1 2 3 4 5 6 7 8 9 10 11 12 13 14 15 16 17 18 19 20 21 22 23 24


ᠶᠣᠱᠦ᠋ᠶ᠎ᠠ ᠠᠷᠪᠠᠨ ᠬᠣᠶᠠᠷ
 ᠶᠣᠷᠳᠠᠨ ᠤ ᠵᠡᠭᠦᠨ ᠲᠠᠯ᠎ᠠ ᠶᠢᠨ ᠨᠤᠲᠤᠭ ᠳᠡᠪᠢᠰᠬᠡᠷ

1 ᠢᠰᠷᠧᠯᠴᠦᠳ ᠶᠣᠷᠳᠠᠨ ᠤ ᠳᠣᠷᠣᠨ᠎ᠠ ᠲᠠᠯ᠎ᠠ᠂ ᠨᠠᠷᠠᠨ ᠮᠠᠨᠳᠤᠬᠤ ᠵᠦᠭ ᠲᠦ᠂ ᠲᠤᠬᠠᠢᠯᠠᠪᠠᠯ ᠠᠷᠨᠣᠨ ᠤ ᠬᠥᠨᠳᠡᠢ ᠡᠴᠡ ᠾᠧᠷᠮᠣᠨ ᠠᠭᠤᠯᠠ ᠬᠦᠷᠲᠡᠯᠡᠬᠢ᠂ ᠮᠥᠨ ᠶᠣᠷᠳᠠᠨ ᠤ ᠳᠣᠷᠣᠨ᠎ᠠ ᠵᠦᠭ ᠦᠨ ᠪᠦᠬᠦ ᠲᠠᠯ᠎ᠠ ᠭᠠᠵᠠᠷ ᠢ ᠡᠵᠡᠮᠰᠢᠭᠰᠡᠨ ᠪᠠᠢᠪᠠ᠃ ᠲᠡᠳᠡᠨ ᠳᠦ ᠴᠣᠬᠢᠭᠳᠠᠭᠰᠠᠨ ᠬᠠᠭᠠᠳ ᠭᠡᠪᠡᠯ᠂ 2 ᠨᠢᠭᠡ ᠨᠢ ᠾᠧᠱᠪᠣᠨ ᠳᠤ ᠰᠠᠭᠤᠵᠤ ᠪᠠᠢᠭᠰᠠᠨ ᠠᠮᠣᠷᠢᠴᠤᠳ ᠤᠨ ᠬᠠᠭᠠᠨ ᠰᠢᠬᠣᠨ᠂ ᠲᠡᠭᠦᠨ ᠦ ᠬᠠᠭᠠᠨᠴᠢᠯᠠᠯ ᠠᠷᠨᠣᠨ ᠤ ᠬᠥᠨᠳᠡᠢ ᠶᠢᠨ ᠵᠠᠬ᠎ᠠ ᠳᠠᠬᠢ ᠠᠷᠣᠶᠧᠷ ᠡᠴᠡ ᠡᠬᠢᠯᠡᠨ ᠠᠮᠣᠨᠴᠤᠳ ᠤᠨ ᠬᠢᠯᠢ ᠪᠣᠯᠬᠤ ᠶᠠᠪᠣᠺ ᠭᠣᠣᠯ ᠳᠤ ᠬᠦᠷᠬᠦ ᠪᠥᠭᠡᠳ ᠨᠥᠭᠥᠭᠡ ᠬᠥᠨᠳᠡᠢ ᠶᠢᠨ ᠳᠤᠮᠳᠠ ᠬᠡᠰᠡᠭ ᠬᠢᠭᠡᠳ ᠭᠢᠯᠧᠶᠠᠳ᠋ ᠤᠨ ᠬᠠᠭᠠᠰ ᠨᠤᠲᠤᠭ᠂ 3 ᠮᠥᠨ ᠺᠢᠨᠧᠷᠧᠲ ᠤᠨ ᠲᠠᠩᠭᠢᠰ ᠠᠴᠠ ᠠᠪᠤᠭᠠᠳ ᠠᠷᠠᠪᠠ᠂ ᠥᠭᠡᠷ᠎ᠡ ᠪᠡᠷ ᠬᠡᠯᠡᠪᠡᠯ ᠰᠥᠨᠥᠭᠰᠡᠨ ᠲᠠᠩᠭᠢᠰ ᠬᠦᠷᠲᠡᠯᠡᠬᠢ ᠳᠣᠷᠣᠨ᠎ᠠ ᠶᠢᠨ ᠲᠠᠯ᠎ᠠ ᠭᠠᠵᠠᠷ᠂ ᠪᠠᠰᠠ ᠪᠧᠲ ᠶᠧᠱᠢᠮᠣᠲ ᠠᠴᠠ ᠡᠮᠦᠨ᠎ᠡ ᠵᠦᠭ ᠦᠨ ᠫᠢᠰᠭ᠎ᠠ ᠶᠢᠨ ᠨᠠᠯᠠᠤ ᠪᠡᠯ ᠬᠦᠷᠴᠦ ᠪᠠᠢᠯ᠎ᠠ᠃ 4 ᠨᠥᠭᠥᠭᠡ ᠨᠢ ᠠᠪᠤᠷᠭᠤ ᠪᠡᠶᠡᠲᠡᠳ ᠦᠨ ᠳᠤᠮᠳᠠ ᠠᠴᠠ ᠠᠮᠢᠳᠤ ᠦᠯᠡᠳᠡᠭᠰᠡᠨ ᠪᠠᠱᠠᠨ ᠤ ᠬᠠᠭᠠᠨ ᠣᠭ ᠶᠤᠮ᠃ ᠲᠡᠷᠡ ᠠᠱᠲ᠋ᠠᠷᠣᠲ ᠪᠣᠯᠣᠨ ᠡᠳ᠋ᠷᠧᠢ ᠳᠤ ᠰᠠᠭᠤᠵᠤ᠂ 5 ᠾᠧᠷᠮᠣᠨ ᠠᠭᠤᠯᠠ᠂ ᠰᠠᠯᠧᠺᠠ ᠪᠣᠯᠣᠨ ᠪᠦᠬᠦ ᠪᠠᠱᠠᠨ᠂ ᠭᠧᠱᠦ᠋ᠷᠴᠦᠳ ᠪᠣᠯᠣᠨ ᠮᠠᠺᠠᠴᠤᠳ ᠤᠨ ᠬᠢᠯᠢ ᠬᠦᠷᠲᠡᠯᠡᠬᠢ ᠨᠤᠲᠤᠭ᠂ ᠮᠥᠨ ᠭᠢᠯᠧᠶᠠᠳ᠋ ᠤᠨ ᠬᠠᠭᠠᠰ ᠨᠤᠲᠤᠭ᠂ ᠪᠠᠰᠠ ᠾᠧᠱᠪᠣᠨ ᠤ ᠬᠠᠭᠠᠨ ᠰᠢᠬᠣᠨ ᠤ ᠨᠤᠲᠤᠭ ᠤᠨ ᠬᠢᠯᠢ ᠬᠦᠷᠲᠡᠯᠡᠬᠢ ᠭᠠᠵᠠᠷ ᠢ ᠵᠠᠬᠢᠷᠴᠤ ᠪᠠᠢᠪᠠ᠃ 6 ᠶᠣᠬᠣᠸᠠ ᠶᠢᠨ ᠵᠠᠷᠤᠴᠠ ᠮᠣᠰᠧ ᠪᠣᠯᠣᠨ ᠢᠰᠷᠧᠯᠴᠦᠳ ᠲᠡᠳᠡᠨ ᠢ ᠴᠣᠬᠢᠭᠰᠠᠨ ᠪᠢᠯᠡ᠃ ᠶᠣᠬᠣᠸᠠ ᠶᠢᠨ ᠵᠠᠷᠤᠴᠠ ᠮᠣᠰᠧ ᠲᠡᠳᠡᠨ ᠦ ᠭᠠᠵᠠᠷ ᠨᠤᠲᠤᠭ ᠢ ᠷᠧᠣᠪᠧᠨ᠂ ᠭᠠᠳ᠋ ᠬᠢᠭᠡᠳ ᠮᠠᠨᠠᠰᠧ ᠶᠢᠨ ᠬᠠᠭᠠᠰ ᠣᠪᠣᠭ ᠤᠨ ᠬᠢᠨ ᠳᠤ ᠡᠵᠡᠮᠰᠢᠯ ᠪᠣᠯᠭᠠᠨ ᠥᠭᠭᠥᠭᠰᠡᠨ ᠪᠠᠢᠨ᠎ᠠ᠃
 ᠶᠣᠷᠳᠠᠨ ᠤ ᠥᠷᠥᠨ᠎ᠡ ᠲᠠᠯ᠎ᠠ ᠶᠢᠨ ᠨᠤᠲᠤᠭ ᠳᠡᠪᠢᠰᠬᠡᠷ

7 ᠶᠣᠱᠦ᠋ᠶ᠎ᠠ ᠪᠣᠯᠣᠨ ᠢᠰᠷᠧᠯᠴᠦᠳ ᠶᠣᠷᠳᠠᠨ ᠠᠴᠠ ᠪᠠᠷᠠᠭᠤᠨ ᠲᠠᠯ᠎ᠠ ᠳᠤ ᠪᠠᠢᠭ᠎ᠠ ᠯᠧᠪᠠᠨᠣᠨ ᠤ ᠬᠥᠨᠳᠡᠢ ᠳᠠᠬᠢ ᠪᠠᠯ ᠭᠠᠳ᠋ ᠡᠴᠡ ᠡᠬᠢᠯᠡᠨ ᠰᠧᠷ ᠤᠷᠤᠭᠤ ᠶᠠᠪᠤᠬᠤ ᠵᠠᠮ ᠳᠤ ᠪᠤᠢ ᠬᠠᠯᠠᠺ ᠠᠭᠤᠯᠠ ᠬᠦᠷᠲᠡᠯᠡᠬᠢ ᠭᠠᠵᠠᠷ ᠤᠨ ᠬᠠᠭᠠᠳ ᠢ ᠴᠣᠬᠢᠭᠰᠠᠨ ᠤ ᠳᠠᠷᠠᠭ᠎ᠠ᠂ ᠶᠣᠱᠦ᠋ᠶ᠎ᠠ ᠲᠡᠷᠡ ᠭᠠᠵᠠᠷ ᠢ ᠢᠰᠷᠧᠯ ᠤᠨ ᠣᠪᠣᠭ ᠤᠨ ᠪᠠᠭ ᠤᠳ ᠲᠤ ᠡᠵᠡᠮᠰᠢᠯ ᠪᠣᠯᠭᠠᠨ ᠥᠭᠭᠥᠭᠰᠡᠨ ᠪᠢᠯᠡ᠃ 8 ᠲᠡᠷᠡ ᠭᠠᠵᠠᠷ ᠭᠡᠪᠡᠯ᠂ ᠠᠭᠤᠯᠠᠷᠬᠠᠭ ᠨᠤᠲᠤᠭ᠂ ᠥᠷᠥᠨ᠎ᠡ ᠶᠢᠨ ᠳᠣᠪᠣ ᠲᠣᠯᠣᠭᠠᠳ᠂ ᠶᠣᠷᠳᠠᠨ ᠤ ᠬᠥᠨᠳᠡᠢ᠂ ᠠᠭᠤᠯᠠᠰ ᠤᠨ ᠨᠠᠯᠠᠤ ᠪᠡᠯ ᠤᠳ᠂ ᠴᠥᠯ ᠭᠠᠵᠠᠷ᠂ ᠡᠮᠦᠨ᠎ᠡ ᠪᠦᠰᠡ ᠬᠢᠭᠡᠳ ᠾᠢᠲ᠋ᠴᠦᠳ᠂ ᠠᠮᠣᠷᠢᠴᠤᠳ᠂ ᠺᠠᠨᠠᠨᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠦᠨ ᠭᠠᠵᠠᠷ ᠨᠤᠲᠤᠭ ᠶᠤᠮ᠃ ᠢᠰᠷᠧᠯ ᠳᠤ ᠴᠣᠬᠢᠭᠳᠠᠭᠰᠠᠨ ᠬᠠᠭᠠᠳ ᠭᠡᠪᠡᠯ᠂
9 ᠶᠧᠷᠢᠺᠣ ᠶᠢᠨ ᠨᠢᠭᠡ ᠬᠠᠭᠠᠨ᠂ ᠪᠧᠲ᠋ᠧᠯ ᠤᠨ ᠣᠢᠷᠠᠯᠴᠠᠭᠠᠬᠢ ᠠᠢ ᠶᠢᠨ ᠨᠢᠭᠡ ᠬᠠᠭᠠᠨ᠂
10 ᠶᠧᠷᠦ᠋ᠰᠠᠯᠧᠮ ᠤᠨ ᠨᠢᠭᠡ ᠬᠠᠭᠠᠨ᠂ ᠾᠧᠪᠷᠣᠨ ᠤ ᠨᠢᠭᠡ ᠬᠠᠭᠠᠨ᠂
11 ᠶᠠᠷᠮᠦ᠋ᠲ ᠤᠨ ᠨᠢᠭᠡ ᠬᠠᠭᠠᠨ᠂ ᠯᠠᠺᠢᠱ ᠤᠨ ᠨᠢᠭᠡ ᠬᠠᠭᠠᠨ᠂
12 ᠡᠭᠯᠣᠨ ᠤ ᠨᠢᠭᠡ ᠬᠠᠭᠠᠨ᠂ ᠭᠧᠽᠧᠷ ᠤᠨ ᠨᠢᠭᠡ ᠬᠠᠭᠠᠨ᠂
13 ᠳ᠋ᠧᠪᠢᠷ ᠤᠨ ᠨᠢᠭᠡ ᠬᠠᠭᠠᠨ᠂ ᠭᠧᠳᠧᠷ ᠤᠨ ᠨᠢᠭᠡ ᠬᠠᠭᠠᠨ᠂
14 ᠬᠣᠷᠮᠠ ᠶᠢᠨ ᠨᠢᠭᠡ ᠬᠠᠭᠠᠨ᠂ ᠠᠷᠠᠳ᠋ ᠤᠨ ᠨᠢᠭᠡ ᠬᠠᠭᠠᠨ᠂
15 ᠯᠢᠪᠨᠠ ᠶᠢᠨ ᠨᠢᠭᠡ ᠬᠠᠭᠠᠨ᠂ ᠠᠳᠦ᠋ᠯᠠᠮ ᠤᠨ ᠨᠢᠭᠡ ᠬᠠᠭᠠᠨ᠂
16 ᠮᠠᠺᠧᠳᠠ ᠶᠢᠨ ᠨᠢᠭᠡ ᠬᠠᠭᠠᠨ᠂ ᠪᠧᠲ᠋ᠧᠯ ᠤᠨ ᠨᠢᠭᠡ ᠬᠠᠭᠠᠨ᠂
17 ᠲᠠᠫᠦ᠋ᠶ᠎ᠠ ᠶᠢᠨ ᠨᠢᠭᠡ ᠬᠠᠭᠠᠨ᠂ ᠾᠧᠹᠧᠷ ᠤᠨ ᠨᠢᠭᠡ ᠬᠠᠭᠠᠨ᠂
18 ᠠᠹᠧᠺ ᠤᠨ ᠨᠢᠭᠡ ᠬᠠᠭᠠᠨ᠂ ᠯᠠᠱᠠᠷᠣᠨ ᠤ ᠨᠢᠭᠡ ᠬᠠᠭᠠᠨ᠂
19 ᠮᠠᠳᠣᠨ ᠤ ᠨᠢᠭᠡ ᠬᠠᠭᠠᠨ᠂ ᠬᠠᠽᠣᠷ ᠤᠨ ᠨᠢᠭᠡ ᠬᠠᠭᠠᠨ᠂
20 ᠱᠢᠮᠷᠣᠨ ᠮᠧᠷᠣᠨ ᠤ ᠨᠢᠭᠡ ᠬᠠᠭᠠᠨ᠂ ᠠᠺᠱᠠᠹ ᠤᠨ ᠨᠢᠭᠡ ᠬᠠᠭᠠᠨ᠂
21 ᠲᠠᠭᠠᠨᠠᠺ ᠤᠨ ᠨᠢᠭᠡ ᠬᠠᠭᠠᠨ᠂ ᠮᠧᠭᠢᠳᠣ᠋ ᠶᠢᠨ ᠨᠢᠭᠡ ᠬᠠᠭᠠᠨ᠂
22 ᠺᠧᠳᠧᠱ ᠤᠨ ᠨᠢᠭᠡ ᠬᠠᠭᠠᠨ᠂ ᠺᠠᠷᠮᠧᠯ ᠳᠠᠬᠢ ᠷᠣᠺᠨᠧᠶᠠᠮ ᠤᠨ ᠨᠢᠭᠡ ᠬᠠᠭᠠᠨ᠂
23 ᠨᠠᠹᠣᠲ ᠳ᠋ᠣᠷ ᠳᠠᠬᠢ ᠳ᠋ᠣᠷ ᠤᠨ ᠨᠢᠭᠡ ᠬᠠᠭᠠᠨ᠂ ᠭᠢᠯᠭᠠᠯ ᠳᠠᠬᠢ ᠭᠣᠶ᠋ᠢᠮ ᠤᠨ ᠨᠢᠭᠡ ᠬᠠᠭᠠᠨ᠂
24 ᠲᠢᠷᠽᠠ ᠶᠢᠨ ᠨᠢᠭᠡ ᠬᠠᠭᠠᠨ᠂ ᠪᠦᠭᠦᠳᠡ ᠭᠤᠴᠢᠨ ᠨᠢᠭᠡᠨ ᠬᠠᠭᠠᠨ ᠪᠠᠢᠯ᠎ᠠ᠃