ᠶᠣᠱᠦ᠋ᠶ᠎ᠠ ᠳᠥᠷᠪᠡ
ᠳᠤᠷᠠᠰᠬᠠᠯ ᠤᠨ ᠴᠢᠯᠠᠭᠤ ᠨᠤᠭᠤᠳ
1 ᠢᠩᠭᠢᠭᠡᠳ ᠪᠦᠬᠦ ᠦᠨᠳᠦᠰᠦᠲᠡᠨ ᠢᠶᠡᠷ ᠢᠶᠠᠨ ᠶᠣᠷᠳᠠᠨ ᠢ ᠭᠠᠲᠤᠯᠵᠤ ᠳᠠᠭᠤᠰᠬᠤ ᠳᠤ᠂ ᠶᠣᠬᠣᠸᠠ ᠶᠣᠱᠦ᠋ᠶ᠎ᠠ ᠳᠤ ᠠᠢᠯᠠᠳᠤᠨ᠄ 2 《ᠴᠢ ᠣᠪᠣᠭ ᠪᠦᠷᠢ ᠡᠴᠡ ᠨᠢᠭᠡ ᠬᠥᠮᠦᠨ ᠢ ᠰᠢᠯᠢᠵᠦ᠂ ᠠᠷᠠᠳ ᠲᠦᠮᠡᠨ ᠡᠴᠡ ᠨᠡᠢᠲᠡ ᠠᠷᠪᠠᠨ ᠬᠣᠶᠠᠷ ᠬᠥᠮᠦᠨ ᠠᠪ᠃ 3 ᠲᠡᠭᠡᠭᠡᠳ ᠲᠡᠳᠡᠨ ᠳᠦ᠄ 〈ᠡᠨᠡ ᠶᠣᠷᠳᠠᠨ ᠤ ᠲᠡᠭ ᠳᠤᠮᠳᠠ᠂ ᠲᠠᠬᠢᠯᠴᠢᠳ ᠤᠨ ᠬᠥᠯ ᠪᠠᠲᠤ ᠵᠣᠭᠰᠣᠵᠤ ᠪᠠᠢᠭᠰᠠᠨ ᠭᠠᠵᠠᠷ ᠠᠴᠠ ᠠᠷᠪᠠᠨ ᠬᠣᠶᠠᠷ ᠴᠢᠯᠠᠭᠤ ᠠᠪᠴᠢᠷᠠᠭᠠᠳ᠂ ᠡᠨᠡ ᠰᠥᠨᠢ ᠶᠢᠨ ᠪᠠᠭᠤᠳᠠᠯᠯᠠᠬᠤ ᠭᠠᠵᠠᠷ ᠲᠠᠭᠠᠨ ᠲᠠᠯᠪᠢ〉 ᠭᠡᠵᠦ ᠵᠠᠬᠢ》 ᠭᠡᠵᠡᠢ᠃ 4 ᠶᠣᠱᠦ᠋ᠶ᠎ᠠ ᠣᠪᠣᠭ ᠪᠦᠷᠢ ᠡᠴᠡ ᠨᠢᠭᠡ ᠬᠥᠮᠦᠨ᠂ ᠢᠰᠷᠧᠯᠴᠦᠳ ᠡᠴᠡ ᠲᠣᠮᠢᠯᠠᠭᠰᠠᠨ ᠠᠷᠪᠠᠨ ᠬᠣᠶᠠᠷ ᠬᠥᠮᠦᠨ ᠢᠶᠡᠨ ᠳᠠᠭᠤᠳᠠᠭᠠᠳ᠂ 5 ᠲᠡᠳᠡᠨ ᠳᠦ᠄ 《ᠶᠣᠬᠣᠸᠠ ᠪᠤᠷᠬᠠᠨ ᠤ ᠪᠠᠨ ᠠᠪᠳᠠᠷ᠎ᠠ ᠶᠢᠨ ᠡᠮᠦᠨᠡᠭᠦᠷ ᠶᠣᠷᠳᠠᠨ ᠤ ᠲᠡᠭ ᠳᠤᠮᠳᠠ ᠣᠴᠢᠵᠤ᠂ ᠢᠰᠷᠧᠯᠴᠦᠳ ᠦᠨ ᠣᠪᠣᠭ ᠤᠨ ᠲᠣᠭ᠎ᠠ ᠪᠠᠷ ᠬᠥᠮᠦᠨ ᠪᠦᠷᠢ ᠮᠥᠷᠥᠨ ᠳᠡᠭᠡᠷ᠎ᠡ ᠪᠡᠨ ᠨᠢᠭᠡ ᠴᠢᠯᠠᠭᠤ ᠡᠭᠦᠷᠴᠦ ᠠᠪᠴᠢᠷᠠ᠃ 6 ᠡᠳᠡᠭᠡᠷ ᠨᠢ ᠲᠠ ᠨᠠᠷ ᠲᠤ ᠳᠤᠷᠠᠰᠬᠠᠯ ᠪᠣᠯᠣᠨ᠎ᠠ᠃ ᠬᠣᠵᠢᠮ ᠲᠠᠨ ᠤ ᠬᠡᠦᠬᠡᠳ ᠤᠳ᠄ 〈ᠡᠳᠡᠭᠡᠷ ᠨᠢ ᠶᠠᠭᠤᠨ ᠤ ᠴᠢᠯᠠᠭᠤ ᠪᠤᠢ︖〉 ᠭᠡᠵᠦ ᠠᠰᠠᠭᠤᠬᠤ ᠳᠤ᠂ 7 ᠲᠠ ᠨᠠᠷ᠄ 〈ᠶᠣᠬᠣᠸᠠ ᠶᠢᠨ ᠭᠡᠷ᠎ᠡ ᠶᠢᠨ ᠠᠪᠳᠠᠷ᠎ᠠ ᠶᠢᠨ ᠡᠮᠦᠨ᠎ᠡ ᠶᠣᠷᠳᠠᠨ ᠤ ᠤᠷᠤᠰᠬᠠᠯ ᠲᠠᠰᠤᠯᠤᠭᠳᠠᠭᠰᠠᠨ ᠶᠤᠮ᠃ ᠲᠡᠷᠡ ᠠᠪᠳᠠᠷ᠎ᠠ ᠶᠣᠷᠳᠠᠨ ᠢ ᠭᠠᠲᠤᠯᠤᠨ ᠭᠠᠷᠬᠤ ᠦᠶ᠎ᠡ ᠳᠦ᠂ ᠶᠣᠷᠳᠠᠨ ᠤ ᠤᠰᠤ ᠲᠠᠰᠤᠯᠤᠭᠳᠠᠭᠰᠠᠨ ᠤᠴᠢᠷ ᠠᠴᠠ ᠡᠳᠡᠭᠡᠷ ᠴᠢᠯᠠᠭᠤ ᠨᠢ ᠢᠰᠷᠧᠯᠴᠦᠳ ᠲᠦ ᠮᠥᠩᠬᠡ ᠶᠢᠨ ᠳᠤᠷᠠᠰᠬᠠᠯ ᠪᠣᠯᠣᠭᠰᠠᠨ ᠶᠤᠮ〉 ᠭᠡᠵᠦ ᠬᠡᠯᠡ》 ᠭᠡᠪᠡ᠃
8 ᠢᠰᠷᠧᠯᠴᠦᠳ ᠶᠣᠱᠦ᠋ᠶ᠎ᠠ ᠶᠢᠨ ᠲᠤᠰᠢᠶᠠᠭᠰᠠᠨ ᠶᠣᠰᠣᠭᠠᠷ ᠭᠦᠢᠴᠡᠳᠬᠡᠪᠡ᠃ ᠲᠡᠳᠡ ᠶᠣᠬᠣᠸᠠ ᠶᠢᠨ ᠶᠣᠱᠦ᠋ᠶ᠎ᠠ ᠳᠤ ᠠᠢᠯᠠᠳᠤᠭᠰᠠᠨ ᠶᠣᠰᠣᠭᠠᠷ ᠢᠰᠷᠧᠯᠴᠦᠳ ᠦᠨ ᠣᠪᠣᠭ ᠤᠨ ᠲᠣᠭ᠎ᠠ ᠪᠠᠷ ᠶᠣᠷᠳᠠᠨ ᠤ ᠲᠡᠭ ᠳᠤᠮᠳᠠ ᠠᠴᠠ ᠠᠷᠪᠠᠨ ᠬᠣᠶᠠᠷ ᠴᠢᠯᠠᠭᠤ ᠠᠪᠴᠢᠷᠠᠵᠤ ᠪᠠᠭᠤᠳᠠᠯᠯᠠᠬᠤ ᠭᠠᠵᠠᠷ ᠲᠠᠭᠠᠨ ᠲᠠᠯᠪᠢᠪᠠ᠃ 9 ᠶᠣᠱᠦ᠋ᠶ᠎ᠠ ᠶᠣᠷᠳᠠᠨ ᠤ ᠲᠡᠭ ᠳᠤᠮᠳᠠ᠂ ᠭᠡᠷ᠎ᠡ ᠶᠢᠨ ᠠᠪᠳᠠᠷ᠎ᠠ ᠶᠢ ᠳᠠᠮᠨᠠᠭᠰᠠᠨ ᠲᠠᠬᠢᠯᠴᠢᠳ ᠤᠨ ᠵᠣᠭᠰᠣᠵᠤ ᠪᠠᠢᠭᠰᠠᠨ ᠲᠡᠷᠡ ᠭᠠᠵᠠᠷ ᠠᠴᠠ ᠠᠷᠪᠠᠨ ᠬᠣᠶᠠᠷ ᠴᠢᠯᠠᠭᠤ ᠠᠪᠴᠢᠷᠠᠵᠤ ᠪᠣᠰᠬᠠᠭᠰᠠᠨ ᠳᠤ᠂ ᠲᠡᠳᠡᠭᠡᠷ ᠴᠢᠯᠠᠭᠤ ᠨᠢ ᠥᠨᠥ ᠪᠣᠯᠲᠠᠯ᠎ᠠ ᠲᠡᠨᠳᠡ ᠪᠠᠢᠭ᠎ᠠ ᠪᠢᠯᠡ᠃ 10 ᠶᠣᠬᠣᠸᠠ ᠶᠢᠨ ᠶᠣᠱᠦ᠋ᠶ᠎ᠠ ᠳᠤ ᠲᠤᠰᠢᠶᠠᠨ ᠠᠷᠠᠳ ᠣᠯᠠᠨ ᠳᠤ ᠬᠡᠯᠡᠭᠦᠯᠦᠭᠰᠡᠨ ᠦᠭᠡ ᠪᠣᠯᠭᠠᠨ ᠮᠣᠰᠧ ᠶᠢᠨ ᠶᠣᠱᠦ᠋ᠶ᠎ᠠ ᠳᠤ ᠵᠠᠬᠢᠭᠰᠠᠨ ᠶᠣᠰᠣᠭᠠᠷ ᠪᠡᠶᠡᠯᠡᠭᠳᠡᠵᠦ ᠳᠠᠭᠤᠰᠲᠠᠯ᠎ᠠ ᠠᠪᠳᠠᠷ᠎ᠠ ᠶᠢ ᠳᠠᠮᠨᠠᠭᠰᠠᠨ ᠲᠠᠬᠢᠯᠴᠢᠳ ᠶᠣᠷᠳᠠᠨ ᠤ ᠲᠡᠭ ᠳᠤᠮᠳᠠ ᠵᠣᠭᠰᠣᠭᠰᠠᠭᠠᠷ ᠪᠠᠢᠵᠤ᠂ ᠠᠷᠠᠳ ᠣᠯᠠᠨ ᠶᠠᠭᠠᠷᠠᠪᠴᠢᠯᠠᠨ ᠭᠠᠲᠤᠯᠪᠠ᠃ 11 ᠠᠷᠠᠳ ᠣᠯᠠᠨ ᠪᠦᠭᠦᠳᠡᠭᠡᠷ ᠭᠠᠲᠤᠯᠵᠤ ᠳᠠᠭᠤᠰᠤᠭᠰᠠᠨ ᠤ ᠳᠠᠷᠠᠭ᠎ᠠ᠂ ᠶᠣᠬᠣᠸᠠ ᠶᠢᠨ ᠠᠪᠳᠠᠷ᠎ᠠ ᠪᠠ ᠲᠠᠬᠢᠯᠴᠢᠳ ᠠᠷᠠᠳ ᠣᠯᠠᠨ ᠤ ᠨᠢᠳᠦᠨ ᠡᠮᠦᠨ᠎ᠡ ᠭᠠᠲᠤᠯᠤᠨ ᠭᠠᠷᠴᠠᠢ᠃
12 ᠷᠧᠣᠪᠧᠨᠴᠤᠳ᠂ ᠭᠠᠳ᠋ᠴᠤᠳ ᠬᠢᠭᠡᠳ ᠮᠠᠨᠠᠰᠧ ᠶᠢᠨ ᠬᠠᠭᠠᠰ ᠣᠪᠣᠭ ᠤᠨ ᠬᠢᠨ ᠵᠡᠪᠰᠡᠭᠯᠠᠭᠡᠳ ᠮᠣᠰᠧ ᠶᠢᠨ ᠲᠡᠳᠡᠨ ᠳᠦ ᠬᠡᠯᠡᠭᠰᠡᠨ ᠶᠣᠰᠣᠭᠠᠷ ᠢᠰᠷᠧᠯᠴᠦᠳ ᠢ ᠬᠣᠰᠢᠭᠤᠴᠢᠯᠠᠨ ᠭᠠᠲᠤᠯᠤᠨ ᠭᠠᠷᠤᠭᠰᠠᠨ ᠪᠠᠢᠯ᠎ᠠ᠃ 13 ᠲᠡᠳᠡᠨ ᠦ ᠳᠥᠷᠪᠡᠨ ᠲᠦᠮᠡᠨ ᠬᠥᠮᠦᠨ ᠨᠢ ᠵᠡᠪᠰᠡᠭᠯᠡᠭᠡᠳ ᠲᠡᠢᠨ ᠳᠤ ᠣᠷᠣᠯᠴᠠᠬᠤ ᠪᠠᠷ ᠶᠣᠬᠣᠸᠠ ᠶᠢᠨ ᠡᠮᠦᠨ᠎ᠡ ᠭᠠᠲᠤᠯᠤᠨ ᠭᠠᠷᠴᠤ ᠶᠧᠷᠢᠺᠣ ᠶᠢᠨ ᠲᠠᠯ᠎ᠠ ᠳᠤ ᠬᠦᠷᠪᠡ᠃
14 ᠲᠡᠷᠡ ᠡᠳᠦᠷ ᠶᠣᠬᠣᠸᠠ ᠪᠦᠬᠦ ᠢᠰᠷᠧᠯ ᠤᠨ ᠨᠢᠳᠦᠨ ᠡᠮᠦᠨ᠎ᠡ ᠶᠣᠱᠦ᠋ᠶ᠎ᠠ ᠶᠢ ᠡᠷᠭᠦᠮᠵᠢᠯᠡᠭᠰᠡᠨ ᠲᠤᠯᠠ ᠠᠷᠠᠳ ᠣᠯᠠᠨ ᠮᠣᠰᠧ ᠡᠴᠡ ᠡᠮᠢᠶᠡᠭᠰᠡᠨ ᠲᠡᠢ ᠠᠳᠠᠯᠢ ᠶᠣᠱᠦ᠋ᠶ᠎ᠠ ᠠᠴᠠ ᠡᠮᠢᠶᠡᠵᠦ ᠪᠠᠢᠪᠠ᠃
15 ᠶᠣᠬᠣᠸᠠ ᠶᠣᠱᠦ᠋ᠶ᠎ᠠ ᠳᠤ ᠠᠢᠯᠠᠳᠤᠨ᠄ 16 《ᠭᠡᠷᠡᠴᠢᠯᠡᠯ ᠦᠨ ᠠᠪᠳᠠᠷ᠎ᠠ ᠶᠢ ᠳᠠᠮᠨᠠᠭᠰᠠᠨ ᠲᠠᠬᠢᠯᠴᠢᠳ ᠲᠤ ᠶᠣᠷᠳᠠᠨ ᠠᠴᠠ ᠭᠠᠷᠴᠤ ᠢᠷᠡᠬᠦ ᠶᠢ ᠲᠤᠰᠢᠶ᠎ᠠ》 ᠭᠡᠰᠡᠨ ᠳᠦ᠂ 17 ᠶᠣᠱᠦ᠋ᠶ᠎ᠠ ᠲᠠᠬᠢᠯᠴᠢᠳ ᠲᠤ ᠶᠣᠷᠳᠠᠨ ᠠᠴᠠ ᠭᠠᠷᠴᠤ ᠢᠷᠡᠬᠦ ᠶᠢ ᠲᠤᠰᠢᠶᠠᠪᠠ᠃ 18 ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠳᠠᠮᠨᠠᠭᠰᠠᠨ ᠲᠠᠬᠢᠯᠴᠢᠳ ᠶᠣᠷᠳᠠᠨ ᠤ ᠲᠡᠭ ᠳᠤᠮᠳᠠ ᠠᠴᠠ ᠭᠠᠷᠴᠤ ᠢᠷᠡᠭᠡᠳ ᠬᠠᠭᠤᠷᠠᠢ ᠭᠠᠵᠠᠷ ᠲᠤ ᠬᠥᠯ ᠲᠠᠯᠪᠢᠮᠠᠭᠴᠠ ᠶᠣᠷᠳᠠᠨ ᠤ ᠤᠰᠤ ᠬᠡᠪ ᠲᠡᠭᠡᠨ ᠣᠷᠣᠵᠤ᠂ ᠤᠷᠢᠳᠤ ᠶᠢᠨ ᠢᠶᠠᠨ ᠠᠳᠠᠯᠢ ᠡᠷᠭᠢ ᠪᠠᠨ ᠬᠠᠯᠢᠨ ᠤᠷᠤᠰᠪᠠ᠃
19 ᠠᠩ᠋ᠬᠠᠳᠤᠭᠠᠷ ᠰᠠᠷ᠎ᠠ ᠶᠢᠨ ᠠᠷᠪᠠᠨ ᠤ ᠡᠳᠦᠷ ᠠᠷᠠᠳ ᠣᠯᠠᠨ ᠶᠣᠷᠳᠠᠨ ᠠᠴᠠ ᠭᠠᠷᠴᠤ ᠶᠧᠷᠢᠺᠣ ᠶᠢᠨ ᠵᠡᠭᠦᠨ ᠬᠢᠵᠠᠭᠠᠷ ᠲᠤ ᠪᠤᠢ ᠭᠢᠯᠭᠠᠯ ᠳᠤ ᠪᠠᠭᠤᠳᠠᠯᠯᠠᠪᠠ᠃ 20 ᠲᠡᠳᠡᠨ ᠦ ᠶᠣᠷᠳᠠᠨ ᠠᠴᠠ ᠠᠪᠤᠭᠰᠠᠨ ᠥᠨᠥᠬᠢ ᠠᠷᠪᠠᠨ ᠬᠣᠶᠠᠷ ᠴᠢᠯᠠᠭᠤ ᠶᠢ ᠶᠣᠱᠦ᠋ᠶ᠎ᠠ ᠭᠢᠯᠭᠠᠯ ᠳᠤ ᠪᠣᠰᠬᠠᠵᠠᠢ᠃ 21 ᠶᠣᠱᠦ᠋ᠶ᠎ᠠ ᠢᠰᠷᠧᠯᠴᠦᠳ ᠲᠦ᠄ 《ᠬᠣᠵᠢᠮ ᠲᠠᠨ ᠤ ᠦᠷ᠎ᠡ ᠬᠡᠦᠬᠡᠳ ᠤᠳ ᠡᠴᠢᠭᠡ ᠡᠬᠡ ᠡᠴᠡ ᠪᠡᠨ᠄ 〈ᠡᠳᠡᠭᠡᠷ ᠨᠢ ᠶᠠᠭᠤᠨ ᠤ ᠴᠢᠯᠠᠭᠤ ᠨᠤᠭᠤᠳ ᠪᠤᠢ︖〉 ᠭᠡᠵᠦ ᠠᠰᠠᠭᠤᠪᠠᠯ᠂ 22 ᠲᠠ ᠨᠠᠷ᠄ 〈ᠢᠰᠷᠧᠯᠴᠦᠳ ᠡᠨᠡ ᠶᠣᠷᠳᠠᠨ ᠢ ᠬᠠᠭᠤᠷᠠᠢ ᠭᠠᠵᠠᠷ ᠢᠶᠠᠷ ᠭᠠᠲᠤᠯᠤᠭᠰᠠᠨ ᠶᠤᠮ〉 ᠭᠡᠵᠦ ᠬᠡᠯᠡᠵᠦ ᠥᠭ᠃ 23 ᠲᠠᠨ ᠤ ᠪᠤᠷᠬᠠᠨ ᠶᠣᠬᠣᠸᠠ ᠲᠠ ᠨᠠᠷ ᠢ ᠭᠠᠲᠤᠯᠵᠤ ᠳᠠᠭᠤᠰᠲᠠᠯ᠎ᠠ ᠶᠣᠷᠳᠠᠨ ᠤ ᠤᠰᠤ ᠶᠢ ᠲᠠ ᠨᠠᠷ ᠤᠨ ᠨᠢᠳᠦᠨ ᠡᠮᠦᠨ᠎ᠡ ᠰᠢᠷᠭᠢᠭᠡᠭᠰᠡᠨ᠂ ᠡᠨᠡ ᠨᠢ ᠶᠣᠬᠣᠸᠠ ᠪᠤᠷᠬᠠᠨ ᠪᠢᠳᠡᠨ ᠢ ᠤᠯᠠᠭᠠᠨ ᠲᠠᠩᠭᠢᠰ ᠢ ᠭᠠᠲᠤᠯᠵᠤ ᠳᠠᠭᠤᠰᠲᠠᠯ᠎ᠠ ᠪᠢᠳᠡᠨ ᠦ ᠡᠮᠦᠨ᠎ᠡ ᠲᠡᠷᠡ ᠤᠰᠤ ᠶᠢ ᠰᠢᠷᠭᠢᠭᠡᠭᠰᠡᠨ ᠲᠡᠢ ᠠᠳᠠᠯᠢ᠃ 24 ᠡᠭᠦᠨ ᠢᠶᠡᠷ ᠭᠠᠵᠠᠷ ᠳᠡᠯᠡᠬᠡᠢ ᠶᠢᠨ ᠬᠠᠮᠤᠭ ᠦᠨᠳᠦᠰᠦᠲᠡᠨ ᠶᠣᠬᠣᠸᠠ ᠶᠢᠨ ᠬᠦᠴᠦᠷᠬᠡᠭ ᠮᠤᠲᠤᠷ ᠢ ᠮᠡᠳᠡᠬᠦ ᠪᠥᠭᠡᠳ ᠲᠠ ᠨᠠᠷ ᠶᠣᠬᠣᠸᠠ ᠪᠤᠷᠬᠠᠨ ᠠᠴᠠ ᠪᠠᠨ ᠮᠥᠩᠬᠡᠳᠡ ᠡᠮᠢᠶᠡᠬᠦ ᠪᠣᠯᠣᠨ᠎ᠠ》 ᠭᠡᠪᠡ᠃