠭ ᠢ ᠲᠠᠩᠨᠠᠬᠤ ᠪᠠᠷ ᠢᠷᠡᠭᠰᠡᠨ ᠶᠤᠮ》 ᠭᠡᠯᠡ᠃ 4 ᠬᠠᠷᠢᠨ ᠥᠨᠥᠬᠢ ᠡᠮᠡᠭᠲᠡᠢ ᠬᠣᠶᠠᠷ ᠡᠷ᠎ᠡ ᠶᠢ ᠨᠢᠭᠤᠵᠤ ᠳᠠᠯᠳᠠᠯᠠᠭᠰᠠᠨ ᠪᠠᠢᠯ᠎ᠠ᠃ ᠲᠡᠷᠡ᠄ 《ᠬᠥᠮᠦᠰ ᠨᠠᠳᠠ ᠳᠡᠭᠡᠷ᠎ᠡ ᠢᠷᠡᠭᠰᠡᠨ ᠨᠢ ᠦᠨᠡᠨ᠃ ᠭᠡᠪᠡᠴᠦ ᠬᠠᠮᠢᠭ᠎ᠠ ᠠᠴᠠ ᠢᠷᠡᠭᠰᠡᠨ ᠢ ᠨᠢ ᠪᠢ ᠮᠡᠳᠡᠭᠰᠡᠨ ᠦᠭᠡᠢ᠃ 5 ᠦᠳᠡᠰᠢ ᠶᠢᠨ ᠪᠦᠷᠦᠩᠬᠦᠢ ᠪᠠᠷ ᠬᠠᠭᠠᠯᠭ᠎ᠠ ᠬᠠᠭᠠᠬᠤ ᠴᠠᠭ ᠪᠣᠯᠵᠤ ᠪᠠᠢᠬᠤ ᠳᠤ ᠲᠡᠳᠡ ᠭᠠᠷᠴᠤ ᠶᠠᠪᠤᠭᠰᠠᠨ᠃ ᠲᠡᠷᠡ ᠬᠥᠮᠦᠰ ᠬᠠᠮᠢᠭᠠᠰᠢ ᠪᠠᠨ ᠶᠠᠪᠤᠭᠰᠠᠨ ᠢ ᠪᠢ ᠮᠡᠳᠡᠬᠦ ᠦᠭᠡᠢ᠃ ᠲᠡᠳᠡᠨ ᠢ ᠬᠤᠷᠳᠤᠨ ᠮᠥᠰᠬᠢᠨ ᠬᠥᠭᠡᠭᠡᠵᠡᠭᠡ᠂ ᠲᠡᠭᠡᠪᠡᠯ ᠭᠦᠢᠴᠡᠬᠦ ᠪᠤᠢ》 ᠭᠡᠯᠡ᠃ 6 ᠬᠠᠷᠢᠨ ᠲᠡᠷᠡ ᠥᠪᠡᠷ ᠢᠶᠡᠨ ᠲᠡᠳᠡᠨ ᠢ ᠳᠡᠭᠡᠪᠦᠷ ᠳᠡᠭᠡᠷ᠎ᠡ ᠭᠠᠷᠭᠠᠨ᠂ ᠲᠡᠨᠳᠡ ᠳᠡᠪᠢᠰᠦᠭᠰᠡᠨ ᠮᠠᠭᠠᠯᠢᠩ᠋ᠭᠤ ᠶᠢᠨ ᠡᠰᠢᠨ ᠳᠤᠮᠳᠠ ᠨᠢᠭᠤᠭᠰᠠᠨ ᠪᠠᠢᠵᠠᠢ᠃ 7 ᠢᠩᠭᠢᠭᠡᠳ ᠮᠥᠰᠭᠢᠭ᠍ᠴᠢᠳ ᠲᠡᠷᠡ ᠬᠣᠶᠠᠷ ᠤᠨ ᠬᠣᠢᠨ᠎ᠠ ᠠᠴᠠ ᠶᠣᠷᠳᠠᠨ ᠳᠤ ᠬᠦᠷᠬᠦ ᠵᠠᠮ ᠢᠶᠠᠷ ᠣᠯᠣᠮ ᠬᠦᠷᠲᠡᠯ᠎ᠡ ᠮᠥᠷᠳᠡᠪᠡ᠃ ᠲᠡᠳᠡ ᠭᠠᠷᠤᠮᠠᠭᠴᠠ ᠬᠠᠭᠠᠯᠭ᠎ᠠ ᠬᠠᠭᠠᠭᠳᠠᠭᠰᠠᠨ ᠪᠠᠢᠯ᠎ᠠ᠃
ᠷᠠᠬᠠᠪ ᠲᠤ ᠥᠭᠭᠥᠭᠰᠡᠨ ᠠᠮᠠᠯᠠᠯᠲᠠ
8 ᠨᠥᠭᠥᠭᠡ ᠬᠣᠶᠠᠷ ᠬᠠᠵᠠᠭᠤᠯᠠᠬᠤ ᠠᠴᠠ ᠡᠮᠦᠨ᠎ᠡ᠂ ᠷᠠᠬᠠᠪ ᠳᠡᠭᠡᠪᠦᠷ ᠥᠭᠡᠳᠡ ᠭᠠᠷᠴᠤ᠂ 9 ᠲᠡᠳᠡᠨ ᠳᠡᠭᠡᠷ᠎ᠡ ᠢᠷᠡᠭᠡᠳ᠄ 《ᠶᠣᠬᠣᠸᠠ ᠡᠨᠡ ᠭᠠᠵᠠᠷ ᠢ ᠲᠠ ᠨᠠᠷ ᠲᠤ ᠥᠭᠭᠥᠭᠰᠡᠨ ᠢ ᠪᠢ ᠮᠡᠳᠡᠨ᠎ᠡ᠂ ᠲᠠ ᠨᠠᠷ ᠠᠴᠠ ᠪᠣᠯᠵᠤ ᠮᠠᠨ ᠤ ᠬᠢᠨ ᠠᠢᠳᠠᠰ ᠲᠤ ᠠᠪᠲᠠᠭᠰᠠᠨ᠂ ᠲᠠ ᠨᠠᠷ ᠤᠨ ᠡᠮᠦᠨ᠎ᠡ ᠡᠨᠡ ᠨᠤᠲᠤᠭ ᠤᠨ ᠪᠦᠬᠦ ᠰᠠᠭᠤᠭᠠᠯᠢᠴᠢᠳ ᠤᠨ ᠰᠥᠰᠥ ᠨᠢ ᠬᠡᠮᠬᠡᠷᠡᠭᠰᠡᠨ ᠪᠠᠢᠨ᠎ᠠ᠃ 10 ᠤᠴᠢᠷ ᠨᠢ ᠲᠠ ᠨᠠᠷ ᠶᠧᠵᠢᠫᠲ ᠡᠴᠡ ᠭᠠᠷᠬᠤ ᠳᠤ᠂ ᠶᠣᠬᠣᠸᠠ ᠤᠯᠠᠭᠠᠨ ᠲᠠᠩᠭᠢᠰ ᠤᠨ ᠤᠰᠤ ᠶᠢ ᠲᠠ ᠨᠠᠷ ᠤᠨ ᠡᠮᠦᠨ᠎ᠡ ᠬᠡᠷᠬᠢᠨ ᠰᠢᠷᠭᠢᠭᠡᠭᠰᠡᠨ᠂ ᠪᠠᠰᠠ ᠲᠠ ᠨᠠᠷ ᠶᠣᠷᠳᠠᠨ ᠤ ᠵᠡᠭᠦᠨ ᠲᠠᠯ᠎ᠠ ᠳᠤ ᠠᠮᠣᠷᠢᠴᠤᠳ ᠤᠨ ᠬᠣᠶᠠᠷ ᠬᠠᠭᠠᠨ ᠰᠢᠬᠣᠨ᠂ ᠤᠭ ᠨᠠᠷ ᠢ ᠬᠡᠷᠬᠢᠨ ᠪᠦᠷᠢᠮᠦᠰᠦᠨ ᠤᠰᠠᠳᠬᠠᠭᠰᠠᠨ ᠢ ᠪᠢᠳᠡ ᠰᠣᠨᠣᠰᠣᠭᠰᠠᠨ ᠪᠢᠯᠡ᠃ 11 ᠡᠭᠦᠨ ᠢ ᠰᠣᠨᠣᠰᠣᠭᠠᠳ ᠪᠢᠳᠡᠨ ᠦ ᠬᠥᠮᠦᠨ ᠪᠣᠯᠭᠠᠨ ᠲᠠ ᠨᠠᠷ ᠠᠴᠠ ᠪᠣᠯᠵᠤ ᠵᠢᠷᠦᠬᠡ ᠦᠬᠦᠵᠦ ᠵᠣᠷᠢᠭ ᠮᠣᠬᠣᠪᠠ᠃ ᠤᠴᠢᠷ ᠨᠢ ᠳᠡᠭᠡᠷ᠎ᠡ ᠲᠩᠷᠢ᠂ ᠳᠣᠣᠷ᠎ᠠ ᠭᠠᠵᠠᠷ ᠳᠠᠬᠢ ᠪᠤᠷᠬᠠᠨ ᠪᠣᠯ ᠭᠠᠭᠴᠠ ᠬᠦ ᠲᠠᠨ ᠤ ᠪᠤᠷᠬᠠᠨ ᠶᠣᠬᠣᠸᠠ ᠪᠢᠯᠡ᠃
12 ᠣᠳᠣ ᠲᠠ ᠨᠠᠷ ᠠᠴᠠ ᠭᠤᠶᠤᠶ᠎ᠠ᠃ ᠪᠢ ᠲᠠ ᠨᠠᠷ ᠲᠤ ᠡᠨᠡᠷᠢᠯ ᠦᠵᠡᠭᠦᠯᠦᠭᠰᠡᠨ ᠤᠴᠢᠷ ᠠᠴᠠ ᠲᠠ ᠨᠠᠷ ᠴᠤ ᠮᠠᠨ ᠤ ᠭᠡᠷ ᠦᠨ ᠬᠢᠨ ᠳᠤ ᠡᠨᠡᠷᠢᠯ ᠦᠵᠡᠭᠦᠯᠦᠨ᠎ᠡ ᠭᠡᠳᠡᠭ ᠢᠶᠡᠨ ᠶᠣᠬᠣᠸᠠ ᠶᠢᠨ ᠡᠮᠦᠨ᠎ᠡ ᠨᠠᠳᠠ ᠳᠤ ᠲᠠᠩ᠋ᠭᠠᠷᠢᠭᠯᠠᠵᠤ᠂ ᠪᠠᠲᠤᠯᠠᠭ᠎ᠠ ᠥᠭᠭᠥᠨ᠎ᠡ ᠤᠤ︖ 13 ᠲᠡᠭᠡᠭᠡᠳ ᠮᠢᠨᠦ ᠡᠴᠢᠭᠡ ᠡᠬᠡ᠂ ᠠᠬ᠎ᠠ ᠡᠭᠡᠴᠢ ᠳᠡᠭᠦᠦ ᠨᠠᠷ ᠪᠣᠯᠣᠨ ᠲᠡᠳᠡᠨ ᠦ ᠪᠦᠬᠦ ᠭᠡᠷ ᠦᠨ ᠬᠢᠨ ᠤ ᠠᠮᠢ ᠶᠢ ᠬᠡᠯᠲᠦᠷᠢᠭᠦᠯᠦᠨ ᠦᠬᠦᠯ ᠡᠴᠡ ᠠᠪᠤᠷᠠᠭᠠᠴᠢ》 ᠭᠡᠪᠡ᠃ 14 ᠬᠣᠶᠠᠷ ᠡᠷ᠎ᠡ᠄ 《ᠲᠠ ᠨᠠᠷ ᠤᠨ ᠠᠮᠢ ᠶᠢ ᠥᠪᠡᠷ ᠦᠨ ᠢᠶᠠᠨ ᠠᠮᠢ ᠪᠠᠷ ᠪᠠᠲᠤᠯᠠᠶ᠎ᠠ᠂ ᠲᠠ ᠪᠢᠳᠡᠨ ᠦ ᠬᠡᠷᠡᠭ ᠢ ᠵᠠᠳᠠᠷᠠᠭᠤᠯᠬᠤ ᠦᠭᠡᠢ ᠪᠠᠢᠪᠠᠯ ᠶᠣᠬᠣᠸᠠ ᠡᠨᠡ ᠨᠤᠲᠤᠭ ᠢ ᠪᠢᠳᠡᠨ ᠳᠦ ᠥᠭᠬᠦ ᠴᠠᠭ ᠲᠤ᠂ ᠪᠢᠳᠡ ᠲᠠ ᠨᠠᠷ ᠲᠤ ᠦᠨᠡᠨᠴᠢ ᠬᠠᠢᠷ᠎ᠠ ᠪᠠᠷ ᠬᠠᠨᠳᠤᠬᠤ ᠪᠣᠯᠣᠨ᠎ᠠ》 ᠭᠡᠯᠡ᠃
15 ᠲᠡᠷᠡ ᠡᠮᠡᠭᠲᠡᠢ ᠬᠣᠲᠠ ᠶᠢᠨ ᠬᠠᠨᠠᠨ ᠬᠡᠷᠡᠮ ᠦᠨ ᠳᠡᠭᠡᠷ᠎ᠡ ᠠᠮᠢᠳᠤᠷᠠᠵᠤ ᠪᠠᠢᠯ᠎ᠠ᠃ ᠭᠡᠷ ᠨᠢ ᠬᠡᠷᠡᠮ ᠳᠡᠭᠡᠷ᠎ᠡ ᠪᠠᠢᠭᠰᠠᠨ ᠤᠴᠢᠷ ᠠᠴᠠ ᠲᠡᠷᠡ ᠲᠡᠳᠡᠨ ᠢ ᠴᠣᠩ᠋ᠬᠣ ᠪᠠᠷ ᠢᠶᠠᠨ ᠣᠯᠣᠰᠣᠨ ᠳᠡᠭᠡᠰᠦ ᠪᠡᠷ ᠳᠣᠭᠣᠭᠰᠢ ᠪᠠᠭᠤᠯᠭᠠᠵᠤ᠂ 16 ᠲᠡᠳᠡᠨ ᠳᠦ᠄ 《ᠮᠥᠰᠭᠢᠭ᠍ᠴᠢᠳ ᠲᠠᠢ ᠲᠠᠭᠠᠷᠠᠯᠳᠤᠬᠤ ᠦᠭᠡᠢ ᠶᠢᠨ ᠲᠤᠯᠠᠳᠠ ᠠᠭᠤᠯᠠ ᠥᠭᠡᠳᠡ ᠶᠠᠪᠤ᠃ ᠲᠡᠨᠳᠡ ᠭᠤᠷᠪᠠᠨ ᠬᠣᠨᠣᠭ ᠨᠢᠭᠤᠭᠳᠠᠵᠤ ᠪᠠᠢᠭᠠᠳ ᠲᠡᠳᠡᠨ ᠢ ᠬᠠᠷᠢᠭᠰᠠᠨ ᠤ ᠳᠠᠷᠠᠭ᠎ᠠ ᠵᠠᠮ ᠢᠶᠠᠷ ᠢᠶᠠᠨ ᠶᠠᠪᠤᠵᠤ ᠪᠣᠯᠣᠨ᠎ᠠ》 ᠭᠡᠪᠡ᠃ 17 ᠲᠡᠷᠡ ᠬᠣᠶᠠᠷ ᠲᠡᠭᠦᠨ ᠳᠦ᠄ 《ᠲᠠ ᠪᠢᠳᠡᠨ ᠢᠶᠡᠷ ᠲᠠᠩ᠋ᠭᠠᠷᠢᠭᠯᠠᠭᠤᠯᠤᠭᠰᠠᠨ ᠪᠠᠢᠨ᠎ᠠ᠂ ᠬᠠᠷᠢᠨ ᠪᠢᠳᠡᠨ ᠢᠶᠡᠷ ᠡᠨᠡ ᠲᠠᠩ᠋ᠭᠠᠷᠢᠭ ᠢ ᠵᠥᠷᠢᠴᠡᠭᠰᠡᠨ ᠭᠡᠮ ᠪᠤᠷᠤᠭᠤ ᠬᠢᠯᠭᠡᠬᠦ ᠦᠭᠡᠢ ᠭᠡᠪᠡᠯ᠂ 18 ᠪᠢᠳᠡᠨ ᠢ ᠡᠨᠡ ᠨᠤᠲᠤᠭ ᠲᠤ ᠣᠷᠣᠵᠤ ᠢᠷᠡᠬᠦ ᠡᠴᠡ ᠡᠮᠦᠨ᠎ᠡ᠂ ᠲᠠ ᠪᠢᠳᠡᠨ ᠢ ᠪᠠᠭᠤᠯᠭᠠᠭᠰᠠᠨ ᠴᠣᠩ᠋ᠬᠣᠨ ᠠᠴᠠ ᠪᠠᠨ ᠡᠨᠡ ᠴᠢᠰ ᠤᠯᠠᠭᠠᠨ ᠤᠶᠠᠭᠠᠰᠤ ᠶᠢ ᠤᠶᠠᠵᠤ ᠡᠴᠢᠭᠡ ᠡᠬᠡ᠂ ᠠᠬ᠎ᠠ ᠳᠡᠭᠦᠦ ᠪᠣᠯᠣᠨ ᠪᠦᠬᠦᠢᠯᠡ ᠭᠡᠷ ᠪᠦᠯᠢ ᠶᠢᠨ ᠬᠢᠨ ᠢᠶᠠᠨ ᠭᠡᠷ ᠲᠡᠭᠡᠨ ᠴᠤᠭᠯᠠᠭᠤᠯᠤᠭᠠᠳ ᠪᠠᠢᠬᠤ ᠶᠣᠰᠣᠲᠠᠢ᠃ 19 ᠬᠡᠷᠪᠡ ᠬᠡᠨ ᠨᠢᠭᠡᠨ ᠨᠢ ᠭᠡᠷ ᠦᠨ ᠴᠢᠨᠢ ᠬᠠᠭᠠᠯᠭ᠎ᠠ ᠪᠠᠷ ᠭᠤᠳᠤᠮᠵᠢ ᠤᠷᠤᠭᠤ ᠭᠠᠷᠪᠠᠯ᠂ ᠲᠡᠭᠦᠨ ᠦ ᠴᠢᠰᠤ ᠥᠪᠡᠷ ᠦᠨ ᠬᠢᠨᠢ ᠲᠣᠯᠣᠭᠠᠢ ᠳᠡᠭᠡᠷ᠎ᠡ ᠪᠠᠭᠤᠬᠤ ᠪᠥᠭᠡᠳ ᠪᠢᠳᠡ ᠭᠡᠮ ᠪᠤᠷᠤᠭᠤ ᠪᠠᠢᠬᠤ ᠦᠭᠡᠢ᠃ ᠭᠡᠷ ᠲᠦ ᠴᠢᠨᠢ ᠲᠠᠨ ᠲᠠᠢ ᠬᠠᠮᠲᠤ ᠪᠠᠢᠭ᠎ᠠ ᠬᠡᠨ ᠨᠢᠭᠡᠨ ᠳᠦ ᠭᠠᠷ ᠬᠦᠷᠦᠭᠰᠡᠨ ᠪᠠᠢᠪᠠᠯ ᠴᠢᠰᠤ ᠨᠢ ᠪᠢᠳᠡᠨ ᠦ ᠲᠣᠯᠣᠭᠠᠢ ᠳᠡᠭᠡᠷ᠎ᠡ ᠪᠠᠭᠤᠨ᠎ᠠ᠃ 20 ᠬᠠᠷᠢᠨ ᠴᠢ ᠪᠢᠳᠡᠨ ᠦ ᠡᠨᠡ ᠬᠡᠷᠡᠭ ᠢ ᠵᠠᠳᠠᠷᠠᠭᠤᠯᠪᠠᠯ ᠪᠢᠳᠡᠨ ᠢᠶᠡᠷ ᠲᠠᠩ᠋ᠭᠠᠷᠢᠭᠯᠠᠭᠤᠯᠤᠭᠰᠠᠨ ᠡᠨᠡ ᠬᠦ ᠲᠠᠩ᠋ᠭᠠᠷᠢᠭ ᠳᠡᠭᠡᠷ᠎ᠡ ᠪᠢᠳᠡ ᠭᠡᠮ ᠪᠤᠷᠤᠭᠤ ᠦᠭᠡᠢ》 ᠭᠡᠪᠡ᠃ 21 ᠡᠮᠡᠭᠲᠡᠢ᠄ 《ᠲᠠ ᠨᠠᠷ ᠤᠨ ᠬᠡᠯᠡᠭᠰᠡᠨ ᠢᠶᠡᠷ ᠪᠣᠯᠣᠭ》 ᠭᠡᠳ ᠲᠡᠳᠡᠨ ᠢ ᠶᠠᠪᠤᠭᠤᠯᠪᠠ᠃ ᠲᠡᠳᠡ ᠶᠠᠪᠤᠭᠰᠠᠨ ᠤ ᠳᠠᠷᠠᠭ᠎ᠠ᠂ ᠲᠡᠷᠡ ᠡᠮᠡᠭᠲᠡᠢ ᠴᠢᠰ ᠤᠯᠠᠭᠠᠨ ᠤᠶᠠᠭᠠᠰᠤ ᠶᠢ ᠴᠣᠩ᠋ᠬᠣᠨ ᠠᠴᠠ ᠪᠠᠨ ᠤᠶᠠᠪᠠ᠃
22 ᠲᠡᠷᠡ ᠬᠣᠶᠠᠭᠤᠯᠠ ᠶᠠᠪᠤᠵᠤ ᠠᠭᠤᠯᠠᠨ ᠳᠤ ᠣᠴᠢᠭᠠᠳ᠂ ᠮᠥᠰᠭᠢᠭ᠍ᠴᠢᠳ ᠢ ᠪᠤᠴᠠᠲᠠᠯ᠎ᠠ ᠭᠤᠷᠪᠠᠨ ᠬᠣᠨᠣᠭ ᠲᠡᠨᠳᠡ ᠪᠡᠨ ᠪᠠᠢᠪᠠ᠃ ᠮᠥᠰᠭᠢᠭ᠍ᠴᠢᠳ ᠲᠡᠳᠡᠨ ᠢ ᠵᠠᠮ ᠲᠤᠷᠰᠢ ᠬᠠᠢᠭᠰᠠᠨ ᠪᠣᠯᠪᠠᠴᠤ ᠣᠯᠣᠭᠰᠠᠨ ᠦᠭᠡᠢ᠃ 23 ᠨᠥᠭᠥᠭᠡ ᠬᠣᠶᠠᠷ ᠬᠥᠮᠦᠨ ᠠᠭᠤᠯᠠᠨ ᠠᠴᠠ ᠪᠠᠭᠤᠨ ᠭᠣᠣᠯ ᠢ ᠭᠠᠲᠤᠯᠵᠤ᠂ ᠨᠦᠨ ᠦ ᠬᠦᠦ ᠶᠣᠱᠦ᠋ᠶ᠎ᠠ ᠳᠡᠭᠡᠷ᠎ᠡ ᠣᠴᠢᠭᠠᠳ ᠲᠣᠬᠢᠶᠠᠯᠳᠤᠭᠰᠠᠨ ᠪᠦᠬᠦᠨ ᠢᠶᠡᠨ ᠲᠣᠭᠠᠴᠢᠨ ᠶᠠᠷᠢᠪᠠ᠃ 24 ᠲᠡᠳᠡ ᠶᠣᠱᠦ᠋ᠶ᠎ᠠ ᠳᠤ᠄ 《ᠶᠣᠬᠣᠸᠠ ᠪᠦᠬᠦ ᠨᠤᠲᠤᠭ ᠢ ᠪᠢᠳᠡᠨ ᠦ ᠭᠠᠷ ᠲᠤ ᠲᠤᠰᠢᠶᠠᠭᠰᠠᠨ ᠨᠢ ᠦᠨᠡᠨ᠃ ᠲᠡᠷᠡ ᠨᠤᠲᠤᠭ ᠤᠨ ᠪᠦᠬᠦ ᠰᠠᠭᠤᠭᠠᠯᠢᠴᠢᠳ ᠪᠢᠳᠡᠨ ᠦ ᠡᠮᠦᠨ᠎ᠡ ᠰᠥᠰᠥ ᠨᠢ ᠬᠡᠮᠬᠡᠷᠡᠭᠰᠡᠨ ᠪᠠᠢᠨ᠎ᠠ》 ᠭᠡᠯᠡ᠃