ᠶᠣᠱᠦ᠋ᠶ᠎ᠠ ᠳᠣᠯᠣᠭ᠎ᠠ
ᠠᠢᠴᠤᠳ ᠲᠤ ᠢᠯᠠᠭᠳᠠᠪᠠ
1 ᠢᠰᠷᠧᠯᠴᠦᠳ ᠤᠰᠠᠳᠬᠠᠨ ᠡᠷᠭᠦᠬᠦ ᠵᠦᠢᠯᠡᠰ ᠦᠨ ᠲᠠᠯ᠎ᠠ ᠪᠠᠷ ᠢᠲᠡᠭᠡᠮᠵᠢ ᠠᠯᠳᠠᠵᠠᠢ᠃ ᠶᠦᠳᠠ ᠣᠪᠣᠭ ᠤᠨ ᠽᠧᠷᠠ ᠶᠢᠨ ᠵᠢᠴᠢ᠂ ᠽᠠᠪᠳᠢ ᠶᠢᠨ ᠠᠴᠢ᠂ ᠺᠠᠷᠮᠢ ᠶᠢᠨ ᠬᠦᠦ ᠠᠺᠠᠨ ᠤᠰᠠᠳᠬᠠᠨ ᠡᠷᠭᠦᠬᠦ ᠵᠦᠢᠯᠡᠰ ᠡᠴᠡ ᠥᠪᠡᠷ ᠲᠡᠭᠡᠨ ᠠᠪᠤᠭᠰᠠᠨ ᠠᠴᠠ ᠪᠣᠯᠵᠤ ᠶᠣᠬᠣᠸᠠ ᠶᠢᠨ ᠠᠭᠤᠷ ᠬᠢᠯᠢᠩ ᠢᠰᠷᠧᠯᠴᠦᠳ ᠦᠨ ᠡᠰᠡᠷᠭᠦ ᠳᠦᠷᠡᠯᠵᠡᠭᠰᠡᠨ ᠪᠠᠢᠯ᠎ᠠ᠃
2 ᠶᠣᠱᠦ᠋ᠶ᠎ᠠ ᠶᠧᠷᠢᠺᠣ ᠠᠴᠠ ᠪᠧᠲ᠋ᠧᠯ ᠤᠨ ᠵᠡᠭᠦᠨ ᠲᠠᠯ᠎ᠠ ᠳᠤ ᠪᠠᠢᠳᠠᠭ ᠪᠧᠲ ᠠᠸᠧᠨ ᠤ ᠣᠢᠷᠠᠯᠴᠠᠭ᠎ᠠ ᠪᠠᠢᠭ᠎ᠠ ᠠᠢ ᠤᠷᠤᠭᠤ ᠬᠥᠮᠦᠰ ᠢ ᠶᠠᠪᠤᠭᠤᠯᠤᠭᠠᠳ ᠲᠡᠳᠡᠨ ᠳᠦ᠄ 《ᠲᠡᠰᠢ ᠣᠴᠢᠭᠠᠳ᠂ ᠲᠡᠷᠡ ᠨᠤᠲᠤᠭ ᠢ ᠲᠠᠩᠨᠠ》 ᠭᠡᠰᠡᠨ ᠳᠦ᠂ ᠲᠡᠳᠡ ᠶᠠᠪᠤᠵᠤ ᠠᠢ ᠶᠢ ᠲᠠᠩᠨᠠᠪᠠ᠃ 3 ᠲᠡᠳᠡ ᠪᠤᠴᠠᠵᠤ ᠢᠷᠡᠭᠡᠳ ᠶᠣᠱᠦ᠋ᠶ᠎ᠠ ᠳᠤ᠄ 《ᠪᠦᠬᠦ ᠠᠷᠠᠳ ᠣᠯᠠᠨ ᠢ ᠶᠠᠪᠤᠭᠤᠯᠬᠤ ᠬᠡᠷᠡᠭ ᠦᠭᠡᠢ᠃ ᠬᠣᠶᠠᠷ ᠭᠤᠷᠪᠠᠬᠠᠨ ᠮᠢᠩ᠋ᠭᠠᠨ ᠬᠥᠮᠦᠨ ᠶᠠᠪᠤᠭᠤᠯᠤᠭᠠᠳ ᠴᠣᠬᠢᠭᠤᠯᠪᠠᠯ ᠪᠣᠯᠴᠢᠬᠠᠨ᠎ᠠ᠃ ᠠᠢ ᠬᠣᠲᠠ ᠶᠢᠨ ᠬᠢᠨ ᠴᠥᠭᠡᠬᠦᠯᠡ ᠪᠠᠢᠨ᠎ᠠ᠂ ᠪᠦᠬᠦ ᠬᠥᠮᠦᠨ ᠢᠶᠡᠨ ᠲᠡᠨᠳᠡ ᠵᠦᠳᠡᠷᠡᠭᠦᠯᠬᠦ ᠬᠡᠷᠡᠭ ᠦᠭᠡᠢ》 ᠭᠡᠪᠡ᠃ 4 ᠡᠢᠨ ᠬᠦ ᠠᠷᠠᠳ ᠣᠯᠠᠨ ᠠᠴᠠ ᠭᠤᠷᠪᠠᠨ ᠮᠢᠩ᠋ᠭ᠎ᠠ ᠣᠷᠴᠢᠮ ᠬᠥᠮᠦᠨ ᠲᠡᠰᠢ ᠣᠴᠢᠭᠰᠠᠨ ᠪᠣᠯᠪᠠᠴᠤ ᠠᠢᠴᠤᠳ ᠲᠤ ᠪᠤᠲᠠ ᠴᠣᠬᠢᠭᠳᠠᠵᠠᠢ᠃ 5 ᠠᠢᠴᠤᠳ ᠲᠡᠳᠡᠨ ᠡᠴᠡ ᠪᠠᠷᠤᠭ ᠭᠤᠴᠢᠨ ᠵᠢᠷᠭᠤᠭᠠᠨ ᠬᠥᠮᠦᠨ ᠢ ᠠᠯᠠᠵᠤ᠂ ᠬᠠᠭᠠᠯᠭᠠᠨ ᠠᠴᠠ ᠪᠠᠨ ᠱᠧᠪᠠᠷᠢᠮ ᠬᠦᠷᠲᠡᠯ᠎ᠡ ᠬᠥᠭᠡᠭᠡᠵᠦ᠂ ᠪᠡᠯ ᠭᠠᠵᠠᠷ ᠲᠤ ᠲᠡᠳᠡᠨ ᠢ ᠴᠣᠬᠢᠭᠰᠠᠨ ᠳᠤ᠂ ᠠᠷᠠᠳ ᠣᠯᠠᠨ ᠤ ᠵᠢᠷᠦᠬᠡ ᠨᠢ ᠬᠠᠢᠯᠵᠤ ᠤᠰᠤ ᠮᠡᠲᠦ ᠪᠣᠯᠪᠠ᠃
6 ᠶᠣᠱᠦ᠋ᠶ᠎ᠠ ᠬᠤᠪᠴᠠᠰᠤ ᠪᠠᠨ ᠤᠷᠠᠭᠠᠳ ᠢᠰᠷᠧᠯ ᠤᠨ ᠠᠬᠠᠮᠠᠳ ᠤᠳ ᠲᠠᠢ ᠬᠠᠮᠲᠤ ᠶᠣᠬᠣᠸᠠ ᠶᠢᠨ ᠠᠪᠳᠠᠷ᠎ᠠ ᠶᠢᠨ ᠡᠮᠦᠨ᠎ᠡ ᠨᠢᠭᠤᠷ ᠢᠶᠠᠨ ᠭᠠᠵᠠᠷ ᠲᠤ ᠨᠠᠭᠠᠵᠤ᠂ ᠲᠣᠯᠣᠭᠠᠢ ᠳᠡᠭᠡᠷ᠎ᠡ ᠪᠡᠨ ᠦᠨᠡᠰᠦ ᠰᠠᠴᠤᠵᠤ ᠦᠳᠡᠰᠢ ᠪᠣᠯᠲᠠᠯ᠎ᠠ ᠲᠡᠨᠳᠡ ᠪᠠᠢᠪᠠ᠃ 7 ᠶᠣᠱᠦ᠋ᠶ᠎ᠠ᠄ 《ᠠᠢ᠂ ᠶᠣᠬᠣᠸᠠ ᠪᠤᠷᠬᠠᠨ᠂ ᠲᠠ ᠶᠠᠭᠤᠨ ᠳᠤ ᠡᠨᠡ ᠠᠷᠠᠳ ᠣᠯᠠᠨ ᠢ ᠶᠣᠷᠳᠠᠨ ᠢ ᠭᠠᠲᠤᠯᠤᠭᠤᠯᠤᠭᠰᠠᠨ ᠤ ᠪᠠᠨ ᠳᠠᠷᠠᠭ᠎ᠠ᠂ ᠠᠮᠣᠷᠢᠴᠤᠳ ᠤᠨ ᠭᠠᠷ ᠲᠤ ᠥᠭᠴᠦ᠂ ᠤᠰᠠᠳᠬᠠᠭᠤᠯᠬᠤ ᠭᠡᠵᠦ ᠪᠠᠢᠨ᠎ᠠ ᠪᠤᠢ︖ ᠪᠢᠳᠡ ᠶᠣᠷᠳᠠᠨ ᠤ ᠨᠥᠭᠥᠭᠡ ᠲᠠᠯ᠎ᠠ ᠳᠠᠭᠠᠨ ᠰᠡᠳᠬᠢᠯ ᠬᠠᠩ᠋ᠭᠠᠯᠤᠭᠤᠨ ᠰᠠᠭᠤᠭᠰᠠᠭᠠᠷ ᠪᠠᠢᠭᠰᠠᠨ ᠴᠤ ᠪᠣᠯᠣᠭᠠᠰᠠᠢ︕ 8 ᠡᠵᠡᠨ ᠮᠢᠨᠢ᠂ ᠢᠰᠷᠧᠯ ᠳᠠᠢᠰᠤᠨ ᠳᠠᠭᠠᠨ ᠪᠤᠲᠠ ᠴᠣᠬᠢᠭᠳᠠᠭᠰᠠᠨ ᠠᠴᠠ ᠬᠣᠢᠰᠢ ᠪᠢ ᠶᠠᠭᠤ ᠬᠡᠯᠡᠬᠦ ᠪᠢᠯᠡ︖ 9 ᠺᠠᠨᠠᠨᠴᠤᠳ ᠪᠣᠯᠣᠨ ᠡᠨᠡ ᠭᠠᠵᠠᠷ ᠤᠨ ᠪᠦᠬᠦ ᠰᠠᠭᠤᠭᠠᠯᠢᠴᠢᠳ ᠡᠭᠦᠨ ᠢ ᠰᠣᠨᠣᠰᠪᠠᠯ᠂ ᠪᠢᠳᠡᠨ ᠢ ᠪᠦᠰᠡᠯᠡᠨ᠂ ᠭᠠᠵᠠᠷ ᠳᠡᠯᠡᠬᠡᠢ ᠡᠴᠡ ᠨᠡᠷ᠎ᠡ ᠶᠢ ᠮᠠᠨᠢ ᠠᠷᠴᠢᠬᠤ ᠪᠣᠯᠣᠨ᠎ᠠ᠃ ᠲᠡᠭᠡᠬᠦ ᠳᠦᠨᠢ ᠲᠠ ᠠᠭᠤᠤ ᠠᠯᠳᠠᠷ ᠤᠨ ᠢᠶᠠᠨ ᠲᠥᠯᠥᠭᠡ ᠶᠠᠭᠤ ᠬᠢᠬᠦ ᠶᠤᠮ ᠪᠤᠢ︖》 ᠭᠡᠯᠡ᠃
10 ᠶᠣᠬᠣᠸᠠ ᠶᠣᠱᠦ᠋ᠶ᠎ᠠ ᠳᠤ᠄ 《ᠪᠣᠰ᠂ ᠴᠢ ᠶᠠᠭᠤᠨ ᠳᠤ ᠡᠢᠨ ᠬᠦ ᠨᠢᠭᠤᠷ ᠢᠶᠠᠨ ᠨᠠᠭᠠᠭᠰᠠᠭᠠᠷ ᠪᠠᠢᠨ᠎ᠠ ᠪᠤᠢ︖ 11 ᠢᠰᠷᠧᠯ ᠨᠢᠭᠦᠯ ᠦᠢᠯᠡᠳᠦᠭᠰᠡᠨ︕ ᠮᠢᠨᠦ ᠲᠤᠰᠢᠶᠠᠭᠰᠠᠨ ᠭᠡᠷ᠎ᠡ ᠶᠢ ᠲᠡᠳᠡ ᠵᠥᠷᠢᠴᠡᠭᠰᠡᠨ᠃ ᠤᠰᠠᠳᠬᠠᠨ ᠡᠷᠭᠦᠬᠦ ᠵᠦᠢᠯᠡᠰ ᠡᠴᠡ ᠠᠪᠤᠭᠰᠠᠨ᠂ ᠬᠤᠯᠠᠭᠠᠢ ᠬᠢᠭᠰᠡᠨ᠂ ᠬᠠᠭᠤᠷᠮᠠᠴᠢ ᠵᠠᠩ ᠭᠠᠷᠭᠠᠭᠰᠠᠨ᠂ ᠲᠡᠭᠦᠨ ᠢ ᠡᠳ᠋ ᠵᠦᠢᠯᠡᠰ ᠦᠨ ᠢᠶᠠᠨ ᠳᠤᠮᠳᠠ ᠲᠠᠯᠪᠢᠭᠰᠠᠨ᠃ 12 ᠢᠰᠷᠧᠯᠴᠦᠳ ᠥᠪᠡᠷᠰᠡᠳ ᠢᠶᠡᠨ ᠤᠰᠠᠳᠬᠠᠨ ᠡᠷᠭᠦᠬᠦ ᠵᠦᠢᠯ ᠪᠣᠯᠣᠭᠰᠠᠨ ᠤᠴᠢᠷ ᠠᠴᠠ ᠳᠠᠢᠰᠤᠨ ᠨᠤᠭᠤᠳ ᠤᠨ ᠢᠶᠠᠨ ᠡᠮᠦᠨ᠎ᠡ ᠵᠣᠭᠰᠣᠵᠤ ᠦᠯᠦ ᠴᠢᠳᠠᠨ᠂ ᠨᠢᠷᠤᠭᠤ ᠪᠠᠨ ᠬᠠᠷᠠᠭᠤᠯᠤᠨ ᠵᠢᠭᠤᠲᠠᠬᠤ ᠪᠣᠯᠣᠯ᠎ᠠ᠃ ᠲᠠ ᠨᠠᠷ ᠥᠪᠡᠷᠰᠡᠳ ᠦᠨ ᠢᠶᠠᠨ ᠳᠣᠲᠣᠷ᠎ᠠ ᠠᠴᠠ ᠲᠡᠷᠡ ᠬᠦ ᠤᠰᠠᠳᠬᠠᠨ ᠡᠷᠭᠦᠬᠦ ᠵᠦᠢᠯᠡᠰ ᠢ ᠪᠦᠭᠦᠳᠡ ᠶᠢ ᠤᠰᠠᠳᠬᠠᠬᠤ ᠠᠴᠠ ᠨᠠᠰᠢ ᠪᠢ ᠲᠠ ᠨᠠᠷ ᠲᠠᠢ ᠳᠠᠬᠢᠨ ᠬᠠᠮᠲᠤ ᠪᠠᠢᠬᠤ ᠦᠭᠡᠢ᠃ 13 ᠣᠳᠣ ᠴᠢ ᠶᠠᠪᠤᠵᠤ᠂ ᠠᠷᠠᠳ ᠣᠯᠠᠨ ᠢ ᠠᠷᠢᠭᠤᠰᠬ᠎ᠠ᠃ ᠲᠡᠳᠡᠨ ᠳᠦ᠄ 〈ᠮᠠᠷᠭᠠᠰᠢ ᠶᠢᠨ ᠲᠥᠯᠥᠭᠡ ᠥᠪᠡᠷᠰᠡᠳ ᠢ ᠪᠠᠨ ᠠᠷᠢᠭᠤᠰᠬᠠᠵᠠᠭᠠ〉 ᠭᠡᠵᠦ ᠵᠠᠬᠢ᠃ ᠤᠴᠢᠷ ᠨᠢ ᠢᠰᠷᠧᠯ ᠤᠨ ᠪᠤᠷᠬᠠᠨ ᠶᠣᠬᠣᠸᠠ᠄ 〈ᠢᠰᠷᠧᠯ ᠡ᠂ ᠲᠠ ᠨᠠᠷ ᠤᠨ ᠳᠤᠮᠳᠠ ᠤᠰᠠᠳᠬᠠᠨ ᠡᠷᠭᠦᠬᠦ ᠵᠦᠢᠯᠡᠰ ᠪᠠᠢᠨ᠎ᠠ᠂ ᠲᠡᠳᠡᠭᠡᠷ ᠢ ᠳᠣᠲᠣᠷ᠎ᠠ ᠠᠴᠠ ᠪᠠᠨ ᠵᠠᠢᠯᠠᠭᠤᠯᠬᠤ ᠠᠴᠠ ᠨᠠᠰᠢ ᠲᠠ ᠨᠠᠷ ᠳᠠᠢᠰᠤᠨ ᠢᠶᠠᠨ ᠳᠡᠢᠯᠵᠦ ᠴᠢᠳᠠᠬᠤ ᠦᠭᠡᠢ〉 ᠭᠡᠵᠦ ᠬᠡᠯᠡᠭᠰᠡᠨ ᠶᠤᠮ᠃ 14 ᠥᠷᠯᠥᠭᠡ ᠲᠠ ᠨᠠᠷ ᠣᠪᠣᠭ ᠣᠪᠣᠭ ᠢᠶᠠᠷ ᠢᠶᠠᠨ ᠭᠠᠷᠴᠤ ᠢᠷ᠎ᠡ᠃ ᠶᠣᠬᠣᠸᠠ ᠶᠢᠨ ᠢᠯᠭᠠᠵᠤ ᠠᠪᠬᠤ ᠣᠪᠣᠭ ᠨᠢ ᠠᠢᠮᠠᠭ ᠠᠢᠮᠠᠭ ᠢᠶᠠᠷ ᠢᠶᠠᠨ ᠢᠷᠡᠵᠦ᠂ ᠶᠣᠬᠣᠸᠠ ᠶᠢᠨ ᠢᠯᠭᠠᠵᠤ ᠠᠪᠬᠤ ᠠᠢᠮᠠᠭ ᠨᠢ ᠪᠦᠯᠢ ᠪᠦᠯᠢ ᠪᠠᠷ ᠢᠶᠠᠨ ᠢᠷᠡᠵᠦ᠂ ᠮᠥᠨ ᠶᠣᠬᠣᠸᠠ ᠶᠢᠨ ᠢᠯᠭᠠᠵᠤ ᠠᠪᠬᠤ ᠪᠦᠯᠢ ᠨᠢ ᠬᠥᠮᠦᠨ ᠨᠢᠭᠡ ᠪᠦᠷᠢ ᠪᠠᠷ ᠢᠶᠠᠨ ᠢᠷᠡᠭᠲᠦᠨ᠃ 15 ᠤᠰᠠᠳᠬᠠᠨ ᠡᠷᠭᠦᠬᠦ ᠵᠦᠢᠯᠡᠰ ᠢ ᠠᠪᠤᠭᠰᠠᠨ ᠬᠥᠮᠦᠨ᠂ ᠥᠪᠡᠷ ᠲᠡᠭᠡᠨ ᠪᠠᠢᠭ᠎ᠠ ᠪᠦᠬᠦᠨ ᠦ ᠪᠠᠨ ᠬᠠᠮᠲᠤ ᠭᠠᠯ ᠳᠤ ᠰᠢᠲᠠᠭᠠᠭᠳᠠᠨ᠎ᠠ᠃ ᠤᠴᠢᠷ ᠨᠢ ᠲᠡᠷᠡ ᠶᠣᠬᠣᠸᠠ ᠶᠢᠨ ᠭᠡᠷ᠎ᠡ ᠶᠢ ᠵᠥᠷᠢᠴᠡᠵᠦ᠂ ᠢᠰᠷᠧᠯ ᠳᠤ ᠰᠢᠪᠰᠢᠭ ᠲᠠᠷᠢᠭᠰᠠᠨ ᠶᠤᠮ》 ᠭᠡᠯᠡ᠃
ᠠᠺᠠᠨ ᠰᠢᠳᠬᠡᠯ ᠬᠦᠯᠢᠶᠡᠭᠰᠡᠨ ᠨᠢ
16 ᠢᠩᠭᠢᠭᠡᠳ ᠶᠣᠱᠦ᠋ᠶ᠎ᠠ ᠥᠷᠯᠥᠭᠡ ᠡᠷᠲᠡᠯᠡᠨ ᠪᠣᠰᠴᠤ᠂ ᠢᠰᠷᠧᠯ ᠢ ᠣᠪᠣᠭ ᠤᠳ ᠢᠶᠠᠷ ᠨᠢ ᠢᠷᠡᠭᠦᠯᠬᠦ ᠳᠦ᠂ ᠶᠦᠳᠠ ᠢᠯᠭᠠᠷᠠᠪᠠ᠃ 17 ᠶᠦᠳᠠ ᠶᠢᠨ ᠠᠢᠮᠠᠭ ᠤᠳ ᠢ ᠢᠷᠡᠭᠦᠯᠬᠦ ᠳᠦ᠂ ᠽᠧᠷᠠᠴᠤᠳ ᠢᠯᠭᠠᠷᠠᠪᠠ᠃ ᠽᠧᠷᠠᠴᠤᠳ ᠤᠨ ᠠᠢᠮᠠᠭ ᠢ ᠪᠦᠯᠢ ᠪᠦᠯᠢ ᠪᠠᠷ ᠨᠢ ᠢᠷᠡᠭᠦᠯᠬᠦ ᠳᠦ᠂ ᠽᠠᠪᠳᠢ ᠢᠯᠭᠠᠷᠠᠪᠠ᠃ 18 ᠶᠣᠱᠦ᠋ᠶ᠎ᠠ ᠲᠡᠭᠦᠨ ᠦ ᠪᠦᠯᠢ ᠶᠢᠨ ᠬᠢᠨ ᠤ ᠡᠷᠡᠴᠦᠳ ᠢ ᠨᠢᠭᠡ ᠨᠢᠭᠡ ᠪᠡᠷ ᠨᠢ ᠢᠷᠡᠭᠦᠯᠬᠦ ᠳᠦ᠂ ᠶᠦᠳᠠ ᠣᠪᠣᠭ ᠤᠨ ᠽᠧᠷᠠ ᠶᠢᠨ ᠵᠢᠴᠢ᠂ ᠽᠠᠪᠳᠢ ᠶᠢᠨ ᠠᠴᠢ᠂ ᠺᠠᠷᠮᠢ ᠶᠢᠨ ᠬᠦᠦ ᠠᠺᠠᠨ ᠢᠯᠭᠠᠷᠠᠪᠠ᠃ 19 ᠶᠣᠱᠦ᠋ᠶ᠎ᠠ ᠠᠺᠠᠨ ᠳᠤ᠄ 《ᠬᠦᠦ ᠮᠢᠨᠢ᠂ ᠢᠰᠷᠧᠯ ᠤᠨ ᠪᠤᠷᠬᠠᠨ ᠶᠣᠬᠣᠸᠠ ᠳᠤ ᠠᠯᠳᠠᠷ ᠮᠠᠭᠲᠠᠭᠠᠯ ᠢ ᠡᠷᠭᠦᠵᠦ᠂ ᠶᠠᠭᠤ ᠬᠢᠭᠰᠡᠨ ᠢᠶᠡᠨ ᠨᠠᠳᠠ ᠳᠤ ᠨᠢᠭᠤᠯ ᠦᠭᠡᠢ ᠬᠡᠯᠡ》 ᠭᠡᠬᠦ ᠳᠦ᠂ 20 ᠠᠺᠠᠨ ᠬᠠᠷᠢᠭᠤᠯᠤᠨ᠄ 《ᠦᠨᠡᠬᠡᠷ ᠪᠢ ᠢᠰᠷᠧᠯ ᠤᠨ ᠪᠤᠷᠬᠠᠨ ᠶᠣᠬᠣᠸᠠ ᠶᠢᠨ ᠡᠮᠦᠨ᠎ᠡ ᠨᠢᠭᠦᠯ ᠦᠢᠯᠡᠳᠦᠭᠰᠡᠨ᠃ ᠮᠢᠨᠦ ᠬᠢᠭᠰᠡᠨ ᠬᠡᠷᠡᠭ ᠭᠡᠪᠡᠯ᠂ 21 ᠣᠯᠵᠠᠨ ᠳᠣᠲᠣᠷ᠎ᠠ ᠰᠢᠨᠠᠷ ᠤᠨ ᠭᠣᠶᠣᠮᠰᠣᠭ ᠡᠮᠦᠰᠬᠡᠯ ᠲᠡᠢ ᠬᠠᠮᠲᠤ ᠬᠣᠶᠠᠷ ᠵᠠᠭᠤᠨ ᠱᠧᠺᠧᠯ 4 ᠮᠥᠩᠭᠥ ᠪᠣᠯᠣᠨ ᠲᠠᠪᠢᠨ ᠱᠧᠺᠧᠯ 5 ᠵᠢᠩ ᠲᠠᠢ ᠠᠯᠲᠠᠨ ᠭᠤᠯᠳᠤᠮᠠᠢ ᠪᠠᠢᠬᠤ ᠶᠢ ᠦᠵᠡᠭᠡᠳ᠂ ᠰᠢᠨᠤᠬᠠᠢᠷᠠᠨ ᠲᠡᠳᠡᠭᠡᠷ ᠢ ᠠᠪᠤᠭᠰᠠᠨ᠃ ᠲᠡᠳᠡᠭᠡᠷ ᠨᠢ ᠣᠳᠣ ᠮᠢᠨᠦ ᠮᠠᠢᠬᠠᠨ ᠤ ᠱᠠᠯᠠ ᠳᠣᠣᠷ᠎ᠠ ᠨᠢᠭᠤᠭᠠᠰᠤᠲᠠᠢ ᠪᠠᠢᠨ᠎ᠠ᠂ ᠬᠠᠮᠤᠭ ᠤᠨ ᠳᠣᠣᠷ᠎ᠠ ᠨᠢ ᠮᠥᠩᠭᠥ ᠪᠤᠢ》 ᠭᠡᠪᠡ᠃
22 ᠶᠣᠱᠦ᠋ᠶ᠎ᠠ ᠮᠠᠢᠬᠠᠨ ᠤᠷᠤᠭᠤ ᠬᠥᠮᠦᠰ ᠢ ᠶᠠᠪᠤᠭᠤᠯᠵᠤ᠂ ᠲᠡᠳᠡ ᠭᠦᠶᠦᠯᠳᠦᠨ ᠣᠴᠢᠵᠤ ᠦᠵᠡᠬᠦ ᠳᠦ᠂ ᠲᠡᠳᠡᠭᠡᠷ ᠵᠦᠢᠯᠡᠰ ᠪᠦᠭᠦᠳᠡ ᠮᠠᠢᠬᠠᠨ ᠤ ᠬᠢᠨᠢ ᠱᠠᠯᠠ ᠳᠣᠣᠷ᠎ᠠ ᠨᠢᠭᠤᠭᠠᠰᠤᠲᠠᠢ ᠪᠠᠢᠯ᠎ᠠ᠃ ᠬᠠᠮᠤᠭ ᠤᠨ ᠳᠣᠣᠷ᠎ᠠ ᠨᠢ ᠮᠥᠩᠭᠥ ᠪᠠᠢᠪᠠ᠃ 23 ᠲᠡᠳᠡ ᠮᠠᠢᠬᠠᠨ ᠠᠴᠠ ᠲᠡᠳᠡᠭᠡᠷ ᠢ ᠣᠯᠵᠤ᠂ ᠶᠣᠱᠦ᠋ᠶ᠎ᠠ ᠪᠣᠯᠣᠨ ᠪᠦᠬᠦ ᠢᠰᠷᠧᠯᠴᠦᠳ ᠦᠨ ᠡᠮᠦᠨ᠎ᠡ ᠠᠪᠴᠢᠷᠠᠭᠠᠳ ᠶᠣᠬᠣᠸᠠ ᠶᠢᠨ ᠡᠮᠦᠨ᠎ᠡ ᠠᠰᠬᠠᠪᠠ᠃ 24 ᠢᠩᠭᠢᠭᠡᠳ ᠶᠣᠱᠦ᠋ᠶ᠎ᠠ ᠽᠧᠷᠠ ᠶᠢᠨ ᠬᠦᠦ ᠠᠺᠠᠨ ᠢ ᠮᠥᠩᠭᠥ᠂ ᠡᠮᠦᠰᠬᠡᠯ᠂ ᠠᠯᠲᠠᠨ ᠭᠤᠯᠳᠤᠮᠠᠢ᠂ ᠮᠥᠨ ᠲᠡᠭᠦᠨ ᠦ ᠬᠥᠪᠡᠭᠦᠳ ᠥᠬᠢᠳ᠂ ᠦᠬᠡᠷ᠂ ᠡᠯᠵᠢᠭᠡ᠂ ᠬᠣᠨᠢ᠂ ᠮᠠᠢᠬᠠᠨ ᠬᠢᠭᠡᠳ ᠲᠡᠭᠦᠨ ᠳᠦ ᠪᠠᠢᠭᠰᠠᠨ ᠪᠦᠬᠦᠨ ᠲᠡᠢ ᠨᠢ ᠬᠠᠮᠲᠤ ᠪᠠᠷᠢᠵᠤ ᠠᠪᠤᠭᠠᠳ ᠪᠦᠬᠦ ᠢᠰᠷᠧᠯ ᠢ ᠳᠠᠭᠠᠭᠤᠯᠤᠨ ᠠᠺᠣᠷ 6 ᠤᠨ ᠬᠥᠨᠳᠡᠢ ᠳᠦ ᠬᠦᠷᠪᠡ᠃ 25 ᠶᠣᠱᠦ᠋ᠶ᠎ᠠ᠄ 《ᠴᠢ ᠶᠠᠭᠠᠬᠢᠨ ᠪᠢᠳᠡᠨ ᠳᠦ ᠭᠠᠢ ᠠᠪᠴᠢᠷᠠᠪᠠ︖ ᠥᠨᠥᠳᠥᠷ ᠶᠣᠬᠣᠸᠠ ᠴᠢᠮ᠎ᠠ ᠳᠤ ᠭᠠᠢ ᠠᠪᠴᠢᠷᠠᠨ᠎ᠠ》 ᠭᠡᠬᠦ ᠳᠦ᠂ ᠪᠦᠬᠦ ᠢᠰᠷᠧᠯ ᠲᠡᠭᠦᠨ ᠤᠷᠤᠭᠤ ᠴᠢᠯᠠᠭᠤ ᠰᠢᠳᠡᠪᠡ 7 ᠃ 26 ᠠᠺᠠᠨ ᠤ ᠳᠡᠭᠡᠷ᠎ᠡ ᠲᠣᠮᠣ ᠴᠢᠯᠠᠭᠤᠨ ᠣᠪᠣᠭ᠎ᠠ ᠪᠣᠰᠬᠠᠭᠰᠠᠨ ᠨᠢ ᠥᠨᠥ ᠬᠦᠷᠲᠡᠯ᠎ᠡ ᠪᠠᠢᠭᠰᠠᠭᠠᠷ ᠪᠠᠢᠨ᠎ᠠ᠃ ᠡᠢᠨ ᠬᠦ ᠶᠣᠬᠣᠸᠠ ᠶᠢᠨ ᠳᠣᠭᠰᠢᠨ ᠠᠭᠤᠷ ᠬᠢᠯᠢᠩ ᠨᠠᠮᠳᠠᠪᠠ᠃ ᠡᠭᠦᠨ ᠦ ᠤᠴᠢᠷ ᠢᠶᠠᠷ ᠲᠡᠷᠡ ᠭᠠᠵᠠᠷ ᠥᠨᠥᠳᠥᠷ ᠪᠣᠯᠲᠠᠯ᠎ᠠ ᠠᠺᠣᠷ 8 ᠤᠨ ᠬᠥᠨᠳᠡᠢ ᠬᠡᠮᠡᠨ ᠨᠡᠷᠡᠯᠡᠭᠳᠡᠭᠰᠡᠭᠡᠷ ᠢᠷᠡᠭᠰᠡᠨ ᠪᠠᠢᠨ᠎ᠠ᠃