ᠶᠣᠱᠦ᠋ᠶ᠎ᠠ ᠠᠷᠪᠠᠨ ᠭᠤᠷᠪᠠ
ᠡᠵᠡᠯᠡᠵᠦ ᠠᠪᠤᠭ᠎ᠠ ᠦᠭᠡᠢ ᠨᠤᠲᠤᠭ ᠤᠳ
1 ᠶᠣᠱᠦ᠋ᠶ᠎ᠠ ᠥᠨᠳᠥᠷ ᠨᠠᠰᠤᠯᠠᠵᠤ ᠥᠲᠡᠯᠬᠦ ᠳᠦ᠂ ᠶᠣᠬᠣᠸᠠ ᠲᠡᠭᠦᠨ ᠳᠦ᠄ 《ᠴᠢ ᠥᠨᠳᠥᠷ ᠨᠠᠰᠤᠯᠠᠵᠤ ᠥᠲᠡᠯᠦᠯ᠎ᠡ᠃ ᠭᠡᠪᠡᠴᠦ ᠡᠵᠡᠮᠰᠢᠯ ᠳᠤ ᠠᠪᠬᠤ ᠶᠣᠰᠣᠲᠠᠢ ᠨᠤᠲᠤᠭ ᠮᠠᠰᠢ ᠶᠡᠬᠡ ᠦᠯᠡᠳᠡᠭᠰᠡᠨ ᠪᠠᠢᠨ᠎ᠠ᠃ 2 ᠦᠯᠡᠳᠡᠭᠰᠡᠨ ᠨᠤᠲᠤᠭ ᠭᠡᠪᠡᠯ᠂ ᠹᠢᠯᠢᠰᠲ᠋ᠴᠦᠳ ᠪᠣᠯᠣᠨ ᠭᠧᠱᠦ᠋ᠷᠴᠦᠳ ᠦᠨ ᠪᠦᠬᠦ ᠨᠤᠲᠤᠭ ᠳᠡᠪᠢᠰᠬᠡᠷ᠂ 3 ᠲᠤᠬᠠᠢᠯᠠᠪᠠᠯ ᠶᠧᠵᠢᠫᠲ ᠤᠨ ᠵᠡᠭᠦᠨ ᠳᠠᠬᠢ ᠱᠢᠬᠣᠷ ᠭᠣᠣᠯ ᠠᠴᠠ ᠬᠣᠢᠲᠤ ᠵᠦᠭ ᠦᠨ ᠡᠺᠷᠣᠨ ᠤ ᠨᠤᠲᠤᠭ ᠤᠨ ᠬᠢᠯᠢ ᠬᠦᠷᠲᠡᠯ᠎ᠡ᠂ ᠺᠠᠨᠠᠨᠴᠤᠳ ᠤᠨ ᠬᠢ ᠭᠡᠵᠦ ᠲᠣᠭᠠᠴᠠᠭᠳᠠᠳᠠᠭ ᠪᠦᠬᠦ ᠨᠤᠲᠤᠭ ᠬᠢᠭᠡᠳ ᠭᠠᠽᠠ᠂ ᠠᠱᠠᠳᠣᠳ᠋᠂ ᠠᠱᠺᠧᠯᠣᠨ᠂ ᠭᠠᠲ ᠪᠣᠯᠣᠨ ᠡᠺᠷᠣᠨ ᠵᠡᠷᠭᠡ ᠹᠢᠯᠢᠰᠲ᠋ᠴᠦᠳ ᠦᠨ ᠲᠠᠪᠤᠨ ᠨᠣᠶᠠᠨ ᠤ ᠭᠠᠵᠠᠷ᠂ ᠠᠸᠢᠴᠤᠳ ᠤᠨ ᠭᠠᠵᠠᠷ᠂ 4 ᠡᠮᠦᠨ᠎ᠡ ᠵᠦᠭ ᠦᠨ ᠺᠠᠨᠠᠨᠴᠤᠳ ᠤᠨ ᠪᠦᠬᠦ ᠨᠤᠲᠤᠭ ᠪᠣᠯᠣᠨ ᠰᠢᠢᠳᠣᠨᠴᠤᠳ ᠤᠨ ᠮᠧᠶᠠᠷᠠ ᠠᠴᠠ ᠠᠮᠣᠷᠢᠴᠤᠳ ᠤᠨ ᠬᠢᠯᠢ ᠳᠠᠬᠢ ᠠᠹᠧᠺ ᠬᠦᠷᠲᠡᠯ᠎ᠡ᠂ 5 ᠮᠥᠨ ᠭᠧᠪᠠᠯᠴᠤᠳ ᠤᠨ ᠨᠤᠲᠤᠭ ᠬᠢᠭᠡᠳ ᠳᠣᠷᠣᠨ᠎ᠠ ᠵᠦᠭ ᠦᠨ ᠪᠦᠬᠦ ᠯᠧᠪᠠᠨᠣᠨ ᠨᠤᠲᠤᠭ᠂ ᠾᠧᠷᠮᠣᠨ ᠠᠭᠤᠯᠠ ᠶᠢᠨ ᠳᠣᠣᠷᠠᠬᠢ ᠪᠠᠯ ᠭᠠᠳ᠋ ᠡᠴᠡ ᠯᠧᠪᠣᠬᠠᠮᠠᠲ ᠬᠦᠷᠲᠡᠯᠡᠬᠢ ᠪᠦᠬᠦ ᠭᠠᠵᠠᠷ᠂ 6 ᠯᠧᠪᠠᠨᠣᠨ ᠠᠴᠠ ᠮᠢᠰᠷᠧᠹᠣᠲ ᠭᠤᠷᠤᠭ᠎ᠠ ᠬᠦᠷᠲᠡᠯᠡᠬᠢ ᠠᠭᠤᠯᠠᠷᠬᠠᠭ ᠨᠤᠲᠤᠭ ᠪᠣᠯᠣᠨ ᠰᠢᠢᠳᠣᠨᠴᠤᠳ ᠤᠨ ᠪᠦᠬᠦ ᠨᠤᠲᠤᠭ ᠪᠢᠯᠡ᠃ ᠪᠢ ᠥᠪᠡᠷ ᠢᠶᠡᠨ ᠲᠡᠳᠡᠨ ᠢ ᠢᠰᠷᠧᠯᠴᠦᠳ ᠦᠨ ᠡᠮᠦᠨ᠎ᠡ ᠡᠴᠡ ᠬᠥᠭᠡᠭᠡᠨ ᠭᠠᠷᠭᠠᠶ᠎ᠠ᠂ ᠴᠢ ᠵᠥᠪᠬᠡᠨ ᠮᠢᠨᠦ ᠲᠤᠰᠢᠶᠠᠭᠰᠠᠨ ᠶᠣᠰᠣᠭᠠᠷ ᠡᠨᠡ ᠭᠠᠵᠠᠷ ᠢ ᠢᠰᠷᠧᠯ ᠳᠤ ᠥᠪ ᠪᠣᠯᠭᠠᠨ ᠬᠤᠪᠢᠶᠠᠷᠢᠯᠠᠭᠲᠤᠨ᠃ 7 ᠣᠳᠣ ᠴᠢ ᠡᠨᠡ ᠨᠤᠲᠤᠭ ᠢ ᠶᠢᠰᠦᠨ ᠣᠪᠣᠭ ᠪᠣᠯᠣᠨ ᠮᠠᠨᠠᠰᠧ ᠶᠢᠨ ᠬᠠᠭᠠᠰ ᠣᠪᠣᠭ ᠲᠤ ᠥᠪ ᠪᠣᠯᠭᠠᠨ ᠬᠤᠪᠢᠶᠠ》 ᠭᠡᠪᠡ᠃
ᠶᠣᠷᠳᠠᠨ ᠤ ᠵᠡᠭᠦᠨ ᠲᠠᠯ᠎ᠠ ᠳᠠᠬᠢ ᠥᠪ
8 ᠮᠠᠨᠠᠰᠧ ᠶᠢᠨ ᠨᠥᠭᠥᠭᠡ ᠬᠠᠭᠠᠰ ᠣᠪᠣᠭ ᠤᠨ ᠬᠢᠨ ᠲᠠᠢ ᠬᠠᠮᠲᠤ ᠷᠧᠣᠪᠧᠨ ᠪᠣᠯᠣᠨ ᠭᠠᠳ᠋ ᠤᠨ ᠬᠢᠨ ᠶᠣᠷᠳᠠᠨ ᠤ ᠵᠡᠭᠦᠨ ᠵᠦᠭ ᠲᠦ ᠮᠣᠰᠧ ᠶᠢᠨ ᠥᠭᠭᠥᠭᠰᠡᠨ ᠥᠪ ᠢ ᠬᠦᠷᠲᠡᠭᠰᠡᠨ ᠪᠠᠢᠵᠠᠢ᠃ ᠶᠣᠬᠣᠸᠠ ᠶᠢᠨ ᠵᠠᠷᠤᠴᠠ ᠮᠣᠰᠧ ᠶᠢᠨ ᠲᠡᠳᠡᠨ ᠳᠦ ᠥᠭᠭᠥᠭᠰᠡᠨ ᠨᠤᠲᠤᠭ ᠭᠡᠪᠡᠯ᠂ 9 ᠠᠷᠨᠣᠨ ᠬᠥᠨᠳᠡᠢ ᠶᠢᠨ ᠵᠠᠬ᠎ᠠ ᠳᠠᠬᠢ ᠠᠷᠣᠶᠧᠷ ᠪᠣᠯᠣᠨ ᠲᠡᠷᠡ ᠬᠥᠨᠳᠡᠢ ᠶᠢᠨ ᠳᠤᠮᠳᠠᠬᠢ ᠲᠣᠰᠬᠣᠨ ᠠᠴᠠ ᠡᠬᠢᠯᠡᠨ ᠮᠧᠳ᠋ᠪᠠ ᠶᠢᠨ ᠴᠠᠭᠠᠨ᠎ᠠ ᠳᠠᠬᠢ ᠲᠠᠯ᠎ᠠ ᠭᠠᠵᠠᠷ ᠢᠶᠠᠷ ᠳᠠᠭᠠᠷᠢᠨ ᠳ᠋ᠢᠪᠣᠨ ᠬᠦᠷᠲᠡᠯᠡᠬᠢ ᠭᠠᠵᠠᠷ᠂ 10 ᠮᠥᠨ ᠾᠧᠱᠪᠣᠨ ᠳᠤ ᠬᠠᠭᠠᠨᠴᠢᠯᠠᠵᠤ ᠪᠠᠢᠭᠰᠠᠨ ᠠᠮᠣᠷᠢᠴᠤᠳ ᠤᠨ ᠬᠠᠭᠠᠨ ᠰᠢᠬᠣᠨ ᠤ ᠪᠦᠬᠦ ᠲᠣᠰᠬᠣᠨ᠂ ᠠᠮᠣᠨᠴᠤᠳ ᠤᠨ ᠨᠤᠲᠤᠭ ᠤᠨ ᠬᠢᠯᠢ ᠬᠦᠷᠲᠡᠯᠡᠬᠢ ᠭᠠᠵᠠᠷ᠂ 11 ᠭᠢᠯᠧᠶᠠᠳ᠋ ᠨᠤᠲᠤᠭ᠂ ᠭᠧᠱᠦ᠋ᠷᠴᠦᠳ ᠪᠠ ᠮᠠᠺᠠᠴᠤᠳ ᠤᠨ ᠨᠤᠲᠤᠭ ᠳᠡᠪᠢᠰᠬᠡᠷ᠂ ᠾᠧᠷᠮᠣᠨ ᠠᠭᠤᠯᠠ ᠳᠠᠶᠠᠭᠠᠷ ᠤᠨ ᠨᠤᠲᠤᠭ᠂ ᠰᠠᠯᠧᠺᠠ ᠬᠦᠷᠲᠡᠯᠡᠬᠢ ᠪᠦᠬᠦ ᠪᠠᠱᠠᠨ᠂ 12 ᠪᠠᠰᠠ ᠠᠱᠲ᠋ᠠᠷᠣᠲ ᠪᠠ ᠡᠳ᠋ᠷᠧᠢ ᠳᠤ ᠬᠠᠭᠠᠨᠴᠢᠯᠠᠵᠤ᠂ ᠠᠪᠤᠷᠭᠤ ᠪᠡᠶᠡᠲᠡᠳ ᠦᠨ ᠳᠤᠮᠳᠠ ᠬᠠᠮᠤᠭ ᠤᠨ ᠰᠡᠭᠦᠯ ᠳᠦ ᠦᠯᠡᠳᠡᠭᠰᠡᠨ ᠪᠠᠱᠠᠨ ᠳᠠᠬᠢ ᠣᠭ ᠬᠠᠭᠠᠨ ᠤ ᠪᠦᠬᠦᠢᠯᠡ ᠤᠯᠤᠰ ᠪᠢᠯᠡ᠃ ᠮᠣᠰᠧ ᠲᠡᠳᠡᠨ ᠢ ᠪᠤᠲᠠ ᠴᠣᠬᠢᠨ ᠵᠠᠢᠯᠠᠭᠤᠯᠤᠭᠰᠠᠨ ᠪᠣᠯᠪᠠᠴᠤ 13 ᠢᠰᠷᠧᠯᠴᠦᠳ ᠭᠧᠱᠦ᠋ᠷᠴᠦᠳ ᠪᠣᠯᠣᠨ ᠮᠠᠺᠠᠴᠤᠳ ᠢ ᠬᠥᠭᠡᠭᠡᠵᠦ ᠵᠠᠢᠯᠠᠭᠤᠯᠤᠭᠰᠠᠨ ᠦᠭᠡᠢ ᠤᠴᠢᠷ ᠠᠴᠠ ᠭᠧᠱᠦ᠋ᠷᠴᠦᠳ ᠪᠣᠯᠣᠨ ᠮᠠᠺᠠᠴᠤᠳ ᠢᠰᠷᠧᠯᠴᠦᠳ ᠦᠨ ᠳᠤᠮᠳᠠ ᠥᠨᠥ ᠬᠦᠷᠲᠡᠯ᠎ᠡ ᠰᠠᠭᠤᠭᠰᠠᠭᠠᠷ ᠪᠠᠢᠨ᠎ᠠ᠃
14 ᠭᠠᠭᠴᠠ ᠬᠦ ᠯᠧᠸᠢ ᠣᠪᠣᠭ ᠥᠪ ᠬᠦᠷᠲᠡᠭᠰᠡᠨ ᠦᠭᠡᠢ᠃ ᠶᠣᠬᠣᠸᠠ ᠶᠢᠨ ᠲᠡᠳᠡᠨ ᠳᠦ ᠠᠢᠯᠠᠳᠤᠭᠰᠠᠨ ᠶᠣᠰᠣᠭᠠᠷ ᠢᠰᠷᠧᠯ ᠤᠨ ᠪᠤᠷᠬᠠᠨ ᠶᠣᠬᠣᠸᠠ ᠳᠤ ᠭᠠᠯ ᠢᠶᠠᠷ ᠡᠷᠭᠦᠭᠰᠡᠨ ᠲᠠᠬᠢᠯ ᠤᠳ ᠨᠢ ᠲᠡᠳᠡᠨ ᠦ ᠥᠪ ᠪᠣᠯᠵᠠᠢ᠃
ᠷᠧᠣᠪᠧᠨ ᠤ ᠥᠪ
15 ᠮᠣᠰᠧ ᠷᠧᠣᠪᠧᠨ ᠣᠪᠣᠭ ᠲᠤ ᠠᠢᠮᠠᠭ ᠤᠳ ᠢᠶᠠᠷ ᠨᠢ ᠥᠪ ᠬᠦᠷᠲᠡᠭᠡᠭᠰᠡᠨ ᠶᠤᠮ᠃ 16 ᠲᠡᠳᠡᠨ ᠦ ᠨᠤᠲᠤᠭ ᠳᠡᠪᠢᠰᠬᠡᠷ ᠭᠡᠪᠡᠯ᠂ ᠠᠷᠨᠣᠨ ᠬᠥᠨᠳᠡᠢ ᠶᠢᠨ ᠵᠠᠬ᠎ᠠ ᠳᠤ ᠣᠷᠣᠰᠢᠬᠤ ᠠᠷᠣᠶᠧᠷ᠂ ᠮᠥᠨ ᠲᠡᠷᠡ ᠬᠥᠨᠳᠡᠢ ᠳᠤᠮᠳᠠᠬᠢ ᠲᠣᠰᠬᠣᠨ ᠠᠴᠠ ᠡᠬᠢᠯᠡᠨ ᠮᠧᠳ᠋ᠪᠠ ᠶᠢᠨ ᠬᠠᠵᠠᠭᠤ ᠳᠠᠬᠢ ᠲᠠᠯ᠎ᠠ ᠭᠠᠵᠠᠷ ᠬᠦᠷᠲᠡᠯᠡᠬᠢ ᠨᠤᠲᠤᠭ᠂ 17 ᠾᠧᠱᠪᠣᠨ ᠪᠠ ᠲᠡᠷᠡ ᠲᠠᠯ᠎ᠠ ᠭᠠᠵᠠᠷ ᠳᠠᠬᠢ ᠪᠦᠬᠦ ᠲᠣᠰᠬᠣᠨ᠂ ᠲᠤᠬᠠᠢᠯᠠᠪᠠᠯ ᠳ᠋ᠢᠪᠣᠨ᠂ ᠪᠠᠮᠣᠲ ᠪᠠᠯ᠂ ᠪᠧᠲ ᠪᠠᠯ ᠮᠧᠶᠣᠨ᠂ 18 ᠶᠠᠬᠠᠽ᠂ ᠺᠧᠳᠧᠮᠣᠲ ᠪᠣᠯᠣᠨ ᠮᠧᠹᠠ ᠠᠲ᠂ 19 ᠺᠢᠷᠢᠶᠠᠲ᠋ᠠᠢᠮ᠂ ᠰᠢᠪᠮᠠ ᠪᠠ ᠬᠥᠨᠳᠡᠢ ᠶᠢᠨ ᠠᠭᠤᠯᠠᠨ ᠳᠠᠬᠢ ᠽᠧᠷᠧᠲ ᠱᠠᠬᠠᠷ᠂ 20 ᠪᠧᠲ ᠫᠧᠶᠣᠷ᠂ ᠫᠢᠰᠭᠠ ᠶᠢᠨ ᠬᠣᠷᠮᠣᠢ ᠪᠠ ᠪᠧᠲ ᠶᠧᠱᠢᠮᠣᠲ᠂ 21 ᠲᠠᠯ᠎ᠠ ᠭᠠᠵᠠᠷ ᠤᠨ ᠪᠦᠬᠦ ᠲᠣᠰᠬᠣᠨ ᠬᠢᠭᠡᠳ ᠾᠧᠱᠪᠣᠨ ᠳᠤ ᠬᠠᠭᠠᠨᠴᠢᠯᠠᠵᠤ ᠪᠠᠢᠭᠰᠠᠨ ᠠᠮᠣᠷᠢᠴᠤᠳ ᠤᠨ ᠬᠠᠭᠠᠨ ᠰᠢᠬᠣᠨ ᠤ ᠪᠦᠬᠦ ᠤᠯᠤᠰ ᠪᠢᠯᠡ᠃ ᠮᠣᠰᠧ ᠰᠢᠬᠣᠨ ᠢ ᠲᠡᠷᠡ ᠨᠤᠲᠤᠭ ᠲᠤ ᠰᠠᠭᠤᠵᠤ ᠪᠠᠢᠭᠰᠠᠨ ᠲᠡᠭᠦᠨ ᠦ ᠨᠣᠶᠠᠳ ᠪᠣᠯᠬᠤ ᠧᠸᠢ᠂ ᠷᠧᠺᠧᠮ᠂ ᠽᠦᠷ᠂ ᠾᠦᠷ᠂ ᠷᠧᠪᠠ ᠵᠡᠷᠭᠡ ᠮᠢᠳᠢᠶᠠᠨ ᠤ ᠤᠳᠤᠷᠢᠳᠤᠭᠴᠢᠳ ᠲᠠᠢ ᠬᠠᠮᠲᠤ ᠪᠤᠲᠠ ᠴᠣᠬᠢᠭᠰᠠᠨ ᠪᠠᠢᠪᠠ᠃ 22 ᠢᠰᠷᠧᠯᠴᠦᠳ ᠲᠡᠳᠡᠨ ᠦ ᠣᠯᠠᠨ ᠢ ᠴᠣᠬᠢᠵᠤ ᠪᠠᠢᠬᠤ ᠳᠠᠭᠠᠨ ᠪᠧᠶᠣᠷ ᠤᠨ ᠬᠦᠦ ᠮᠡᠷᠭᠡᠴᠢ ᠪᠠᠯᠠᠮ ᠢ ᠪᠠᠰᠠ ᠢᠯᠳᠦ ᠪᠡᠷ ᠰᠥᠨᠥᠭᠡᠪᠡ᠃ 23 ᠷᠧᠣᠪᠧᠨᠴᠤᠳ ᠤᠨ ᠥᠷᠥᠨ᠎ᠡ ᠶᠢᠨ ᠬᠢᠯᠢ ᠨᠢ ᠶᠣᠷᠳᠠᠨ ᠤ ᠬᠥᠪᠡᠭᠡ ᠪᠠᠢᠯ᠎ᠠ᠃ ᠷᠧᠣᠪᠧᠨᠴᠤᠳ ᠠᠢᠮᠠᠭ ᠤᠳ ᠢᠶᠠᠷ ᠢᠶᠠᠨ ᠡᠳᠡᠭᠡᠷ ᠬᠣᠲᠠ ᠲᠣᠰᠬᠣᠨ ᠢ ᠥᠪ ᠪᠣᠯᠭᠠᠨ ᠬᠦᠷᠲᠡᠭᠰᠡᠨ ᠶᠤᠮ᠃
ᠭᠠᠳ᠋ ᠤᠨ ᠥᠪ
24 ᠮᠣᠰᠧ ᠪᠠᠰᠠ ᠭᠠᠳ᠋ ᠣᠪᠣᠭ ᠲᠤ ᠠᠢᠮᠠᠭ ᠤᠳ ᠢᠶᠠᠷ ᠨᠢ ᠥᠪ ᠬᠦᠷᠲᠡᠭᠡᠪᠡ᠃ 25 ᠲᠡᠳᠡᠨ ᠦ ᠨᠤᠲᠤᠭ ᠳᠡᠪᠢᠰᠬᠡᠷ ᠭᠡᠪᠡᠯ ᠶᠠᠽᠧᠷ᠂ ᠭᠢᠯᠧᠶᠠᠳ᠋ ᠤᠨ ᠪᠦᠬᠦ ᠲᠣᠰᠬᠣᠨ᠂ ᠮᠥᠨ ᠠᠮᠣᠨᠴᠤᠳ ᠤᠨ ᠨᠤᠲᠤᠭ ᠤᠨ ᠬᠠᠭᠠᠰ᠂ ᠲᠤᠬᠠᠢᠯᠠᠪᠠᠯ ᠷᠠᠪᠠ ᠶᠢᠨ ᠣᠢᠷᠠᠯᠴᠠᠭᠠᠬᠢ ᠠᠷᠣᠶᠧᠷ ᠬᠦᠷᠲᠡᠯᠡᠬᠢ ᠭᠠᠵᠠᠷ᠂ 26 ᠮᠥᠨ ᠾᠧᠱᠪᠣᠨ ᠠᠴᠠ ᠷᠠᠮᠠᠲ ᠮᠢᠽᠫᠠ ᠪᠣᠯᠣᠨ ᠪᠧᠲ᠋ᠣᠨᠢᠮ ᠬᠦᠷᠲᠡᠯ᠎ᠡ᠂ ᠮᠠᠬᠠᠨᠠᠢᠮ ᠠᠴᠠ ᠳ᠋ᠧᠪᠢᠷ ᠤᠨ ᠬᠢᠯᠢ ᠬᠦᠷᠲᠡᠯᠡᠬᠢ ᠭᠠᠵᠠᠷ᠂ 27 ᠮᠥᠨ ᠶᠣᠷᠳᠠᠨ ᠤ ᠬᠥᠨᠳᠡᠢ ᠳᠦ ᠪᠠᠢᠭ᠎ᠠ ᠪᠧᠲ ᠾᠠᠷᠠᠮ᠂ ᠪᠧᠲ ᠨᠢᠮᠷᠠ᠂ ᠰᠦᠺᠣᠲ ᠪᠠ ᠽᠠᠹᠣᠨ᠂ ᠲᠤᠬᠠᠢᠯᠠᠪᠠᠯ ᠾᠧᠱᠪᠣᠨ ᠤ ᠬᠠᠭᠠᠨ ᠰᠢᠬᠣᠨ ᠤ ᠬᠠᠭᠠᠨᠲᠤ ᠤᠯᠤᠰ ᠤᠨ ᠦᠯᠡᠳᠡᠭᠰᠡᠨ ᠬᠡᠰᠡᠭ ᠡᠴᠡ ᠶᠣᠷᠳᠠᠨ ᠤ ᠳᠣᠷᠣᠨ᠎ᠠ ᠲᠠᠯ᠎ᠠ ᠶᠢᠨ ᠺᠢᠨᠧᠷᠧᠲ ᠤᠨ ᠲᠠᠩᠭᠢᠰ ᠬᠦᠷᠲᠡᠯᠡᠬᠢ ᠨᠤᠲᠤᠭ ᠪᠠᠢᠯ᠎ᠠ᠃ 28 ᠭᠠᠳ᠋ᠴᠤᠳ ᠠᠢᠮᠠᠭ ᠤᠳ ᠢᠶᠠᠷ ᠢᠶᠠᠨ ᠡᠳᠡᠭᠡᠷ ᠬᠣᠲᠠ ᠲᠣᠰᠬᠣᠨ ᠢ ᠥᠪ ᠪᠣᠯᠭᠠᠨ ᠬᠦᠷᠲᠡᠭᠰᠡᠨ ᠶᠤᠮ᠃
ᠵᠡᠭᠦᠨ ᠮᠠᠨᠠᠰᠧ ᠶᠢᠨ ᠥᠪ
29 ᠮᠣᠰᠧ ᠪᠠᠰᠠ ᠮᠠᠨᠠᠰᠧ ᠣᠪᠣᠭ ᠤᠨ ᠬᠠᠭᠠᠰ ᠲᠤ ᠠᠢᠮᠠᠭ ᠤᠳ ᠢᠶᠠᠷ ᠨᠢ ᠥᠪ ᠬᠦᠷᠲᠡᠭᠡᠪᠡ᠃ 30 ᠲᠡᠳᠡᠨ ᠦ ᠨᠤᠲᠤᠭ ᠳᠡᠪᠢᠰᠬᠡᠷ ᠨᠢ ᠮᠠᠬᠠᠨᠠᠢᠮ᠂ ᠪᠦᠬᠦ ᠪᠠᠱᠠᠨ᠂ ᠲᠤᠬᠠᠢᠯᠠᠪᠠᠯ ᠪᠠᠱᠠᠨ ᠤ ᠬᠠᠭᠠᠨ ᠣᠭ ᠤᠨ ᠪᠦᠬᠦ ᠬᠠᠭᠠᠨᠴᠢᠯᠠᠯ᠂ ᠪᠠᠱᠠᠨ ᠳᠠᠬᠢ ᠶᠠᠢᠷ ᠤᠨ ᠵᠢᠷᠠᠨ ᠲᠣᠰᠬᠣᠨ᠂ 31 ᠭᠢᠯᠧᠶᠠᠳ᠋ ᠤᠨ ᠬᠠᠭᠠᠰ᠂ ᠮᠥᠨ ᠠᠱᠲ᠋ᠠᠷᠣᠲ ᠡᠳ᠋ᠷᠧᠢ ᠵᠡᠷᠭᠡ ᠪᠠᠱᠠᠨ ᠤ ᠬᠠᠭᠠᠨ ᠣᠭ ᠤᠨ ᠰᠠᠭᠤᠳᠠᠭ ᠬᠣᠲᠠ ᠨᠤᠭᠤᠳ ᠶᠤᠮ᠃ ᠡᠳᠡᠭᠡᠷ ᠢ ᠮᠠᠨᠠᠰᠧ ᠶᠢᠨ ᠬᠦᠦ ᠮᠠᠺᠢᠷ ᠤᠨ ᠦᠷ᠎ᠡ ᠤᠳᠤᠮ ᠤᠨ ᠬᠠᠭᠠᠰ ᠨᠢ ᠠᠢᠮᠠᠭ ᠤᠳ ᠢᠶᠠᠷ ᠢᠶᠠᠨ ᠬᠦᠷᠲᠡᠭᠰᠡᠨ ᠶᠤᠮ᠃
32 ᠡᠳᠡᠭᠡᠷ ᠨᠤᠲᠤᠭ ᠢ ᠮᠣᠰᠧ ᠶᠧᠷᠢᠺᠣ ᠶᠢᠨ ᠵᠡᠭᠦᠨ ᠲᠠᠯ᠎ᠠ ᠳᠤ᠂ ᠲᠤᠬᠠᠢᠯᠠᠪᠠᠯ ᠶᠣᠷᠳᠠᠨ ᠤ ᠴᠠᠭᠠᠨ᠎ᠠ ᠳᠠᠬᠢ ᠮᠣᠶᠠᠪ ᠤᠨ ᠲᠠᠯ᠎ᠠ ᠳᠤ ᠪᠠᠢᠬᠤ ᠳᠠᠭᠠᠨ ᠲᠡᠳᠡᠨ ᠳᠦ ᠥᠪ ᠪᠣᠯᠭᠠᠨ ᠬᠦᠷᠲᠡᠭᠡᠭᠰᠡᠨ ᠶᠤᠮ᠃ 33 ᠬᠠᠷᠢᠨ ᠯᠧᠸᠢ ᠣᠪᠣᠭ ᠲᠤ ᠮᠣᠰᠧ ᠥᠪ ᠥᠭᠭᠥᠭᠰᠡᠨ ᠦᠭᠡᠢ᠃ ᠢᠰᠷᠧᠯ ᠤᠨ ᠪᠤᠷᠬᠠᠨ ᠶᠣᠬᠣᠸᠠ ᠲᠡᠳᠡᠨ ᠳᠦ ᠠᠮᠠᠯᠠᠭᠰᠠᠨ ᠶᠣᠰᠣᠭᠠᠷ ᠢᠶᠠᠨ ᠥᠪᠡᠷ ᠢᠶᠡᠨ ᠲᠡᠳᠡᠨ ᠦ ᠥᠪ ᠪᠣᠯᠣᠭᠰᠠᠨ ᠪᠠᠢᠨ᠎ᠠ᠃