ᠶᠣᠱᠦ᠋ᠶ᠎ᠠ ᠵᠢᠷᠭᠤᠭ᠎ᠠ
ᠶᠧᠷᠢᠺᠣ ᠶᠢ ᠡᠵᠡᠯᠡᠪᠡ
1 ᠢᠰᠷᠧᠯᠴᠦᠳ ᠡᠴᠡ ᠪᠣᠯᠵᠤ ᠶᠧᠷᠢᠺᠣ ᠴᠢᠩᠳᠠ ᠬᠠᠭᠠᠭᠳᠠᠭᠰᠠᠨ ᠪᠥᠭᠡᠳ ᠭᠠᠷᠴᠤ ᠣᠷᠣᠬᠤ ᠬᠥᠮᠦᠨ ᠠᠯᠠᠭ᠎ᠠ ᠪᠣᠯᠪᠠ᠃ 2 ᠶᠣᠬᠣᠸᠠ ᠶᠣᠱᠦ᠋ᠶ᠎ᠠ ᠳᠤ᠄ 《ᠬᠠᠷ᠎ᠠ᠂ ᠪᠢ ᠶᠧᠷᠢᠺᠣ ᠶᠢ ᠬᠠᠭᠠᠨ ᠲᠠᠢ ᠨᠢ᠂ ᠡᠷᠡᠯᠬᠡᠭ ᠳᠠᠢᠴᠢᠳ ᠲᠠᠢ ᠨᠢ ᠬᠠᠮᠲᠤ ᠴᠢᠨᠦ ᠭᠠᠷ ᠲᠤ ᠲᠤᠰᠢᠶᠠᠯ᠎ᠠ︕ 3 ᠲᠠᠨ ᠤ ᠳᠠᠢᠴᠢᠳ ᠪᠦᠭᠦᠳᠡᠭᠡᠷ ᠢᠶᠡᠨ ᠬᠣᠲᠠ ᠶᠢ ᠨᠢᠭᠡ ᠤᠳᠠᠭ᠎ᠠ ᠲᠣᠭᠣᠷᠢ᠃ ᠵᠢᠷᠭᠤᠭᠠᠨ ᠡᠳᠦᠷ ᠲᠡᠭᠡᠵᠦ ᠬᠢ᠃ 4 ᠲᠡᠭᠡᠬᠦ ᠳᠦ ᠳᠣᠯᠣᠭᠠᠨ ᠲᠠᠬᠢᠯᠴᠢ ᠬᠤᠴᠠ ᠶᠢᠨ ᠡᠪᠡᠷ ᠢᠶᠡᠷ ᠬᠢᠭᠰᠡᠨ ᠳᠣᠯᠣᠭᠠᠨ ᠪᠦᠷᠢᠶ᠎ᠡ ᠪᠠᠷᠢᠨ ᠠᠪᠳᠠᠷ᠎ᠠ ᠶᠢᠨ ᠡᠮᠦᠨ᠎ᠡ ᠶᠠᠪᠤᠨ᠎ᠠ᠃ ᠳᠣᠯᠣᠳᠠᠬᠢ ᠡᠳᠦᠷ ᠨᠢ ᠲᠠᠬᠢᠯᠴᠢᠳ ᠢ ᠪᠦᠷᠢᠶ᠎ᠡ ᠦᠯᠢᠶᠡᠬᠦ ᠵᠠᠭᠤᠷ᠎ᠠ ᠲᠠ ᠨᠠᠷ ᠬᠣᠲᠠ ᠶᠢ ᠳᠣᠯᠣᠭᠠᠨ ᠤᠳᠠᠭ᠎ᠠ ᠲᠣᠭᠣᠷᠢ᠃ 5 ᠲᠡᠳᠡ ᠡᠪᠡᠷ ᠪᠦᠷᠢᠶ᠎ᠡ ᠶᠢ ᠤᠷᠲᠤ ᠪᠠᠷ ᠬᠦᠩᠭᠢᠨᠡᠭᠦᠯᠵᠦ᠂ ᠲᠠ ᠨᠠᠷ ᠲᠤ ᠰᠣᠨᠣᠰᠬᠠᠪᠠᠯ ᠪᠦᠬᠦ ᠠᠷᠠᠳ ᠲᠦᠮᠡᠨ ᠴᠢᠩᠭ᠍᠎ᠠ ᠪᠠᠷ ᠤᠤᠬᠠᠢᠯᠠᠨ ᠬᠠᠰᠬᠢᠷᠤᠯᠳᠤᠬᠤ ᠶᠣᠰᠣᠲᠠᠢ᠃ ᠲᠡᠭᠡᠪᠡᠯ ᠬᠣᠲᠠ ᠶᠢᠨ ᠬᠡᠷᠡᠮ ᠳᠣᠭᠣᠭᠰᠢ ᠪᠠᠨ ᠨᠤᠷᠠᠨ ᠤᠨᠠᠬᠤ ᠪᠣᠯᠣᠨ᠎ᠠ᠂ ᠠᠷᠠᠳ ᠣᠯᠠᠨ ᠬᠥᠮᠦᠨ ᠪᠦᠷᠢ ᠲᠡᠰᠢ ᠪᠠᠨ ᠳᠠᠪᠰᠢᠨ ᠳᠠᠭᠠᠷᠢᠬᠤ ᠪᠣᠯᠣᠨ᠎ᠠ》 ᠭᠡᠯᠡ᠃ 6 ᠨᠦᠨ ᠦ ᠬᠦᠦ ᠶᠣᠱᠦ᠋ᠶ᠎ᠠ ᠲᠠᠬᠢᠯᠴᠢᠳ ᠢ ᠳᠠᠭᠤᠳᠠᠨ᠄ 《ᠲᠠ ᠨᠠᠷ ᠭᠡᠷ᠎ᠡ ᠶᠢᠨ ᠠᠪᠳᠠᠷ᠎ᠠ ᠶᠢ ᠳᠠᠮᠨᠠ᠃ ᠲᠠᠨ ᠤ ᠳᠣᠯᠣᠭᠠᠨ ᠲᠠᠬᠢᠯᠴᠢ ᠳᠣᠯᠣᠭᠠᠨ ᠬᠤᠴᠠ ᠶᠢᠨ ᠡᠪᠡᠷ ᠦᠨ ᠪᠦᠷᠢᠶ᠎ᠡ ᠠᠪᠴᠤ᠂ ᠶᠣᠬᠣᠸᠠ ᠶᠢᠨ ᠠᠪᠳᠠᠷ᠎ᠠ ᠶᠢᠨ ᠡᠮᠦᠨ᠎ᠡ ᠵᠣᠭᠰᠣ》 ᠭᠡᠳ 7 ᠠᠷᠠᠳ ᠣᠯᠠᠨ ᠳᠤ᠄ 《ᠤᠷᠤᠭᠰᠢ ᠪᠠᠨ ᠶᠠᠪᠤᠵᠤ᠂ ᠬᠣᠲᠠ ᠶᠢ ᠲᠣᠭᠣᠷᠢ᠃ ᠵᠡᠪᠰᠡᠭᠯᠡᠭᠰᠡᠨ ᠡᠷᠡᠴᠦᠳ ᠨᠢ ᠶᠣᠬᠣᠸᠠ ᠶᠢᠨ ᠠᠪᠳᠠᠷ᠎ᠠ ᠶᠢᠨ ᠡᠮᠦᠨ᠎ᠡ ᠶᠠᠪᠤ》 ᠭᠡᠵᠦ ᠬᠡᠯᠡᠪᠡ᠃
8 ᠶᠣᠱᠦ᠋ᠶ᠎ᠠ ᠠᠷᠠᠳ ᠲᠦᠮᠡᠨ ᠳᠦ ᠢᠩᠭᠢᠵᠦ ᠬᠡᠯᠡᠭᠰᠡᠨ ᠳᠦ᠂ ᠳᠣᠯᠣᠭᠠᠨ ᠬᠤᠴᠠ ᠶᠢᠨ ᠡᠪᠡᠷ ᠦᠨ ᠪᠦᠷᠢᠶ᠎ᠡ ᠪᠠᠷᠢᠭᠰᠠᠨ ᠳᠣᠯᠣᠭᠠᠨ ᠲᠠᠬᠢᠯᠴᠢ ᠶᠣᠬᠣᠸᠠ ᠶᠢᠨ ᠡᠮᠦᠨ᠎ᠡ ᠤᠷᠤᠭᠰᠢᠯᠠᠨ ᠪᠦᠷᠢᠶ᠎ᠡ ᠪᠡᠨ ᠦᠯᠢᠶᠡᠪᠡ᠃ ᠶᠣᠬᠣᠸᠠ ᠶᠢᠨ ᠭᠡᠷ᠎ᠡ ᠶᠢᠨ ᠠᠪᠳᠠᠷ᠎ᠠ ᠲᠡᠳᠡᠨ ᠢ ᠳᠠᠭᠠᠵᠤ ᠪᠠᠢᠯ᠎ᠠ᠃ 9 ᠪᠦᠷᠢᠶ᠎ᠡ ᠦᠯᠢᠶᠡᠵᠦ ᠪᠠᠢᠭ᠎ᠠ ᠲᠠᠬᠢᠯᠴᠢᠳ ᠤᠨ ᠡᠮᠦᠨ᠎ᠡ ᠵᠡᠪᠰᠡᠭᠯᠡᠭᠰᠡᠨ ᠡᠷᠡᠴᠦᠳ ᠶᠠᠪᠤᠵᠤ᠂ ᠠᠷᠤ ᠶᠢᠨ ᠬᠠᠮᠠᠭᠠᠯᠠᠭᠴᠢᠳ ᠲᠡᠷᠡ ᠠᠪᠳᠠᠷ᠎ᠠ ᠶᠢ ᠳᠠᠭᠠᠬᠤ ᠳᠤ ᠪᠦᠷᠢᠶ᠎ᠡ ᠬᠦᠩᠭᠢᠨᠡᠭᠰᠡᠭᠡᠷ ᠪᠠᠢᠯ᠎ᠠ᠃ 10 ᠬᠠᠷᠢᠨ ᠶᠣᠱᠦ᠋ᠶ᠎ᠠ ᠠᠷᠠᠳ ᠣᠯᠠᠨ ᠳᠤ ᠤᠷᠢᠳᠴᠢᠯᠠᠨ᠄ 《ᠲᠠ ᠨᠠᠷ ᠪᠦᠦ ᠤᠤᠬᠠᠢᠯᠠ᠂ ᠳᠠᠭᠤ ᠪᠠᠨ ᠪᠦᠦ ᠰᠣᠨᠣᠰᠬ᠎ᠠ᠂ ᠠᠮᠠᠨ ᠠᠴᠠ ᠪᠠᠨ ᠦᠭᠡ ᠪᠦᠦ ᠭᠠᠷᠭ᠎ᠠ᠂ ᠨᠠᠮᠠᠶᠢ 〈ᠤᠤᠬᠠᠢᠯᠠ〉 ᠭᠡᠵᠦ ᠬᠡᠯᠡᠬᠦ ᠲᠡᠷᠡ ᠡᠳᠦᠷ ᠯᠠ ᠤᠤᠬᠠᠢᠯᠠ》 ᠭᠡᠵᠦ ᠬᠡᠯᠡᠭᠰᠡᠨ ᠪᠠᠢᠪᠠ᠃ 11 ᠲᠡᠢᠨ ᠬᠦ ᠶᠣᠬᠣᠸᠠ ᠶᠢᠨ ᠠᠪᠳᠠᠷ᠎ᠠ ᠬᠣᠲᠠ ᠶᠢ ᠨᠢᠭᠡ ᠤᠳᠠᠭ᠎ᠠ ᠲᠣᠭᠣᠷᠢᠪᠠ᠃ ᠲᠡᠭᠡᠭᠡᠳ ᠠᠷᠠᠳ ᠣᠯᠠᠨ ᠬᠤᠸᠠᠷᠠᠨ ᠳᠠᠭᠠᠨ ᠪᠤᠴᠠᠵᠤ᠂ ᠲᠡᠨᠳᠡ ᠪᠡᠨ ᠬᠣᠨᠣᠭᠯᠠᠪᠠ᠃
12 ᠮᠠᠷᠭᠠᠰᠢ ᠨᠢ ᠶᠣᠱᠦ᠋ᠶ᠎ᠠ ᠥᠷᠯᠥᠭᠡ ᠡᠷᠲᠡᠯᠡᠨ ᠪᠣᠰᠴᠤ᠂ ᠲᠠᠬᠢᠯᠴᠢᠳ ᠶᠣᠬᠣᠸᠠ ᠶᠢᠨ ᠠᠪᠳᠠᠷ᠎ᠠ ᠶᠢ ᠳᠠᠮᠨᠠᠪᠠ᠃ 13 ᠳᠣᠯᠣᠭᠠᠨ ᠲᠠᠬᠢᠯᠴᠢ ᠳᠣᠯᠣᠭᠠᠨ ᠡᠪᠡᠷ ᠪᠦᠷᠢᠶ᠎ᠡ ᠪᠡᠨ ᠦᠯᠢᠶᠡᠨ ᠶᠠᠪᠤᠵᠤ ᠪᠠᠢᠪᠠ᠃ ᠵᠡᠪᠰᠡᠭᠯᠡᠭᠰᠡᠨ ᠡᠷᠡᠴᠦᠳ ᠲᠡᠳᠡᠨ ᠦ ᠡᠮᠦᠨ᠎ᠡ ᠶᠠᠪᠤᠵᠤ᠂ ᠠᠷᠤ ᠶᠢᠨ ᠬᠠᠮᠠᠭᠠᠯᠠᠭᠴᠢᠳ ᠶᠣᠬᠣᠸᠠ ᠶᠢᠨ ᠠᠪᠳᠠᠷ᠎ᠠ ᠶᠢ ᠳᠠᠭᠠᠬᠤ ᠳᠤ ᠪᠦᠷᠢᠶ᠎ᠡ ᠬᠦᠩᠭᠢᠨᠡᠭᠰᠡᠭᠡᠷ ᠪᠠᠢᠯ᠎ᠠ᠃ 14 ᠲᠡᠢᠨ ᠬᠦ ᠬᠣᠶᠠᠳᠠᠬᠢ ᠡᠳᠦᠷ ᠨᠢ ᠲᠡᠳᠡ ᠬᠣᠲᠠ ᠶᠢ ᠨᠢᠭᠡ ᠲᠣᠭᠣᠷᠢᠭᠠᠳ ᠬᠤᠸᠠᠷᠠᠨ ᠳᠠᠭᠠᠨ ᠪᠤᠴᠠᠪᠠ᠃ ᠲᠡᠳᠡ ᠵᠢᠷᠭᠤᠭᠠᠨ ᠡᠳᠦᠷ ᠡᠢᠨ ᠬᠦ ᠦᠢᠯᠡᠳᠪᠡ᠃
15 ᠬᠠᠷᠢᠨ ᠳᠣᠯᠣᠳᠠᠬᠢ ᠡᠳᠦᠷ ᠨᠢ ᠲᠡᠳᠡ ᠦᠷ ᠴᠠᠢᠬᠤ ᠦᠶ᠎ᠡ ᠪᠡᠷ ᠡᠷᠲᠡᠯᠡᠨ ᠪᠣᠰᠴᠤ᠂ ᠨᠥᠭᠥᠭᠡ ᠮᠠᠶ᠋ᠢᠭ ᠢᠶᠠᠷ ᠢᠶᠠᠨ ᠬᠣᠲᠠ ᠶᠢ ᠳᠣᠯᠣᠭᠠᠨ ᠤᠳᠠᠭ᠎ᠠ ᠲᠣᠭᠣᠷᠢᠭᠰᠠᠨ ᠪᠥᠭᠡᠳ ᠭᠠᠭᠴᠠ ᠬᠦ ᠲᠡᠷᠡ ᠡᠳᠦᠷ ᠯᠠ ᠬᠣᠲᠠ ᠶᠢ ᠳᠣᠯᠣᠭᠠᠨ ᠤᠳᠠᠭ᠎ᠠ ᠲᠣᠭᠣᠷᠢᠵᠠᠢ᠃ 16 ᠳᠣᠯᠣᠳᠠᠬᠢ ᠤᠳᠠᠭ᠎ᠠ ᠲᠣᠭᠣᠷᠢᠵᠤ ᠲᠠᠬᠢᠯᠴᠢᠳ ᠪᠦᠷᠢᠶ᠎ᠡ ᠪᠡᠨ ᠦᠯᠢᠶᠡᠬᠦ ᠳᠦ᠂ ᠶᠣᠱᠦ᠋ᠶ᠎ᠠ ᠠᠷᠠᠳ ᠣᠯᠠᠨ ᠳᠤ ᠲᠤᠰᠢᠶᠠᠨ᠄ 《ᠤᠤᠬᠠᠢᠯᠠ︕ ᠶᠣᠬᠣᠸᠠ ᠡᠨᠡ ᠬᠣᠲᠠ ᠶᠢ ᠲᠠ ᠨᠠᠷ ᠲᠤ ᠥᠭᠭᠥᠭᠰᠡᠨ᠂ 17 ᠬᠣᠲᠠ ᠪᠣᠯᠣᠨ ᠲᠡᠭᠦᠨ ᠳᠣᠲᠣᠷᠠᠬᠢ ᠪᠦᠭᠦᠳᠡ ᠶᠢ ᠨᠢ ᠤᠰᠠᠳᠬᠠᠵᠤ᠂ ᠶᠣᠬᠣᠸᠠ ᠳᠤ ᠡᠷᠭᠦᠬᠦ ᠶᠣᠰᠣᠲᠠᠢ᠃ ᠭᠠᠭᠴᠠ ᠬᠦ ᠶᠠᠩ᠋ᠬᠠᠨ ᠡᠮ᠎ᠡ ᠷᠠᠬᠠᠪ ᠢ ᠯᠠ ᠭᠡᠷ ᠲᠤᠨᠢ ᠪᠠᠢᠭ᠎ᠠ ᠪᠦᠬᠦ ᠬᠥᠮᠦᠨ ᠲᠡᠢ ᠬᠠᠮᠲᠤ ᠠᠮᠢᠳᠤ ᠦᠯᠡᠳᠡᠭᠡ᠃ ᠤᠴᠢᠷ ᠨᠢ ᠲᠡᠷᠡ ᠡᠮᠡᠭᠲᠡᠢ ᠪᠢᠳᠡᠨ ᠦ ᠶᠠᠪᠤᠭᠤᠯᠤᠭᠰᠠᠨ ᠲᠤᠷᠰᠢᠭᠤᠯ ᠤᠳ ᠢ ᠨᠢᠭᠤᠵᠤ ᠥᠭᠭᠥᠭᠰᠡᠨ ᠪᠢᠯᠡ᠃ 18 ᠬᠠᠷᠢᠨ ᠲᠠ ᠨᠠᠷ ᠤᠰᠠᠳᠬᠠᠨ ᠡᠷᠭᠦᠬᠦ ᠵᠦᠢᠯ ᠡᠴᠡ ᠪᠣᠯᠭᠣᠮᠵᠢᠯᠠ᠃ ᠡᠳᠡᠭᠡᠷ ᠲᠦ ᠰᠢᠨᠤᠵᠤ ᠥᠪᠡᠷᠰᠡᠳ ᠲᠡᠭᠡᠨ ᠠᠪᠤᠪᠠᠯ᠂ ᠢᠰᠷᠧᠯ ᠤᠨ ᠬᠤᠸᠠᠷᠠᠨ ᠥᠪᠡᠷ ᠢᠶᠡᠨ ᠤᠰᠠᠳᠬᠠᠨ ᠡᠷᠭᠦᠬᠦ ᠵᠦᠢᠯ ᠪᠣᠯᠬᠤ ᠪᠥᠭᠡᠳ ᠭᠠᠢ ᠵᠣᠪᠠᠯᠠᠩ ᠳᠤ ᠤᠴᠠᠷᠠᠬᠤ ᠪᠤᠢ᠃ 19 ᠬᠠᠷᠢᠨ ᠠᠯᠢᠪᠠ ᠠᠯᠲᠠ᠂ ᠮᠥᠩᠭᠥ᠂ ᠬᠦᠷᠡᠯ ᠪᠠ ᠲᠡᠮᠦᠷ ᠦᠨ ᠡᠳ᠋ ᠵᠦᠢᠯᠡᠰ ᠢ ᠶᠣᠬᠣᠸᠠ ᠶᠢᠨ ᠲᠥᠯᠥᠭᠡ ᠲᠤᠰᠠᠭᠠᠷᠯᠠᠵᠤ᠂ ᠶᠣᠬᠣᠸᠠ ᠶᠢᠨ ᠡᠷᠳᠡᠨᠢᠰ ᠤᠨ ᠰᠠᠩ ᠳᠤ ᠣᠷᠣᠭᠤᠯ》 ᠭᠡᠪᠡ᠃ 20 ᠲᠡᠢᠨ ᠬᠦ ᠲᠠᠬᠢᠯᠴᠢᠳ ᠪᠦᠷᠢᠶ᠎ᠡ ᠪᠡᠨ ᠦᠯᠢᠶᠡᠬᠦ ᠳᠦ᠂ ᠠᠷᠠᠳ ᠣᠯᠠᠨ ᠤᠤᠬᠠᠢᠯᠠᠵᠠᠭᠠᠪᠠ᠃ ᠬᠥᠮᠦᠰ ᠪᠦᠷᠢᠶᠡᠨ ᠳᠠᠭᠤ ᠶᠢ ᠰᠣᠨᠣᠰᠣᠮᠠᠭᠴᠠ ᠪᠠᠨ ᠮᠠᠰᠢ ᠴᠢᠩᠭ᠍᠎ᠠ ᠪᠠᠷ ᠤᠤᠬᠠᠢᠯᠠᠭᠰᠠᠨ ᠳᠤ᠂ ᠬᠡᠷᠡᠮ ᠳᠣᠭᠣᠭᠰᠢ ᠪᠠᠨ ᠨᠤᠷᠠᠨ ᠤᠨᠠᠵᠠᠢ᠂ ᠠᠷᠠᠳ ᠣᠯᠠᠨ ᠬᠥᠮᠦᠨ ᠪᠦᠷᠢ ᠬᠣᠲᠠ ᠤᠷᠤᠭᠤ ᠳᠠᠪᠰᠢᠨ ᠳᠠᠭᠠᠷᠢᠵᠤ᠂ ᠬᠣᠲᠠ ᠶᠢ ᠡᠵᠡᠯᠡᠨ ᠠᠪᠤᠪᠠ᠃ 21 ᠲᠡᠳᠡ ᠬᠥᠮᠦᠰ ᠢ ᠡᠷ᠎ᠡ ᠡᠮ᠎ᠡ᠂ ᠬᠥᠭᠰᠢᠨ ᠵᠠᠯᠠᠭᠤ ᠢᠯᠭᠠᠯ ᠦᠭᠡᠢ᠂ ᠮᠥᠨ ᠦᠬᠡᠷ᠂ ᠬᠣᠨᠢ ᠪᠣᠯᠣᠨ ᠡᠯᠵᠢᠭᠡ ᠵᠡᠷᠭᠡ ᠬᠣᠲᠠ ᠳᠤ ᠪᠠᠢᠭ᠎ᠠ ᠪᠦᠬᠦᠨ ᠢ ᠶᠣᠬᠣᠸᠠ ᠳᠤ ᠵᠣᠷᠢᠭᠤᠯᠤᠨ ᠢᠯᠳᠦᠨ ᠦ ᠢᠷ ᠢᠶᠠᠷ ᠤᠰᠠᠳᠬᠠᠭᠰᠠᠨ ᠪᠠᠢᠨ᠎ᠠ᠃
ᠷᠠᠬᠠᠪ ᠤᠨ ᠭᠡᠷ ᠪᠦᠯᠢ ᠠᠪᠤᠷᠠᠭᠳᠠᠪᠠ
22 ᠶᠣᠱᠦ᠋ᠶ᠎ᠠ ᠲᠡᠷᠡ ᠭᠠᠵᠠᠷ ᠢ ᠲᠠᠩᠨᠠᠭᠰᠠᠨ ᠬᠣᠶᠠᠷ ᠬᠥᠮᠦᠨ ᠳᠦ᠄ 《ᠨᠥᠭᠥᠭᠡ ᠶᠠᠩ᠋ᠬᠠᠨ ᠤ ᠭᠡᠷ ᠲᠦ ᠣᠴᠢ᠃ ᠲᠡᠭᠦᠨ ᠳᠦ ᠠᠮᠠᠯᠠᠭᠰᠠᠨ ᠶᠣᠰᠣᠭᠠᠷ ᠢᠶᠠᠨ ᠲᠡᠷᠡ ᠡᠮᠡᠭᠲᠡᠢ ᠶᠢ ᠲᠡᠭᠦᠨ ᠦ ᠳᠦ ᠪᠤᠢ ᠪᠦᠬᠦ ᠬᠥᠮᠦᠨ ᠲᠡᠢ ᠨᠢ ᠬᠠᠮᠲᠤ ᠲᠡᠨᠳᠡ ᠡᠴᠡ ᠭᠠᠷᠭᠠᠵᠤ ᠠᠪᠴᠢᠷᠠ》 ᠭᠡᠬᠦ ᠳᠦ᠂ 23 ᠲᠠᠩᠨᠠᠭᠰᠠᠨ ᠨᠥᠭᠥᠭᠡ ᠵᠠᠯᠠᠭᠤᠴᠤᠳ ᠲᠡᠰᠢ ᠣᠴᠢᠵᠤ᠂ ᠷᠠᠬᠠᠪ ᠢ ᠲᠡᠭᠦᠨ ᠦ ᠡᠴᠢᠭᠡ ᠡᠬᠡ᠂ ᠠᠬ᠎ᠠ ᠳᠡᠭᠦᠦ ᠨᠠᠷ ᠬᠢᠭᠡᠳ ᠲᠡᠭᠦᠨ ᠦ ᠳᠦ ᠪᠠᠢᠭ᠎ᠠ ᠪᠦᠬᠦ ᠬᠥᠮᠦᠨ ᠲᠡᠢ ᠨᠢ ᠬᠠᠮᠲᠤ ᠠᠪᠴᠢᠷᠠᠪᠠ᠃ ᠲᠡᠳᠡ ᠷᠠᠬᠠᠪ ᠤᠨ ᠪᠦᠬᠦ ᠭᠡᠷ ᠦᠨ ᠬᠢᠨ ᠢ ᠠᠪᠴᠢᠷᠠᠵᠤ᠂ ᠢᠰᠷᠧᠯ ᠤᠨ ᠬᠤᠸᠠᠷᠠᠨ ᠤ ᠭᠠᠳᠠᠨ᠎ᠠ ᠲᠠᠯ᠎ᠠ ᠳᠤ ᠲᠥᠪᠬᠢᠨᠡᠭᠦᠯᠪᠡ᠃ 24 ᠬᠠᠷᠢᠨ ᠲᠡᠳᠡ ᠬᠣᠲᠠ ᠶᠢ ᠳᠣᠲᠣᠷᠠᠬᠢ ᠪᠦᠬᠦ ᠵᠦᠢᠯ ᠲᠠᠢ ᠨᠢ ᠭᠠᠯᠳᠠᠨ ᠰᠢᠲᠠᠭᠠᠭᠰᠠᠨ ᠪᠠ ᠠᠯᠲᠠ᠂ ᠮᠥᠩᠭᠥ᠂ ᠬᠦᠷᠡᠯ᠂ ᠲᠡᠮᠦᠷ ᠦᠨ ᠡᠳ᠋ ᠵᠦᠢᠯᠡᠰ ᠢ ᠯᠠ ᠶᠣᠬᠣᠸᠠ ᠶᠢᠨ ᠭᠡᠷ ᠦᠨ ᠡᠷᠳᠡᠨᠢᠰ ᠤᠨ ᠰᠠᠩ ᠳᠤ ᠬᠢᠪᠡ᠃ 25 ᠶᠣᠱᠦ᠋ᠶ᠎ᠠ ᠶᠠᠩ᠋ᠬᠠᠨ ᠡᠮ᠎ᠡ ᠷᠠᠬᠠᠪ ᠢ ᠲᠡᠭᠦᠨ ᠦ ᠭᠡᠷ ᠦᠨ ᠬᠢᠨ ᠪᠣᠯᠣᠨ ᠲᠡᠭᠦᠨ ᠦ ᠳᠦ ᠪᠤᠢ ᠪᠦᠬᠦ ᠬᠥᠮᠦᠨ ᠲᠡᠢ ᠨᠢ ᠬᠠᠮᠲᠤ ᠠᠮᠢᠳᠤ ᠦᠯᠡᠳᠡᠭᠡᠭᠰᠡᠨ ᠪᠠᠢᠨ᠎ᠠ᠃ ᠷᠠᠬᠠᠪ ᠶᠣᠱᠦ᠋ᠶ᠎ᠠ ᠶᠢᠨ ᠶᠧᠷᠢᠺᠣ ᠶᠢ ᠲᠠᠩᠨᠠᠭᠤᠯᠬᠤ ᠪᠠᠷ ᠢᠯᠡᠭᠡᠭᠰᠡᠨ ᠲᠤᠷᠰᠢᠭᠤᠯ ᠤᠳ ᠢ ᠨᠢᠭᠤᠭᠰᠠᠨ ᠤᠴᠢᠷ ᠠᠴᠠ ᠣᠳᠣ ᠪᠣᠯᠲᠠᠯ᠎ᠠ ᠢᠰᠷᠧᠯ ᠤᠨ ᠳᠤᠮᠳᠠ ᠠᠮᠢᠳᠤᠷᠠᠵᠤ ᠪᠤᠢ᠃
26 ᠲᠡᠷᠡ ᠦᠶ᠎ᠡ ᠳᠦ ᠶᠣᠱᠦ᠋ᠶ᠎ᠠ ᠲᠡᠳᠡᠨ ᠳᠦ ᠲᠠᠩ᠋ᠭᠠᠷᠢᠭᠯᠠᠨ᠄ 《ᠶᠧᠷᠢᠺᠣ ᠬᠣᠲᠠ ᠶᠢ ᠪᠠᠢᠭᠤᠯᠬᠤ ᠬᠥᠮᠦᠨ ᠶᠣᠬᠣᠸᠠ ᠶᠢᠨ ᠡᠮᠦᠨ᠎ᠡ ᠬᠠᠷᠢᠶᠠᠭᠳᠠᠭ ᠤᠤᠭᠠᠨ ᠬᠦᠦ ᠶᠢᠨ ᠢᠶᠠᠨ ᠠᠮᠢ ᠪᠠᠷ ᠰᠠᠭᠤᠷᠢ ᠶᠢ ᠨᠢ ᠲᠠᠯᠪᠢᠵᠤ ᠣᠳᠬᠣᠨ ᠬᠦᠦ ᠶᠢᠨ ᠢᠶᠠᠨ ᠠᠮᠢ ᠪᠠᠷ ᠬᠠᠭᠠᠯᠭ᠎ᠠ ᠶᠢ ᠨᠢ ᠪᠣᠰᠬᠠᠭ》 ᠭᠡᠪᠡ᠃
27 ᠡᠢᠨ ᠬᠦ ᠶᠣᠬᠣᠸᠠ ᠶᠣᠱᠦ᠋ᠶ᠎ᠠ ᠲᠠᠢ ᠬᠠᠮᠲᠤ ᠪᠠᠢᠵᠤ᠂ ᠲᠡᠭᠦᠨ ᠦ ᠠᠯᠳᠠᠷ ᠰᠤᠤ ᠪᠦᠬᠦ ᠨᠤᠲᠤᠭ ᠳᠠᠶᠠᠭᠠᠷ ᠲᠠᠷᠬᠠᠵᠠᠢ᠃