ᠶᠣᠱᠦ᠋ᠶ᠎ᠠ ᠠᠷᠪᠠᠨ ᠨᠢᠭᠡ
ᠤᠮᠠᠷᠠᠲᠤ ᠺᠠᠨᠠᠨ ᠢ ᠡᠵᠡᠯᠡᠪᠡ
1 ᠬᠠᠽᠣᠷ ᠤᠨ ᠬᠠᠭᠠᠨ ᠶᠠᠪᠢᠨ ᠡᠭᠦᠨ ᠢ ᠰᠣᠨᠣᠰᠣᠭᠠᠳ᠂ ᠬᠠᠭᠠᠳ ᠲᠤ ᠬᠡᠯᠡ ᠢᠯᠡᠭᠡᠪᠡ᠃ ᠲᠤᠬᠠᠢᠯᠠᠪᠠᠯ᠂ ᠮᠠᠳᠣᠨ ᠤ ᠬᠠᠭᠠᠨ ᠶᠣᠪᠠᠪ ᠪᠣᠯᠣᠨ ᠱᠢᠮᠷᠣᠨ ᠤ ᠬᠠᠭᠠᠨ᠂ ᠠᠺᠱᠠᠹ ᠤᠨ ᠬᠠᠭᠠᠨ ᠬᠢᠭᠡᠳ 2 ᠤᠮᠠᠷᠠᠲᠤ ᠶᠢᠨ ᠠᠭᠤᠯᠠᠷᠬᠠᠭ ᠨᠤᠲᠤᠭ᠂ ᠾᠢᠨᠨᠧᠷᠣᠲ ᠤᠨ ᠡᠮᠦᠨᠡᠬᠢ ᠲᠠᠯ᠎ᠠ ᠭᠠᠵᠠᠷ᠂ ᠥᠷᠥᠨ᠎ᠡ ᠶᠢᠨ ᠳᠣᠪᠣ ᠲᠣᠯᠣᠭᠠᠳ ᠪᠠ ᠳ᠋ᠣᠷ ᠥᠨᠳᠥᠷᠯᠢᠭ ᠲᠤ ᠪᠠᠢᠭ᠎ᠠ ᠬᠠᠭᠠᠳ᠂ 3 ᠪᠠᠰᠠ ᠥᠷᠥᠨ᠎ᠡ ᠪᠠ ᠳᠣᠷᠣᠨ᠎ᠠ ᠵᠦᠭ ᠦᠨ ᠺᠠᠨᠠᠨᠴᠤᠳ᠂ ᠮᠥᠨ ᠠᠭᠤᠯᠠᠷᠬᠠᠭ ᠨᠤᠲᠤᠭ ᠤᠨ ᠠᠮᠣᠷᠢᠴᠤᠳ᠂ ᠾᠢᠲ᠋ᠴᠦᠳ᠂ ᠫᠧᠷᠢᠽᠴᠦᠳ᠂ ᠶᠧᠪᠦ᠋ᠰᠴᠦᠳ ᠪᠣᠯᠣᠨ ᠮᠢᠽᠫᠠ ᠨᠤᠲᠤᠭ ᠤᠨ ᠾᠧᠷᠮᠣᠨ ᠤ ᠬᠣᠷᠮᠣᠢ ᠳᠤ ᠪᠠᠢᠭ᠎ᠠ ᠾᠢᠸᠢᠴᠦᠳ ᠤᠷᠤᠭᠤ ᠬᠡᠯᠡ ᠢᠯᠡᠭᠡᠪᠡ᠃ 4 ᠲᠡᠳᠡ ᠪᠦᠬᠦ ᠴᠡᠷᠢᠭ ᠢᠶᠠᠨ ᠳᠠᠢᠴᠢᠯᠠᠭᠰᠠᠨ ᠳᠤ᠂ ᠲᠣᠭ᠎ᠠ ᠨᠢ ᠳᠠᠯᠠᠢ ᠶᠢᠨ ᠬᠥᠪᠡᠭᠡᠨ ᠦ ᠡᠯᠡᠰᠦ ᠰᠢᠭ ᠦᠢ ᠣᠯᠠᠨ ᠪᠥᠭᠡᠳ ᠮᠣᠷᠢ ᠪᠠ ᠲᠡᠷᠭᠡ ᠴᠤ ᠮᠠᠰᠢ ᠣᠯᠠᠨ ᠪᠠᠢᠯ᠎ᠠ᠃ 5 ᠡᠳᠡᠭᠡᠷ ᠪᠦᠬᠦ ᠬᠠᠭᠠᠨ ᠬᠠᠮᠲᠤᠷᠠᠨ ᠴᠤᠭᠯᠠᠭᠠᠳ ᠢᠰᠷᠧᠯ ᠲᠠᠢ ᠳᠠᠢᠲᠤᠬᠤ ᠪᠠᠷ ᠭᠠᠷᠴᠤ ᠢᠷᠡᠭᠡᠳ ᠮᠧᠷᠣᠮ ᠤᠨ ᠤᠰᠤᠨ ᠤ ᠬᠠᠵᠠᠭᠤ ᠳᠤ ᠬᠠᠮᠲᠤ ᠳᠠᠭᠠᠨ ᠪᠠᠭᠤᠳᠠᠯᠯᠠᠪᠠ᠃
6 ᠶᠣᠬᠣᠸᠠ ᠶᠣᠱᠦ᠋ᠶ᠎ᠠ ᠳᠤ᠄ 《ᠲᠡᠳᠡᠨ ᠡᠴᠡ ᠪᠦᠦ ᠠᠶᠤ᠃ ᠪᠢ ᠥᠪᠡᠷ ᠢᠶᠡᠨ ᠲᠡᠳᠡᠨ ᠢ ᠦᠬᠦᠳᠡᠯ ᠪᠣᠯᠭᠠᠵᠤ᠂ ᠮᠠᠷᠭᠠᠰᠢ ᠶᠢᠨ ᠡᠳᠦᠢ ᠳᠦ ᠢᠰᠷᠧᠯ ᠤᠨ ᠡᠮᠦᠨ᠎ᠡ ᠪᠦᠭᠦᠳᠡ ᠶᠢ ᠨᠢ ᠲᠤᠰᠢᠶᠠᠵᠤ ᠥᠭᠭᠥᠶ᠎ᠡ᠃ ᠲᠠ ᠨᠠᠷ ᠮᠣᠷᠢᠳ ᠤᠨ ᠬᠢᠨᠢ ᠰᠢᠷᠪᠥᠰᠥ ᠶᠢ ᠲᠠᠰᠤᠯᠵᠤ᠂ ᠲᠡᠷᠭᠡ ᠨᠦᠭᠦᠳ ᠢ ᠨᠢ ᠭᠠᠯ ᠳᠤ ᠰᠢᠲᠠᠭ᠎ᠠ》 ᠭᠡᠯᠡ᠃ 7 ᠡᠢᠨ ᠬᠦ ᠶᠣᠱᠦ᠋ᠶ᠎ᠠ ᠬᠠᠮᠤᠭ ᠴᠡᠷᠢᠭ ᠲᠠᠢ ᠪᠠᠨ ᠬᠠᠮᠲᠤ ᠮᠧᠷᠣᠮ ᠤᠨ ᠤᠰᠤᠨ ᠤ ᠳᠡᠷᠭᠡᠳᠡ ᠭᠡᠨᠡᠳᠲᠡ ᠭᠠᠷᠴᠤ ᠢᠷᠡᠭᠡᠳ ᠲᠡᠳᠡᠨ ᠤᠷᠤᠭᠤ ᠳᠣᠪᠲᠣᠯᠪᠠ᠃ 8 ᠶᠣᠬᠣᠸᠠ ᠲᠡᠳᠡᠨ ᠢ ᠢᠰᠷᠧᠯ ᠤᠨ ᠭᠠᠷ ᠲᠤ ᠲᠤᠰᠢᠶᠠᠭᠰᠠᠨ ᠢᠶᠠᠷ ᠢᠰᠷᠧᠯ ᠲᠡᠳᠡᠨ ᠢ ᠪᠤᠲᠠ ᠴᠣᠬᠢᠨ ᠮᠥᠰᠬᠢᠵᠦ᠂ ᠶᠡᠬᠡ ᠰᠢᠢᠳᠣᠨ᠂ ᠮᠢᠰᠷᠧᠹᠣᠲ ᠭᠣᠷᠣᠬ᠎ᠠ ᠪᠣᠯᠣᠨ ᠳᠣᠷᠣᠨ᠎ᠠ ᠵᠦᠭ ᠦᠨ ᠮᠢᠽᠫᠠ ᠶᠢᠨ ᠬᠥᠨᠳᠡᠢ ᠬᠦᠷᠲᠡᠯ᠎ᠡ ᠬᠥᠭᠡᠭᠡᠵᠦ᠂ ᠲᠡᠳᠡᠨ ᠢ ᠴᠣᠬᠢᠨ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ᠃ 9 ᠶᠣᠱᠦ᠋ᠶ᠎ᠠ ᠶᠣᠬᠣᠸᠠ ᠶᠢᠨ ᠥᠪᠡᠷ ᠲᠤᠨᠢ ᠠᠢᠯᠠᠳᠤᠭᠰᠠᠨ ᠶᠣᠰᠣᠭᠠᠷ ᠲᠡᠳᠡᠨ ᠳᠦ ᠦᠢᠯᠡᠳᠴᠦ᠂ ᠮᠣᠷᠢᠳ ᠤᠨ ᠬᠢᠨᠢ ᠰᠢᠷᠪᠥᠰᠥ ᠶᠢ ᠲᠠᠰᠤᠯᠤᠨ᠂ ᠲᠡᠷᠭᠡ ᠨᠦᠭᠦᠳ ᠢ ᠨᠢ ᠭᠠᠯ ᠳᠤ ᠰᠢᠲᠠᠭᠠᠯ᠎ᠠ᠃
10 ᠶᠣᠱᠦ᠋ᠶ᠎ᠠ ᠪᠤᠴᠠᠬᠤ ᠳᠠᠭᠠᠨ ᠬᠠᠽᠣᠷ ᠢ ᠡᠵᠡᠯᠡᠨ ᠠᠪᠴᠤ᠂ ᠬᠠᠭᠠᠨ ᠢ ᠨᠢ ᠢᠯᠳᠦ ᠪᠡᠷ ᠴᠣᠬᠢᠪᠠ᠃ ᠬᠠᠽᠣᠷ ᠤᠤᠯ ᠨᠢ ᠲᠡᠳᠡᠭᠡᠷ ᠪᠦᠬᠦ ᠬᠠᠭᠠᠨᠴᠢᠯᠠᠯ ᠤᠨ ᠲᠣᠯᠣᠭᠠᠢᠯᠠᠭᠴᠢ ᠪᠠᠢᠵᠠᠢ᠃ 11 ᠲᠡᠳᠡ ᠬᠣᠲᠠ ᠳᠣᠲᠣᠷᠠᠬᠢ ᠪᠦᠭᠦᠳᠡ ᠶᠢ ᠢᠯᠳᠦᠨ ᠦ ᠢᠷ ᠢᠶᠠᠷ ᠴᠣᠬᠢᠨ ᠠᠮᠢᠰᠬᠤᠯ ᠲᠠᠢ ᠪᠦᠬᠦᠨ ᠢ ᠦᠯᠡᠳᠡᠭᠡᠯ ᠦᠭᠡᠢ ᠬᠦᠢᠰᠦ ᠲᠡᠮᠲᠡᠷᠢᠵᠦ᠂ ᠬᠠᠽᠣᠷ ᠢ ᠭᠠᠯᠳᠠᠨ ᠰᠢᠲᠠᠭᠠᠪᠠ᠃ 12 ᠶᠣᠱᠦ᠋ᠶ᠎ᠠ ᠲᠡᠳᠡᠭᠡᠷ ᠬᠠᠭᠠᠨ ᠤ ᠪᠦᠬᠦ ᠬᠣᠲᠠ ᠶᠢ ᠬᠠᠭᠠᠳ ᠲᠠᠢ ᠨᠢ ᠬᠠᠮᠲᠤ ᠡᠵᠡᠯᠡᠨ ᠠᠪᠴᠤ᠂ ᠲᠡᠳᠡᠨ ᠢ ᠢᠯᠳᠦᠨ ᠦ ᠢᠷ ᠢᠶᠠᠷ ᠴᠣᠬᠢᠨ ᠬᠦᠢᠰᠦ ᠲᠡᠮᠲᠡᠷᠢᠭᠰᠡᠨ ᠨᠢ ᠶᠣᠬᠣᠸᠠ ᠶᠢᠨ ᠵᠠᠷᠤᠴᠠ ᠮᠣᠰᠧ ᠶᠢᠨ ᠲᠤᠰᠢᠶᠠᠭᠰᠠᠨ ᠶᠣᠰᠣᠭᠠᠷ ᠪᠣᠯᠵᠠᠢ᠃ 13 ᠭᠡᠬᠦ ᠳᠡᠭᠡᠨ ᠢᠰᠷᠧᠯ ᠳᠣᠪᠣ ᠲᠣᠯᠣᠭᠠᠳ ᠳᠡᠭᠡᠷᠡᠬᠢ ᠬᠣᠲᠠ ᠨᠤᠭᠤᠳ ᠢ ᠰᠢᠲᠠᠭᠠᠭᠰᠠᠨ ᠦᠭᠡᠢ᠃ ᠶᠣᠱᠦ᠋ᠶ᠎ᠠ ᠭᠠᠭᠴᠠ ᠬᠦ ᠬᠠᠽᠣᠷ ᠢ ᠯᠠ ᠰᠢᠲᠠᠭᠠᠭᠰᠠᠨ ᠶᠤᠮ᠃ 14 ᠢᠰᠷᠧᠯᠴᠦᠳ ᠡᠳᠡᠭᠡᠷ ᠬᠣᠲᠠ ᠶᠢᠨ ᠠᠯᠢᠪᠠ ᠡᠳ᠋ ᠬᠥᠷᠥᠩᠭᠡ ᠪᠣᠯᠣᠨ ᠮᠠᠯ ᠰᠦᠷᠦᠭ ᠢ ᠥᠪᠡᠷᠰᠡᠳ ᠲᠡᠭᠡᠨ ᠣᠯᠵᠠ ᠪᠣᠯᠭᠠᠨ ᠠᠪᠤᠭᠰᠠᠨ ᠪᠣᠯᠪᠠᠴᠤ ᠪᠦᠬᠦ ᠬᠥᠮᠦᠨ ᠢ ᠨᠢ ᠢᠯᠳᠦᠨ ᠦ ᠢᠷ ᠢᠶᠠᠷ ᠴᠣᠬᠢᠨ ᠤᠰᠠᠳᠬᠠᠵᠤ᠂ ᠨᠢᠭᠡ ᠶᠢ ᠨᠢ ᠴᠤ ᠠᠮᠢᠰᠬᠤᠯ ᠲᠠᠢ ᠦᠯᠡᠳᠡᠭᠡᠭᠡ ᠦᠭᠡᠢ᠃ 15 ᠶᠣᠬᠣᠸᠠ ᠶᠢᠨ ᠵᠠᠷᠤᠴᠠ ᠮᠣᠰᠧ ᠳᠡᠭᠡᠨ ᠲᠤᠰᠢᠶᠠᠭᠰᠠᠨ ᠤ ᠠᠳᠠᠯᠢ ᠮᠣᠰᠧ ᠶᠣᠱᠦ᠋ᠶ᠎ᠠ ᠳᠤ ᠲᠤᠰᠢᠶᠠᠵᠤ᠂ ᠶᠣᠱᠦ᠋ᠶ᠎ᠠ ᠲᠡᠷᠡ ᠶᠣᠰᠣᠭᠠᠷ ᠪᠡᠶᠡᠯᠡᠭᠦᠯᠪᠡ᠃ ᠶᠣᠬᠣᠸᠠ ᠶᠢᠨ ᠮᠣᠰᠧ ᠳᠤ ᠲᠤᠰᠢᠶᠠᠭᠰᠠᠨ ᠪᠦᠬᠦᠨ ᠡᠴᠡ ᠶᠣᠱᠦ᠋ᠶ᠎ᠠ ᠪᠡᠶᠡᠯᠡᠭᠦᠯᠦᠯ ᠦᠭᠡᠢ ᠦᠯᠡᠳᠡᠭᠡᠭᠰᠡᠨ ᠨᠢ ᠭᠠᠭᠴᠠ ᠴᠤ ᠦᠭᠡᠢ᠃
ᠶᠣᠱᠦ᠋ᠶ᠎ᠠ ᠶᠢᠨ ᠡᠵᠡᠯᠡᠭᠰᠡᠨ ᠨᠤᠲᠤᠭ ᠤᠳ
16 ᠲᠡᠢᠨ ᠬᠦ ᠶᠣᠱᠦ᠋ᠶ᠎ᠠ ᠡᠨᠡ ᠪᠦᠬᠦ ᠨᠤᠲᠤᠭ ᠢ ᠡᠵᠡᠯᠡᠨ ᠠᠪᠴᠠᠢ᠃ ᠲᠤᠬᠠᠢᠯᠠᠪᠠᠯ᠂ ᠠᠭᠤᠯᠠᠷᠬᠠᠭ ᠨᠤᠲᠤᠭ᠂ ᠡᠮᠦᠨ᠎ᠡ ᠪᠦᠰᠡ ᠶᠢᠨ ᠪᠦᠬᠦ ᠨᠤᠲᠤᠭ᠂ ᠭᠣᠱᠧᠨ ᠤ ᠪᠦᠬᠦ ᠨᠤᠲᠤᠭ᠂ ᠥᠷᠥᠨ᠎ᠡ ᠶᠢᠨ ᠳᠣᠪᠣ ᠲᠣᠯᠣᠭᠠᠳ᠂ ᠶᠣᠷᠳᠠᠨ ᠤ ᠬᠥᠨᠳᠡᠢ᠂ ᠢᠰᠷᠧᠯ ᠤᠨ ᠠᠭᠤᠯᠠᠷᠬᠠᠭ ᠪᠣᠯᠣᠨ ᠨᠠᠮ ᠳᠣᠣᠷ᠎ᠠ ᠭᠠᠵᠠᠷ ᠤᠳ᠂ 17 ᠰᠧᠷ ᠤᠨ ᠵᠠᠮ ᠳᠤ ᠪᠤᠢ ᠬᠠᠯᠠᠺ ᠠᠭᠤᠯᠠᠨ ᠠᠴᠠ ᠡᠬᠢᠯᠡᠨ ᠾᠧᠷᠮᠣᠨ ᠠᠭᠤᠯᠠ ᠶᠢᠨ ᠬᠣᠷᠮᠣᠢ ᠳᠠᠬᠢ ᠯᠧᠪᠠᠨᠣᠨ ᠤ ᠬᠥᠨᠳᠡᠢ ᠶᠢᠨ ᠪᠠᠯ ᠭᠠᠳ᠋ ᠬᠦᠷᠲᠡᠯᠡᠬᠢ ᠨᠤᠲᠤᠭ ᠢ ᠡᠵᠡᠯᠡᠪᠡ᠃ ᠲᠡᠷᠡ ᠮᠥᠨ ᠪᠦᠬᠦ ᠬᠠᠭᠠᠨ ᠢ ᠨᠢ ᠴᠣᠬᠢᠵᠤ ᠰᠥᠨᠥᠭᠡᠵᠡᠢ᠃ 18 ᠶᠣᠱᠦ᠋ᠶ᠎ᠠ ᠡᠳᠡᠭᠡᠷ ᠬᠠᠭᠠᠳ ᠲᠠᠢ ᠤᠷᠲᠤ ᠬᠤᠭᠤᠴᠠᠭ᠎ᠠ ᠪᠠᠷ ᠳᠠᠢᠨ ᠬᠢᠪᠡ᠃ 19 ᠢᠰᠷᠧᠯᠴᠦᠳ ᠲᠡᠢ ᠨᠠᠢᠷᠠᠮᠳᠠᠭᠰᠠᠨ ᠬᠣᠲᠠ ᠨᠢ ᠭᠢᠪᠧᠶᠣᠨ ᠤ ᠰᠠᠭᠤᠭᠠᠯᠢ ᠾᠢᠸᠢᠴᠦᠳ ᠡᠴᠡ ᠥᠭᠡᠷ᠎ᠡ ᠪᠠᠢᠭᠰᠠᠨ ᠦᠭᠡᠢ᠃ ᠪᠤᠰᠤᠳ ᠪᠦᠬᠦ ᠬᠣᠲᠠ ᠶᠢ ᠲᠡᠳᠡ ᠪᠠᠢᠯᠳᠤᠵᠤ ᠠᠪᠤᠭᠰᠠᠨ ᠶᠤᠮ᠃ 20 ᠤᠴᠢᠷ ᠨᠢ ᠶᠣᠬᠣᠸᠠ ᠥᠪᠡᠷ ᠢᠶᠡᠨ ᠲᠡᠳᠡᠨ ᠦ ᠰᠡᠳᠬᠢᠯ ᠢ ᠬᠠᠲᠠᠭᠤᠷᠠᠭᠤᠯᠤᠭᠠᠳ ᠢᠰᠷᠧᠯ ᠲᠠᠢ ᠳᠠᠢᠲᠤᠭᠤᠯᠤᠭᠰᠠᠨ ᠶᠤᠮ᠃ ᠡᠢᠮᠦ ᠡᠴᠡ ᠲᠡᠳᠡ ᠥᠷᠥᠰᠢᠶᠡᠯ ᠦᠭᠡᠢ ᠪᠦᠷᠢᠮᠦᠰᠦᠨ ᠤᠰᠠᠳᠬᠠᠭᠰᠠᠨ ᠪᠥᠭᠡᠳ ᠶᠣᠱᠦ᠋ᠶ᠎ᠠ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠲᠡᠳᠡᠨ ᠢ ᠤᠰᠠᠳᠬᠠᠭᠰᠠᠨ ᠶᠤᠮ᠃
21 ᠲᠡᠷᠡ ᠴᠠᠭ ᠲᠤ ᠶᠣᠱᠦ᠋ᠶ᠎ᠠ ᠠᠨᠠᠺᠴᠤᠳ ᠢ ᠠᠭᠤᠯᠠᠷᠬᠠᠭ ᠨᠤᠲᠤᠭ ᠠᠴᠠ ᠠᠷᠢᠯᠭᠠᠬᠤ ᠪᠠᠷ ᠶᠠᠪᠤᠭᠰᠠᠨ ᠪᠥᠭᠡᠳ ᠾᠧᠪᠷᠣᠨ᠂ ᠳ᠋ᠧᠪᠢᠷ᠂ ᠠᠨᠠᠪ ᠪᠣᠯᠣᠨ ᠶᠦᠳᠠ ᠶᠢᠨ ᠪᠦᠬᠦ ᠠᠭᠤᠯᠠᠷᠬᠠᠭ ᠨᠤᠲᠤᠭ᠂ ᠢᠰᠷᠧᠯ ᠤᠨ ᠪᠦᠬᠦ ᠨᠤᠲᠤᠭ ᠠᠴᠠ ᠲᠡᠳᠡᠨ ᠢ ᠲᠣᠰᠬᠣᠨ ᠨᠤᠭᠤᠳ ᠲᠠᠢ ᠨᠢ ᠬᠠᠮᠲᠤ ᠪᠦᠷᠢᠮᠦᠰᠦᠨ ᠤᠰᠠᠳᠬᠠᠭᠰᠠᠨ ᠪᠢᠯᠡ᠃ 22 ᠡᠢᠮᠦ ᠡᠴᠡ ᠢᠰᠷᠧᠯᠴᠦᠳ ᠦᠨ ᠨᠤᠲᠤᠭ ᠲᠤ ᠠᠨᠠᠺᠴᠤᠳ ᠠᠮᠢᠳᠤ ᠦᠯᠡᠳᠡᠭᠰᠡᠨ ᠦᠭᠡᠢ᠂ ᠵᠥᠪᠬᠡᠨ ᠭᠠᠽᠠ᠂ ᠭᠠᠲ ᠪᠣᠯᠣᠨ ᠠᠱᠠᠳᠣᠳ᠋ ᠲᠤ ᠯᠠ ᠦᠯᠡᠳᠡᠵᠡᠢ᠃ 23 ᠶᠣᠱᠦ᠋ᠶ᠎ᠠ ᠡᠨᠡ ᠪᠦᠬᠦ ᠨᠤᠲᠤᠭ ᠢ ᠶᠣᠬᠣᠸᠠ ᠶᠢᠨ ᠮᠣᠰᠧ ᠳᠤ ᠠᠢᠯᠠᠳᠤᠭᠰᠠᠨ ᠶᠣᠰᠣᠭᠠᠷ ᠣᠯᠵᠤ ᠠᠪᠤᠭᠠᠳ ᠢᠰᠷᠧᠯ ᠤᠨ ᠣᠪᠣᠭ ᠤᠳ ᠲᠤ ᠥᠪ ᠪᠣᠯᠭᠠᠨ ᠥᠭᠴᠡᠢ᠃ ᠲᠡᠭᠡᠭᠡᠳ ᠲᠡᠷᠡ ᠨᠤᠲᠤᠭ ᠳᠠᠢᠨ ᠳᠠᠵᠢᠨ ᠠᠴᠠ ᠠᠮᠠᠷᠠᠪᠠ᠃