1 2 3 4 5 6 7 8 9 10 11 12 13 14 15 16 17 18 19 20 21 22 23 24


ᠶᠣᠱᠦ᠋ᠶ᠎ᠠ ᠬᠣᠷᠢᠨ ᠨᠢᠭᠡ
 ᠯᠧᠸᠢᠴᠦᠳ ᠦᠨ ᠬᠣᠲᠠ ᠨᠤᠭᠤᠳ

1 ᠯᠧᠸᠢᠴᠦᠳ ᠦᠨ ᠳᠤᠮᠳᠠᠬᠢ ᠪᠦᠯᠢ ᠶᠢᠨ ᠲᠡᠷᠢᠭᠦᠨ ᠨᠦᠭᠦᠳ ᠲᠠᠬᠢᠯᠴᠢ ᠡᠯᠧᠶᠠᠽᠠᠷ᠂ ᠨᠦᠨ ᠦ ᠬᠦᠦ ᠶᠣᠱᠦ᠋ᠶ᠎ᠠ ᠪᠣᠯᠣᠨ ᠢᠰᠷᠧᠯ ᠤᠨ ᠪᠤᠰᠤᠳ ᠣᠪᠣᠭ ᠤᠨ ᠪᠦᠯᠢ ᠶᠢᠨ ᠲᠡᠷᠢᠭᠦᠨ ᠨᠦᠭᠦᠳ ᠳᠡᠭᠡᠷ᠎ᠡ ᠳᠥᠭᠥᠨ ᠢᠷᠡᠪᠡ᠃ 2 ᠲᠡᠳᠡ ᠺᠠᠨᠠᠨ ᠨᠤᠲᠤᠭ ᠤᠨ ᠱᠢᠯᠣ᠋ ᠳᠤ ᠲᠡᠳᠡᠨ ᠳᠦ᠄ 《ᠠᠮᠢᠳᠤᠷᠠᠨ ᠰᠠᠭᠤᠬᠤ ᠬᠣᠲᠠ ᠨᠤᠭᠤᠳ ᠢ ᠮᠠᠨᠢ ᠮᠠᠯ ᠰᠦᠷᠦᠭ ᠢᠶᠡᠨ ᠪᠡᠯᠴᠢᠭᠡᠬᠦ ᠭᠠᠵᠠᠷ ᠤᠳ ᠲᠠᠢ ᠬᠠᠮᠲᠤ ᠣᠯᠭᠣᠬᠤ ᠶᠢ ᠶᠣᠬᠣᠸᠠ ᠮᠣᠰᠧ ᠪᠠᠷ ᠳᠠᠮᠵᠢᠭᠤᠯᠤᠨ ᠵᠠᠬᠢᠭᠰᠠᠨ ᠪᠢᠯᠡ》 ᠭᠡᠰᠡᠨ ᠳᠦ᠂ 3 ᠢᠰᠷᠧᠯᠴᠦᠳ ᠶᠣᠬᠣᠸᠠ ᠶᠢᠨ ᠵᠠᠬᠢᠭᠰᠠᠨ ᠶᠣᠰᠣᠭᠠᠷ ᠥᠪᠡᠷᠰᠡᠳ ᠦᠨ ᠢᠶᠠᠨ ᠥᠪ ᠡᠴᠡ ᠳᠠᠷᠠᠭᠠᠬᠢ ᠬᠣᠲᠠ ᠨᠤᠭᠤᠳ ᠢ ᠪᠡᠯᠴᠢᠭᠡᠷ ᠲᠡᠢ ᠨᠢ ᠬᠠᠮᠲᠤ ᠯᠧᠸᠢᠴᠦᠳ ᠲᠦ ᠥᠭᠭᠥᠯ᠎ᠡ᠃

4 ᠡᠬᠢᠨ ᠤ ᠬᠤᠪᠢ ᠨᠢ ᠺᠣᠬᠠᠲ᠋ᠴᠤᠳ ᠤᠨ ᠠᠢᠮᠠᠭ ᠤᠳ ᠲᠤ ᠤᠨᠤᠭᠳᠠᠪᠠ᠃ ᠡᠢᠨ ᠬᠦ ᠯᠧᠸᠢᠴᠦᠳ ᠦᠨ ᠳᠤᠮᠳᠠᠬᠢ ᠲᠠᠬᠢᠯᠴᠢ ᠠᠷᠣᠨ ᠤ ᠦᠷ᠎ᠡ ᠤᠳᠤᠮ ᠨᠢ ᠶᠦᠳᠠ᠂ ᠰᠢᠮᠧᠶᠣᠨ᠂ ᠪᠢᠨᠶᠠᠮᠢᠨ ᠵᠡᠷᠭᠡ ᠣᠪᠣᠭ ᠠᠴᠠ ᠠᠷᠪᠠᠨ ᠭᠤᠷᠪᠠᠨ ᠬᠣᠲᠠ ᠶᠢ ᠰᠢᠪᠠᠭ᠎ᠠ ᠪᠠᠷ ᠬᠦᠷᠲᠡᠪᠡ᠃

5 ᠺᠣᠬᠠᠲ ᠤᠨ ᠦᠯᠡᠳᠡᠭᠰᠡᠨ ᠦᠷ᠎ᠡ ᠤᠳᠤᠮ ᠨᠢ ᠡᠹᠷᠠᠢᠮ᠂ ᠳ᠋ᠠᠨ ᠬᠢᠭᠡᠳ ᠮᠠᠨᠠᠰᠧ ᠶᠢᠨ ᠬᠠᠭᠠᠰ ᠣᠪᠣᠭ ᠤᠨ ᠠᠢᠮᠠᠭ ᠤᠳ ᠠᠴᠠ ᠠᠷᠪᠠᠨ ᠬᠣᠲᠠ ᠶᠢ ᠰᠢᠪᠠᠭ᠎ᠠ ᠪᠠᠷ ᠬᠦᠷᠲᠡᠪᠡ᠃

6 ᠭᠧᠷᠱᠣᠨ ᠤ ᠦᠷ᠎ᠡ ᠤᠳᠤᠮ ᠨᠢ ᠢᠰᠠᠺᠠᠷ᠂ ᠠᠱᠧᠷ᠂ ᠨᠠᠹᠲ᠋ᠠᠯᠢ ᠣᠪᠣᠭ ᠤᠨ ᠠᠢᠮᠠᠭ ᠤᠳ ᠪᠣᠯᠣᠨ ᠪᠠᠱᠠᠨ ᠳᠠᠬᠢ ᠮᠠᠨᠠᠰᠧ ᠶᠢᠨ ᠬᠠᠭᠠᠰ ᠣᠪᠣᠭ ᠤᠨ ᠠᠢᠮᠠᠭ ᠤᠳ ᠠᠴᠠ ᠠᠷᠪᠠᠨ ᠭᠤᠷᠪᠠᠨ ᠬᠣᠲᠠ ᠶᠢ ᠰᠢᠪᠠᠭ᠎ᠠ ᠪᠠᠷ ᠬᠦᠷᠲᠡᠪᠡ᠃

7 ᠮᠧᠷᠠᠷᠢ ᠶᠢᠨ ᠦᠷ᠎ᠡ ᠤᠳᠤᠮ ᠨᠢ ᠷᠧᠣᠪᠧᠨ᠂ ᠭᠠᠳ᠋᠂ ᠽᠧᠪᠦ᠋ᠯᠣᠨ ᠣᠪᠣᠭ ᠤᠳ ᠠᠴᠠ ᠠᠷᠪᠠᠨ ᠬᠣᠶᠠᠷ ᠬᠣᠲᠠ ᠶᠢ ᠠᠢᠮᠠᠭ ᠤᠳ ᠢᠶᠠᠷ ᠢᠶᠠᠨ ᠬᠦᠷᠲᠡᠪᠡ᠃

8 ᠲᠡᠢᠨ ᠬᠦ ᠢᠰᠷᠧᠯᠴᠦᠳ ᠶᠣᠬᠣᠸᠠ ᠶᠢᠨ ᠮᠣᠰᠧ ᠪᠠᠷ ᠳᠠᠮᠵᠢᠭᠤᠯᠤᠨ ᠵᠠᠬᠢᠭᠰᠠᠨ ᠶᠣᠰᠣᠭᠠᠷ ᠯᠧᠸᠢᠴᠦᠳ ᠲᠦ ᠡᠳᠡᠭᠡᠷ ᠬᠣᠲᠠ ᠶᠢ ᠪᠡᠯᠴᠢᠭᠡᠷ ᠲᠡᠢ ᠨᠢ ᠬᠠᠮᠲᠤ ᠰᠢᠪᠠᠭ᠎ᠠ ᠪᠠᠷ ᠬᠦᠷᠲᠡᠭᠡᠪᠡ᠃

9 ᠲᠡᠳᠡ ᠶᠦᠳᠠ ᠣᠪᠣᠭ ᠪᠣᠯᠣᠨ ᠰᠢᠮᠧᠶᠣᠨ ᠣᠪᠣᠭ ᠠᠴᠠ ᠳᠠᠷᠠᠭᠠᠬᠢ ᠬᠣᠲᠠ ᠨᠤᠭᠤᠳ ᠢ 10 ᠯᠧᠸᠢᠴᠦᠳ ᠦᠨ ᠳᠤᠮᠳᠠᠬᠢ ᠺᠣᠬᠠᠲ᠋ᠴᠤᠳ ᠤᠨ ᠬᠢ ᠪᠣᠯᠬᠤ ᠠᠷᠣᠨ ᠤ ᠦᠷ᠎ᠡ ᠤᠳᠤᠮ ᠳᠤ ᠬᠦᠷᠲᠡᠭᠡᠪᠡ᠃ ᠤᠴᠢᠷ ᠨᠢ ᠡᠬᠢᠨ ᠤ ᠬᠤᠪᠢ ᠨᠢ ᠲᠡᠳᠡᠨ ᠳᠦ ᠣᠨᠣᠭᠳᠠᠭᠰᠠᠨ ᠪᠢᠯᠡ᠃ 11 ᠢᠩᠭᠢᠭᠡᠳ ᠲᠡᠳᠡ ᠶᠦᠳᠠ ᠶᠢᠨ ᠠᠭᠤᠯᠠᠷᠬᠠᠭ ᠨᠤᠲᠤᠭ ᠳᠠᠬᠢ ᠠᠷᠪᠠ ᠬᠣᠲᠠ᠂ ᠲᠤᠬᠠᠢᠯᠠᠪᠠᠯ ᠾᠧᠪᠷᠣᠨ ᠢ ᠡᠷᠭᠢᠨ ᠲᠣᠭᠣᠷᠢᠨ ᠤ ᠬᠢᠨᠢ ᠪᠡᠯᠴᠢᠭᠡᠷ ᠦᠨ ᠬᠠᠮᠲᠤ ᠥᠭᠴᠡᠢ᠃ ᠠᠷᠪᠠ ᠪᠣᠯ ᠠᠨᠠᠺ ᠤᠨ ᠳᠡᠭᠡᠳᠦ ᠡᠪᠦᠭᠡ ᠶᠤᠮ᠃ 12 ᠲᠡᠳᠡ ᠬᠠᠷᠢᠨ ᠲᠤᠰ ᠬᠣᠲᠠ ᠶᠢᠨ ᠡᠷᠭᠢᠨ ᠲᠣᠭᠣᠷᠢᠨ ᠤ ᠲᠠᠷᠢᠶᠠᠯᠠᠩ ᠤᠨ ᠲᠠᠯᠠᠪᠠᠢ ᠪᠣᠯᠣᠨ ᠲᠣᠰᠬᠣᠳ ᠢ ᠶᠧᠹᠦ᠋ᠨᠧ ᠶᠢᠨ ᠬᠦᠦ ᠺᠠᠯᠧᠪ ᠲᠤ ᠥᠮᠴᠢ ᠪᠣᠯᠭᠠᠨ ᠥᠭᠭᠥᠭᠰᠡᠨ ᠪᠠᠢᠵᠠᠢ᠃

13 ᠡᠢᠮᠦ ᠡᠴᠡ ᠲᠠᠬᠢᠯᠴᠢ ᠠᠷᠣᠨ ᠤ ᠦᠷ᠎ᠡ ᠤᠳᠤᠮ ᠨᠢ ᠠᠮᠢᠨ ᠬᠡᠷᠡᠭᠲᠡᠨ ᠦ ᠬᠣᠷᠭᠣᠳᠠᠬᠤ ᠬᠣᠲᠠ᠂ ᠲᠤᠬᠠᠢᠯᠠᠪᠠᠯ ᠾᠧᠪᠷᠣᠨ ᠠᠴᠠ ᠭᠠᠳᠠᠨ᠎ᠠ ᠯᠢᠪᠨᠠ᠂ 14 ᠶᠠᠲ᠋ᠢᠷ᠂ ᠡᠱᠲ᠋ᠧᠮᠣᠶ᠎ᠠ᠂ 15 ᠬᠣᠯᠣᠨ᠂ ᠳ᠋ᠧᠪᠢᠷ᠂ 16 ᠠᠶ᠋ᠢᠨ᠂ ᠶᠦᠲ᠋ᠠ ᠪᠣᠯᠣᠨ ᠪᠧᠲ ᠱᠧᠮᠧᠱ ᠵᠡᠷᠭᠡ ᠶᠢᠰᠦᠨ ᠬᠣᠲᠠ ᠶᠢ ᠪᠡᠯᠴᠢᠭᠡᠷ ᠲᠡᠢ ᠨᠢ ᠬᠠᠮᠲᠤ ᠳᠡᠭᠡᠷᠡᠬᠢ ᠬᠣᠶᠠᠷ ᠣᠪᠣᠭ ᠠᠴᠠ ᠬᠦᠷᠲᠡᠵᠦ᠂ 17 ᠪᠢᠨᠶᠠᠮᠢᠨ ᠣᠪᠣᠭ ᠠᠴᠠ ᠭᠢᠪᠧᠶᠣᠨ᠂ ᠭᠧᠪᠠ᠂ 18 ᠠᠨᠠᠲ᠋ᠣᠲ ᠪᠣᠯᠣᠨ ᠠᠯᠮᠣᠨ ᠵᠡᠷᠭᠡ ᠳᠥᠷᠪᠡᠨ ᠬᠣᠲᠠ ᠶᠢ ᠪᠡᠯᠴᠢᠭᠡᠷ ᠲᠡᠢ ᠨᠢ ᠬᠠᠮᠲᠤ ᠬᠦᠷᠲᠡᠪᠡ᠃ 19 ᠡᠢᠨ ᠬᠦ ᠪᠦᠭᠦᠳᠡ ᠠᠷᠪᠠᠨ ᠭᠤᠷᠪᠠᠨ ᠬᠣᠲᠠ ᠪᠡᠯᠴᠢᠭᠡᠷ ᠲᠡᠢ ᠪᠡᠨ ᠬᠠᠮᠲᠤ ᠲᠠᠬᠢᠯᠴᠢ ᠠᠷᠣᠨ ᠤ ᠦᠷ᠎ᠡ ᠤᠳᠤᠮ ᠤᠨ ᠬᠢ ᠪᠣᠯᠣᠯ᠎ᠠ᠃

20 ᠯᠧᠸᠢᠴᠦᠳ ᠦᠨ ᠳᠤᠮᠳᠠᠬᠢ ᠺᠣᠬᠠᠲ ᠤᠨ ᠪᠤᠰᠤᠳ ᠠᠢᠮᠠᠭ ᠤᠳ ᠨᠢ ᠡᠹᠷᠠᠢᠮ ᠣᠪᠣᠭ ᠠᠴᠠ 21 ᠡᠹᠷᠠᠢᠮ ᠤᠨ ᠠᠭᠤᠯᠠᠷᠬᠠᠭ ᠨᠤᠲᠤᠭ ᠳᠠᠬᠢ ᠠᠮᠢᠨ ᠬᠡᠷᠡᠭᠲᠡᠨ ᠦ ᠬᠣᠷᠭᠣᠳᠠᠬᠤ ᠬᠣᠲᠠ ᠪᠣᠯᠬᠤ ᠱᠧᠺᠧᠮ᠂ ᠮᠥᠨ ᠭᠧᠽᠧᠷ᠂ 22 ᠺᠢᠪᠽᠠᠢᠮ ᠪᠣᠯᠣᠨ ᠪᠧᠲ ᠾᠣᠷᠣᠨ ᠵᠡᠷᠭᠡ ᠳᠥᠷᠪᠡᠨ ᠬᠣᠲᠠ ᠶᠢ ᠪᠡᠯᠴᠢᠭᠡᠷ ᠲᠡᠢ ᠨᠢ ᠬᠠᠮᠲᠤ ᠬᠦᠷᠲᠡᠵᠦ᠂ 23 ᠳ᠋ᠠᠨ ᠣᠪᠣᠭ ᠠᠴᠠ ᠡᠯᠲ᠋ᠧᠺᠧ᠂ ᠭᠢᠪᠧᠲ᠋ᠣᠨ᠂ 24 ᠠᠶᠠᠯᠣᠨ᠂ ᠭᠠᠲ ᠷᠢᠮᠣᠨ ᠵᠡᠷᠭᠡ ᠳᠥᠷᠪᠡᠨ ᠬᠣᠲᠠ ᠶᠢ ᠪᠡᠯᠴᠢᠭᠡᠷ ᠲᠡᠢ ᠨᠢ ᠬᠠᠮᠲᠤ᠂ 25 ᠮᠥᠨ ᠮᠠᠨᠠᠰᠧ ᠶᠢᠨ ᠬᠠᠭᠠᠰ ᠣᠪᠣᠭ ᠠᠴᠠ ᠲᠠᠨᠠᠺ᠂ ᠭᠠᠲ ᠷᠢᠮᠣᠨ ᠵᠡᠷᠭᠡ ᠬᠣᠶᠠᠷ ᠬᠣᠲᠠ ᠶᠢ ᠪᠡᠯᠴᠢᠭᠡᠷ ᠲᠡᠢ ᠨᠢ ᠬᠠᠮᠲᠤ ᠰᠢᠪᠠᠭ᠎ᠠ ᠪᠠᠷ ᠬᠦᠷᠲᠡᠵᠡᠢ᠃ 26 ᠲᠡᠢᠨ ᠬᠦ ᠪᠦᠭᠦᠳᠡ ᠠᠷᠪᠠᠨ ᠬᠣᠲᠠ ᠪᠡᠯᠴᠢᠭᠡᠷ ᠲᠡᠢ ᠪᠡᠨ ᠬᠠᠮᠲᠤ ᠺᠣᠬᠠᠲ ᠤᠨ ᠦᠯᠡᠳᠡᠭᠰᠡᠨ ᠠᠢᠮᠠᠭ ᠤᠳ ᠤᠨ ᠬᠢ ᠪᠣᠯᠣᠯ᠎ᠠ᠃

27 ᠯᠧᠸᠢᠴᠦᠳ ᠦᠨ ᠳᠤᠮᠳᠠ ᠠᠴᠠ ᠭᠧᠷᠱᠣᠨ ᠤ ᠦᠷ᠎ᠡ ᠤᠳᠤᠮ ᠴᠤ ᠮᠠᠨᠠᠰᠧ ᠶᠢᠨ ᠬᠠᠭᠠᠰ ᠣᠪᠣᠭ ᠠᠴᠠ ᠪᠠᠱᠠᠨ ᠳᠠᠬᠢ ᠠᠮᠢᠨ ᠬᠡᠷᠡᠭᠲᠡᠨ ᠦ ᠬᠣᠷᠭᠣᠳᠠᠬᠤ ᠭᠠᠵᠠᠷ ᠪᠣᠯᠬᠤ ᠭᠣᠯᠠᠨ᠂ ᠮᠥᠨ ᠪᠧᠱᠲ᠋ᠧᠷᠠ ᠵᠡᠷᠭᠡ ᠬᠣᠶᠠᠷ ᠬᠣᠲᠠ ᠶᠢ ᠪᠡᠯᠴᠢᠭᠡᠷ ᠨᠤᠲᠤᠭ ᠲᠠᠢ ᠨᠢ ᠬᠠᠮᠲᠤ ᠬᠦᠷᠲᠡᠵᠦ᠂ 28 ᠢᠰᠠᠺᠠᠷ ᠣᠪᠣᠭ ᠠᠴᠠ ᠺᠢᠱᠢᠶᠣᠨ᠂ ᠳ᠋ᠠᠪᠧᠷᠠᠲ᠂ 29 ᠶᠠᠷᠮᠦ᠋ᠲ ᠪᠣᠯᠣᠨ ᠧᠨ ᠭᠠᠨᠨᠢᠮ ᠵᠡᠷᠭᠡ ᠳᠥᠷᠪᠡᠨ ᠬᠣᠲᠠ ᠶᠢ ᠪᠡᠯᠴᠢᠭᠡᠷ ᠤᠳ ᠲᠠᠢ ᠨᠢ ᠬᠠᠮᠲᠤ᠂ 30 ᠠᠱᠧᠷ ᠣᠪᠣᠭ ᠠᠴᠠ ᠮᠢᠱᠠᠯ᠂ ᠠᠪᠳᠣᠨ᠂ 31 ᠾᠧᠯᠺᠠᠲ ᠪᠣᠯᠣᠨ ᠷᠧᠬᠣᠪ ᠵᠡᠷᠭᠡ ᠳᠥᠷᠪᠡᠨ ᠬᠣᠲᠠ ᠶᠢ ᠪᠡᠯᠴᠢᠭᠡᠷ ᠲᠡᠢ ᠨᠢ ᠬᠠᠮᠲᠤ᠂ 32 ᠨᠠᠹᠲ᠋ᠠᠯᠢ ᠣᠪᠣᠭ ᠠᠴᠠ ᠭᠠᠯᠢᠯᠠᠶ᠎ᠠ ᠳᠠᠬᠢ ᠠᠮᠢᠨ ᠬᠡᠷᠡᠭᠲᠡᠨ ᠦ ᠬᠣᠷᠭᠣᠳᠠᠬᠤ ᠭᠠᠵᠠᠷ ᠪᠣᠯᠬᠤ ᠺᠧᠳᠧᠱ᠂ ᠮᠥᠨ ᠬᠠᠮᠣᠲ ᠳ᠋ᠣᠷ ᠪᠣᠯᠣᠨ ᠺᠠᠷᠲ᠋ᠠᠨ ᠵᠡᠷᠭᠡ ᠭᠤᠷᠪᠠᠨ ᠬᠣᠲᠠ ᠶᠢ ᠪᠡᠯᠴᠢᠭᠡᠷ ᠲᠡᠢ ᠨᠢ ᠬᠠᠮᠲᠤ ᠬᠦᠷᠲᠡᠵᠡᠢ᠃ 33 ᠲᠡᠢᠨ ᠬᠦ ᠪᠦᠭᠦᠳᠡ ᠠᠷᠪᠠᠨ ᠭᠤᠷᠪᠠᠨ ᠬᠣᠲᠠ ᠪᠡᠯᠴᠢᠭᠡᠷ ᠲᠡᠢ ᠪᠡᠨ ᠬᠠᠮᠲᠤ ᠭᠧᠷᠱᠣᠨ ᠤ ᠠᠢᠮᠠᠭ ᠤᠳ ᠤᠨ ᠬᠢ ᠪᠣᠯᠣᠯ᠎ᠠ᠃

34 ᠦᠯᠡᠳᠡᠭᠰᠡᠨ ᠯᠧᠸᠢᠴᠦᠳ᠂ ᠲᠤᠬᠠᠢᠯᠠᠪᠠᠯ ᠮᠧᠷᠠᠷᠢ ᠶᠢᠨ ᠠᠢᠮᠠᠭ ᠤᠳ ᠨᠢ ᠽᠧᠪᠦ᠋ᠯᠣᠨ ᠣᠪᠣᠭ ᠠᠴᠠ ᠷᠣᠺᠨᠧᠶᠠᠮ᠂ ᠺᠠᠷᠲ᠋ᠠ᠂ 35 ᠳ᠋ᠢᠮᠨᠠ ᠪᠣᠯᠣᠨ ᠨᠠᠬᠠᠯᠠᠯ ᠵᠡᠷᠭᠡ ᠳᠥᠷᠪᠡᠨ ᠬᠣᠲᠠ ᠶᠢ ᠪᠡᠯᠴᠢᠭᠡᠷ ᠲᠡᠢ ᠨᠢ ᠬᠠᠮᠲᠤ᠂ 36 ᠷᠧᠣᠪᠧᠨ ᠣᠪᠣᠭ ᠠᠴᠠ ᠪᠧᠽᠧᠷ᠂ ᠶᠠᠬᠠᠽ᠂ 37 ᠺᠧᠳᠧᠮᠣᠲ ᠪᠣᠯᠣᠨ ᠮᠧᠹᠠᠲ ᠵᠡᠷᠭᠡ ᠳᠥᠷᠪᠡᠨ ᠬᠣᠲᠠ ᠶᠢ ᠪᠡᠯᠴᠢᠭᠡᠷ ᠲᠡᠢ ᠨᠢ ᠬᠠᠮᠲᠤ᠂ 38 ᠭᠠᠳ᠋ ᠣᠪᠣᠭ ᠠᠴᠠ ᠭᠢᠯᠧᠶᠠᠳ᠋ ᠳᠠᠬᠢ ᠠᠮᠢᠨ ᠬᠡᠷᠡᠭᠲᠡᠨ ᠦ ᠬᠣᠷᠭᠣᠳᠠᠬᠤ ᠬᠣᠲᠠ ᠷᠠᠮᠣᠲ᠂ ᠮᠥᠨ ᠮᠠᠬᠠᠨᠠᠢᠮ᠂ 39 ᠾᠧᠱᠪᠣᠨ᠂ ᠶᠠᠽᠧᠷ ᠵᠡᠷᠭᠡ ᠳᠥᠷᠪᠡᠨ ᠬᠣᠲᠠ ᠶᠢ ᠪᠡᠯᠴᠢᠭᠡᠷ ᠲᠡᠢ ᠨᠢ ᠬᠠᠮᠲᠤ ᠬᠦᠷᠲᠡᠪᠡ᠃ 40 ᠲᠡᠢᠨ ᠬᠦ ᠪᠦᠭᠦᠳᠡ ᠠᠷᠪᠠᠨ ᠬᠣᠶᠠᠷ ᠬᠣᠲᠠ ᠪᠡᠯᠴᠢᠭᠡᠷ ᠲᠡᠢ ᠪᠡᠨ ᠬᠠᠮᠲᠤ ᠦᠯᠡᠳᠡᠭᠰᠡᠨ ᠯᠧᠸᠢᠴᠦᠳ᠂ ᠲᠤᠬᠠᠢᠯᠠᠪᠠᠯ ᠮᠧᠷᠠᠷᠢ ᠶᠢᠨ ᠠᠢᠮᠠᠭ ᠤᠳ ᠤᠨ ᠬᠢ ᠪᠣᠯᠣᠯ᠎ᠠ᠃

41 ᠯᠧᠸᠢᠴᠦᠳ ᠢᠰᠷᠧᠯᠴᠦᠳ ᠦᠨ ᠡᠵᠡᠮᠰᠢᠭᠰᠡᠨ ᠭᠠᠵᠠᠷ ᠤᠳ ᠠᠴᠠ ᠪᠦᠭᠦᠳᠡ ᠳᠥᠴᠢᠨ ᠨᠠᠢ᠌ᠮᠠᠨ ᠬᠣᠲᠠ ᠶᠢ ᠪᠡᠯᠴᠢᠭᠡᠷ ᠲᠡᠢ ᠨᠢ ᠬᠠᠮᠲᠤ ᠬᠦᠷᠲᠡᠭᠰᠡᠨ ᠪᠠᠢᠨ᠎ᠠ᠃ 42 ᠡᠳᠡᠭᠡᠷ ᠬᠣᠲᠠ ᠨᠤᠭᠤᠳ ᠡᠷᠭᠢᠨ ᠲᠣᠭᠣᠷᠢᠨ ᠳᠠᠭᠠᠨ ᠪᠡᠯᠴᠢᠭᠡᠷ ᠲᠡᠢ ᠪᠠᠢᠵᠠᠢ᠂ ᠬᠣᠲᠠ ᠪᠣᠯᠭᠠᠨ ᠲᠡᠢᠮᠦ ᠪᠠᠢᠪᠠ᠃
 ᠢᠰᠷᠧᠯ ᠠᠮᠠᠯᠠᠯᠲᠠ ᠶᠢᠨ ᠭᠠᠵᠠᠷ ᠢ ᠡᠵᠡᠯᠡᠪᠡ

43 ᠶᠣᠬᠣᠸᠠ ᠢᠰᠷᠧᠯ ᠤᠨ ᠡᠴᠢᠭᠡ ᠡᠪᠦᠭᠡᠳ ᠲᠦ ᠠᠮᠠᠯᠠᠭᠰᠠᠨ ᠪᠦᠬᠦ ᠨᠤᠲᠤᠭ ᠢ ᠲᠡᠢᠨ ᠬᠦ ᠢᠰᠷᠧᠯ ᠳᠤ ᠰᠣᠶᠣᠷᠬᠠᠭᠰᠠᠨ ᠳᠤ᠂ ᠲᠡᠳᠡ ᠲᠡᠭᠦᠨ ᠢ ᠡᠵᠡᠮᠰᠢᠨ ᠲᠡᠨᠳᠡ ᠪᠡᠨ ᠰᠠᠭᠤᠷᠢᠰᠢᠪᠠ᠃ 44 ᠮᠥᠨ ᠶᠣᠬᠣᠸᠠ ᠲᠡᠳᠡᠨ ᠦ ᠡᠴᠢᠭᠡ ᠡᠪᠦᠭᠡᠳ ᠲᠦ ᠶᠠᠭ ᠠᠮᠠᠯᠠᠭᠰᠠᠨ ᠶᠣᠰᠣᠭᠠᠷ ᠢᠶᠠᠨ ᠡᠷᠭᠢᠨ ᠲᠣᠭᠣᠷᠢᠨ ᠳᠤᠨᠢ ᠠᠮᠤᠷ ᠠᠮᠤᠭᠤᠯᠠᠩ ᠢ ᠰᠣᠶᠣᠷᠬᠠᠭᠰᠠᠨ᠃ ᠶᠣᠬᠣᠸᠠ ᠪᠦᠬᠦ ᠳᠠᠢᠰᠤᠨ ᠢ ᠨᠢ ᠲᠡᠳᠡᠨ ᠦ ᠭᠠᠷ ᠲᠤ ᠲᠤᠰᠢᠶᠠᠭᠰᠠᠨ ᠤᠴᠢᠷ ᠠᠴᠠ ᠲᠡᠳᠡᠨ ᠦ ᠳᠠᠢᠰᠤᠨ ᠨᠤᠭᠤᠳ ᠠᠴᠠ ᠬᠡᠨ ᠨᠢ ᠴᠤ ᠲᠡᠳᠡᠨ ᠦ ᠡᠰᠡᠷᠭᠦ ᠵᠣᠭᠰᠣᠵᠤ ᠴᠢᠳᠠᠭᠰᠠᠨ ᠦᠭᠡᠢ᠃ 45 ᠢᠰᠷᠧᠯ ᠤᠨ ᠭᠡᠷ ᠦᠨ ᠬᠢᠨ ᠳᠤ ᠶᠣᠬᠣᠸᠠ ᠶᠢᠨ ᠠᠮᠠᠯᠠᠭᠰᠠᠨ ᠠᠯᠢᠪᠠ ᠰᠠᠢᠨ ᠰᠠᠢᠬᠠᠨ ᠠᠴᠠ ᠨᠢᠭᠡ ᠨᠢ ᠴᠤ ᠬᠣᠭᠣᠰᠣᠨ ᠪᠣᠯᠣᠭ᠎ᠠ ᠦᠭᠡᠢ᠂ ᠪᠦᠭᠦᠳᠡ ᠪᠡᠶᠡᠯᠡᠭᠳᠡᠪᠡ᠃