1 2 3 4 5 6 7 8 9 10 11 12 13 14 15 16 17 18 19 20 21 22 23 24


ᠶᠣᠱᠦ᠋ᠶ᠎ᠠ ᠭᠤᠷᠪᠠ
 ᠶᠣᠷᠳᠠᠨ ᠢ ᠭᠠᠲᠤᠯᠪᠠ

1 ᠶᠣᠱᠦ᠋ᠶ᠎ᠠ ᠥᠷᠯᠥᠭᠡ ᠡᠷᠲᠡᠯᠡᠨ ᠪᠣᠰᠴᠤ ᠪᠦᠬᠦ ᠢᠰᠷᠧᠯᠴᠦᠳ ᠦᠨ ᠬᠠᠮᠲᠤ ᠬᠤᠸᠠᠢᠰᠠ ᠮᠣᠳᠣᠨ ᠣᠢ ᠠᠴᠠ ᠬᠥᠳᠡᠯᠦᠨ ᠶᠣᠷᠳᠠᠨ ᠳᠤ ᠬᠦᠷᠴᠦ᠂ ᠭᠠᠲᠤᠯᠬᠤ ᠠᠴᠠ ᠪᠠᠨ ᠡᠮᠦᠨ᠎ᠡ ᠲᠡᠨᠳᠡ ᠪᠡᠨ ᠪᠠᠭᠤᠳᠠᠯᠯᠠᠪᠠ᠃ 2 ᠭᠤᠷᠪᠠ ᠬᠣᠨᠣᠭ ᠤᠨ ᠳᠠᠷᠠᠭ᠎ᠠ ᠳᠠᠭᠠᠭᠠᠮᠠᠯ ᠤᠳ ᠬᠤᠸᠠᠷᠠᠨ ᠳᠤᠮᠳᠠᠭᠤᠷ ᠶᠠᠪᠤᠵᠤ᠂ 3 ᠠᠷᠠᠳ ᠣᠯᠠᠨ ᠳᠤ ᠵᠠᠬᠢᠨ᠄ 《ᠶᠣᠬᠣᠸᠠ ᠪᠤᠷᠬᠠᠨ ᠤ ᠴᠢᠨᠢ ᠭᠡᠷ᠎ᠡ ᠶᠢᠨ ᠠᠪᠳᠠᠷ᠎ᠠ ᠶᠢ ᠯᠧᠸᠢ ᠶᠢᠨ ᠲᠠᠬᠢᠯᠴᠢᠳ ᠳᠠᠮᠨᠠᠨ ᠶᠠᠪᠤᠬᠤ ᠶᠢ ᠲᠠ ᠨᠠᠷ ᠦᠵᠡᠪᠡᠯ ᠣᠷᠣᠨ ᠠᠴᠠ ᠪᠠᠨ ᠬᠥᠳᠡᠯᠵᠦ᠂ ᠠᠷᠤ ᠠᠴᠠ ᠨᠢ ᠳᠠᠭᠠᠨ ᠶᠠᠪᠤᠭᠲᠤᠨ᠃ 4 ᠲᠡᠭᠡᠪᠡᠯ ᠲᠠ ᠨᠠᠷ ᠤᠷᠢᠳᠤ ᠨᠢ ᠶᠠᠪᠤᠵᠤ ᠦᠵᠡᠭᠡ ᠦᠭᠡᠢ ᠡᠨᠡ ᠵᠠᠮ ᠢᠶᠠᠷ ᠶᠠᠭᠠᠬᠢᠵᠤ ᠶᠠᠪᠤᠬᠤ ᠪᠠᠨ ᠮᠡᠳᠡᠬᠦ ᠪᠣᠯᠣᠨ᠎ᠠ᠃ ᠬᠠᠷᠢᠨ ᠠᠪᠳᠠᠷ᠎ᠠ ᠪᠣᠯᠣᠨ ᠲᠠ ᠨᠠᠷ ᠤᠨ ᠬᠣᠭᠣᠷᠣᠨᠳᠣ ᠬᠣᠶᠠᠷ ᠮᠢᠩ᠋ᠭ᠎ᠠ ᠣᠷᠴᠢᠮ ᠲᠣᠬᠣᠢ 2 ᠵᠠᠢ ᠪᠠᠢᠬᠤ ᠶᠣᠰᠣᠲᠠᠢ᠃ ᠲᠡᠭᠦᠨ ᠳᠦ ᠪᠦᠦ ᠣᠢᠷᠠᠲᠤ》 ᠭᠡᠪᠡ᠃

5 ᠲᠡᠭᠡᠭᠡᠳ ᠶᠣᠱᠦ᠋ᠶ᠎ᠠ ᠠᠷᠠᠳ ᠣᠯᠠᠨ ᠳᠤ᠄ 《ᠥᠪᠡᠷᠰᠡᠳ ᠢ ᠪᠠᠨ ᠠᠷᠢᠭᠤᠰᠬ᠎ᠠ᠃ ᠮᠠᠷᠭᠠᠰᠢ ᠶᠣᠬᠣᠸᠠ ᠲᠠ ᠨᠠᠷ ᠤᠨ ᠳᠤᠮᠳᠠ ᠭᠠᠢᠬᠠᠮᠰᠢᠭᠲᠤ ᠵᠦᠢᠯᠡᠰ ᠢ ᠬᠢᠬᠦ ᠪᠣᠯᠣᠨ᠎ᠠ》 ᠭᠡᠪᠡ᠃ 6 ᠶᠣᠱᠦ᠋ᠶ᠎ᠠ ᠲᠠᠬᠢᠯᠴᠢᠳ ᠲᠤ᠄ 《ᠭᠡᠷ᠎ᠡ ᠶᠢᠨ ᠠᠪᠳᠠᠷ᠎ᠠ ᠶᠢ ᠳᠠᠮᠨᠠᠭᠠᠳ ᠠᠷᠠᠳ ᠣᠯᠠᠨ ᠢ ᠬᠣᠰᠢᠭᠤᠴᠢᠯᠠᠨ ᠭᠣᠣᠯ ᠢ ᠭᠠᠲᠤᠯ》 ᠭᠡᠰᠡᠨ ᠳᠦ᠂ ᠲᠡᠳᠡ ᠭᠡᠷ᠎ᠡ ᠶᠢᠨ ᠠᠪᠳᠠᠷ᠎ᠠ ᠶᠢ ᠳᠠᠮᠨᠠᠵᠤ ᠠᠷᠠᠳ ᠣᠯᠠᠨ ᠢ ᠬᠣᠰᠢᠭᠤᠴᠢᠯᠠᠨ ᠶᠠᠪᠤᠪᠠ᠃

7 ᠶᠣᠬᠣᠸᠠ ᠶᠣᠱᠦ᠋ᠶ᠎ᠠ ᠳᠤ᠄ 《ᠪᠢ ᠥᠨᠥᠳᠥᠷ ᠡᠴᠡ ᠡᠬᠢᠯᠡᠨ ᠴᠢᠮᠠᠶᠢ ᠪᠦᠬᠦ ᠢᠰᠷᠧᠯ ᠤᠨ ᠨᠢᠳᠦᠨ ᠳᠡᠭᠡᠷ᠎ᠡ ᠡᠷᠭᠦᠮᠵᠢᠯᠡᠨ᠎ᠡ᠃ ᠲᠡᠢᠨ ᠬᠦ ᠪᠢ ᠮᠣᠰᠧ ᠲᠠᠢ ᠬᠠᠮᠲᠤ ᠪᠠᠢᠭᠰᠠᠨ ᠤ ᠠᠳᠠᠯᠢ ᠴᠢᠮ᠎ᠠ ᠲᠠᠢ ᠬᠠᠮᠲᠤ ᠪᠠᠢᠬᠤ ᠪᠣᠯᠣᠨ᠎ᠠ ᠭᠡᠳᠡᠭ ᠢᠶᠡᠨ ᠲᠡᠳᠡᠨ ᠳᠦ ᠮᠡᠳᠡᠭᠦᠯᠦᠨ᠎ᠡ᠃ 8 ᠬᠠᠷᠢᠨ ᠴᠢ ᠭᠡᠷ᠎ᠡ ᠶᠢᠨ ᠠᠪᠳᠠᠷ᠎ᠠ ᠶᠢ ᠳᠠᠮᠨᠠᠭᠰᠠᠨ ᠲᠠᠬᠢᠯᠴᠢᠳ ᠲᠤ ᠲᠤᠰᠢᠶᠠᠨ᠄ 〈ᠶᠣᠷᠳᠠᠨ ᠤ ᠤᠰᠤᠨ ᠤ ᠬᠥᠪᠡᠭᠡᠨ ᠳᠦ ᠬᠦᠷᠪᠡᠯ ᠶᠣᠷᠳᠠᠨ ᠳᠣᠲᠣᠷ᠎ᠠ ᠣᠷᠣᠵᠤ ᠵᠣᠭᠰᠣ〉 ᠭᠡᠵᠦ ᠬᠡᠯᠡᠬᠦ ᠶᠣᠰᠣᠲᠠᠢ》 ᠭᠡᠯ᠎ᠡ᠃ 9 ᠶᠣᠱᠦ᠋ᠶ᠎ᠠ ᠢᠰᠷᠧᠯᠴᠦᠳ ᠲᠦ᠄ 《ᠨᠠᠰᠢ ᠢᠷ᠎ᠠ᠂ ᠶᠣᠬᠣᠸᠠ ᠪᠤᠷᠬᠠᠨ ᠤ ᠪᠠᠨ ᠦᠭᠡ ᠶᠢ ᠰᠣᠨᠣᠰ᠂ 10 ᠠᠮᠢᠳᠤ ᠪᠤᠷᠬᠠᠨ ᠲᠠ ᠨᠠᠷ ᠤᠨ ᠳᠤᠮᠳᠠ ᠪᠠᠢᠨ᠎ᠠ᠃ ᠲᠡᠷᠡ ᠲᠠ ᠨᠠᠷ ᠤᠨ ᠡᠮᠦᠨ᠎ᠡ ᠺᠠᠨᠠᠨᠴᠤᠳ᠂ ᠾᠢᠲ᠋ᠴᠦᠳ᠂ ᠾᠢᠸᠢᠴᠦᠳ᠂ ᠫᠧᠷᠢᠽᠴᠦᠳ᠂ ᠭᠢᠷᠭᠠᠱᠴᠤᠳ᠂ ᠠᠮᠣᠷᠢᠴᠤᠳ ᠪᠣᠯᠣᠨ ᠶᠧᠪᠦ᠋ᠰᠴᠦᠳ ᠢ ᠯᠠᠪᠲᠠᠢ ᠬᠥᠭᠡᠭᠡᠨ ᠵᠠᠢᠯᠠᠭᠤᠯᠬᠤ ᠪᠣᠯᠣᠨ᠎ᠠ︕ ᠡᠭᠦᠨ ᠢ ᠲᠠ ᠨᠠᠷ ᠣᠳᠣ ᠮᠡᠳᠡᠬᠦ ᠪᠣᠯᠣᠨ᠎ᠠ》 ᠭᠡᠰᠡᠨ ᠢᠶᠡᠨ᠂ 11 《ᠬᠠᠷᠠ᠂ ᠪᠦᠬᠦ ᠭᠠᠵᠠᠷ ᠳᠡᠯᠡᠬᠡᠢ ᠶᠢᠨ ᠡᠵᠡᠨ ᠦ ᠭᠡᠷ᠎ᠡ ᠶᠢᠨ ᠠᠪᠳᠠᠷ᠎ᠠ ᠲᠠ ᠨᠠᠷ ᠢ ᠬᠣᠰᠢᠭᠤᠴᠢᠯᠠᠨ ᠶᠣᠷᠳᠠᠨ ᠢ ᠭᠠᠲᠤᠯᠬᠤ ᠭᠡᠵᠦ ᠪᠠᠢᠨ᠎ᠠ︕ 12 ᠲᠠ ᠨᠠᠷ ᠣᠳᠣ ᠢᠰᠷᠧᠯ ᠤᠨ ᠣᠪᠣᠭ ᠪᠦᠷᠢ ᠡᠴᠡ ᠨᠢᠭᠡ ᠬᠥᠮᠦᠨ᠂ ᠪᠦᠭᠦᠳᠡ ᠠᠷᠪᠠᠨ ᠬᠣᠶᠠᠷ ᠬᠥᠮᠦᠨ ᠢ ᠰᠢᠯᠢᠵᠦ ᠭᠠᠷᠭ᠎ᠠ᠃ 13 ᠪᠦᠬᠦ ᠭᠠᠵᠠᠷ ᠳᠡᠯᠡᠬᠡᠢ ᠶᠢᠨ ᠡᠵᠡᠨ ᠶᠣᠬᠣᠸᠠ ᠶᠢᠨ ᠠᠪᠳᠠᠷ᠎ᠠ ᠶᠢ ᠳᠠᠮᠨᠠᠭᠰᠠᠨ ᠲᠠᠬᠢᠯᠴᠢᠳ ᠶᠣᠷᠳᠠᠨ ᠤ ᠤᠰᠤᠨ ᠳᠤ ᠬᠥᠯ ᠲᠠᠯᠪᠢᠩ᠋ᠭᠤᠲᠠ᠂ ᠶᠣᠷᠳᠠᠨ ᠤ ᠤᠷᠤᠰᠬᠠᠯ ᠲᠠᠰᠤᠯᠤᠭᠳᠠᠵᠤ ᠳᠡᠭᠡᠷ᠎ᠡ ᠡᠴᠡ ᠤᠷᠤᠰᠴᠤ ᠪᠠᠢᠭ᠎ᠠ ᠤᠰᠤ ᠣᠪᠣᠭᠠᠷᠠᠨ ᠲᠣᠭᠲᠠᠬᠤ ᠪᠣᠯᠣᠨ᠎ᠠ》 ᠭᠡᠪᠡ᠃

14 ᠢᠩᠭᠢᠭᠡᠳ ᠠᠷᠠᠳ ᠣᠯᠠᠨ ᠶᠣᠷᠳᠠᠨ ᠢ ᠭᠠᠲᠤᠯᠬᠤ ᠪᠠᠷ ᠮᠠᠢᠬᠠᠨ ᠢᠶᠠᠨ ᠪᠠᠭᠤᠯᠭᠠᠨ ᠬᠥᠳᠡᠯᠬᠦ ᠳᠦ᠂ ᠭᠡᠷ᠎ᠡ ᠶᠢᠨ ᠠᠪᠳᠠᠷ᠎ᠠ ᠶᠢ ᠳᠠᠮᠨᠠᠭᠰᠠᠨ ᠲᠠᠬᠢᠯᠴᠢᠳ ᠠᠷᠠᠳ ᠲᠦᠮᠡᠨ ᠢ ᠬᠣᠰᠢᠭᠤᠴᠢᠯᠠᠨ ᠶᠠᠪᠤᠵᠤ ᠪᠠᠢᠯ᠎ᠠ᠃ 15 ᠤᠷᠭᠤᠴᠠ ᠬᠤᠷᠢᠶᠠᠯᠲᠠ ᠶᠢᠨ ᠦᠶ᠎ᠡ ᠪᠣᠯᠵᠤ ᠶᠣᠷᠳᠠᠨ ᠤ ᠤᠰᠤ ᠡᠷᠭᠢ ᠪᠠᠨ ᠬᠠᠯᠢᠨ ᠦᠶᠡᠷᠯᠡᠵᠦ ᠪᠠᠢᠪᠠ᠃ ᠬᠠᠷᠢᠨ ᠠᠪᠳᠠᠷ᠎ᠠ ᠶᠢ ᠳᠠᠮᠨᠠᠭᠰᠠᠨ ᠲᠠᠬᠢᠯᠴᠢᠳ ᠶᠣᠷᠳᠠᠨ ᠳᠤ ᠬᠦᠷᠴᠦ ᠬᠥᠯ ᠢᠶᠡᠨ ᠤᠰᠤᠨ ᠤ ᠵᠠᠬ᠎ᠠ ᠳᠤ ᠳᠦᠷᠦᠮᠡᠭᠴᠡ᠂ 16 ᠳᠡᠭᠡᠷ᠎ᠡ ᠲᠠᠯ᠎ᠠ ᠠᠴᠠ ᠤᠷᠤᠰᠴᠤ ᠪᠠᠢᠭ᠎ᠠ ᠤᠰᠤ ᠵᠣᠭᠰᠣᠵᠤ ᠨᠡᠯᠢᠶᠡᠳ ᠬᠣᠯᠠ ᠽᠠᠷᠧᠲ᠋ᠠᠨ ᠤ ᠣᠢᠷᠠᠯᠴᠠᠭ᠎ᠠ ᠣᠷᠣᠰᠢᠬᠤ ᠠᠳᠠᠮ ᠬᠣᠲᠠ ᠬᠦᠷᠲᠡᠯ᠎ᠡ ᠣᠪᠣᠭᠠᠷᠠᠭᠠᠳ ᠠᠷᠠᠪᠠ᠂ ᠲᠤᠬᠠᠢᠯᠠᠪᠠᠯ ᠳᠠᠪᠤᠰᠤᠲᠤ ᠲᠠᠩᠭᠢᠰ ᠤᠷᠤᠭᠤ ᠤᠷᠤᠰᠴᠤ ᠪᠠᠢᠭ᠎ᠠ ᠤᠰᠤ ᠪᠦᠷᠢᠮᠦᠰᠦᠨ ᠲᠠᠰᠤᠷᠠᠵᠠᠢ᠃ ᠲᠡᠭᠡᠭᠡᠳ ᠠᠷᠠᠳ ᠣᠯᠠᠨ ᠭᠠᠲᠤᠯᠵᠤ ᠶᠧᠷᠢᠺᠣ ᠶᠢᠨ ᠣᠢᠷᠠᠯᠴᠠᠭ᠎ᠠ ᠬᠦᠷᠪᠡ᠃ 17 ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠳᠠᠮᠨᠠᠭᠰᠠᠨ ᠲᠠᠬᠢᠯᠴᠢᠳ ᠶᠣᠷᠳᠠᠨ ᠭᠣᠣᠯ ᠤᠨ ᠲᠡᠭ ᠳᠤᠮᠳᠠ ᠬᠠᠭᠤᠷᠠᠢ ᠭᠠᠵᠠᠷ ᠳᠡᠭᠡᠷ᠎ᠡ ᠪᠠᠲᠤ ᠵᠣᠭᠰᠣᠵᠤ ᠪᠠᠢᠬᠤ ᠳᠤ᠂ ᠪᠦᠬᠦ ᠢᠰᠷᠧᠯ ᠬᠠᠭᠤᠷᠠᠢ ᠭᠠᠵᠠᠷ ᠢᠶᠠᠷ ᠥᠩᠭᠡᠷᠡᠵᠦ ᠪᠦᠬᠦ ᠦᠨᠳᠦᠰᠦᠲᠡᠨ ᠢᠶᠡᠷ ᠢᠶᠠᠨ ᠶᠣᠷᠳᠠᠨ ᠢ ᠭᠠᠲᠤᠯᠵᠤ ᠳᠠᠭᠤᠰᠤᠭᠰᠠᠨ ᠪᠠᠢᠨ᠎ᠠ᠃