1 2 3 4 5 6 7 8 9 10 11 12 13 14 15 16 17 18 19 20 21 22 23 24


ᠶᠣᠱᠦ᠋ᠶ᠎ᠠ ᠬᠣᠷᠢᠨ ᠭᠤᠷᠪᠠ
 ᠶᠣᠱᠦ᠋ᠶ᠎ᠠ ᠶᠢᠨ ᠰᠡᠭᠦᠯᠴᠢ ᠶᠢᠨ ᠰᠠᠨᠠᠭᠤᠯᠭ᠎ᠠ

1 ᠶᠣᠬᠣᠸᠠ ᠢᠰᠷᠧᠯ ᠢ ᠡᠷᠭᠢᠨ ᠲᠣᠭᠣᠷᠢᠨ ᠤ ᠬᠢᠨᠢ ᠳᠠᠢᠰᠤᠨ ᠠᠴᠠ ᠠᠮᠠᠷᠠᠭᠠᠭᠰᠠᠨ ᠠᠴᠠ ᠬᠣᠢᠰᠢ ᠨᠡᠯᠢᠶᠡᠳ ᠬᠤᠭᠤᠴᠠᠭ᠎ᠠ ᠥᠩᠭᠡᠷᠡᠵᠡᠢ᠂ ᠶᠣᠱᠦ᠋ᠶ᠎ᠠ ᠥᠨᠳᠥᠷ ᠨᠠᠰᠤᠯᠠᠵᠤ ᠥᠲᠡᠯᠪᠡ᠃ 2 ᠶᠣᠱᠦ᠋ᠶ᠎ᠠ ᠪᠦᠬᠦ ᠢᠰᠷᠧᠯ ᠤᠨ ᠠᠬᠠᠮᠠᠳ ᠤᠳ᠂ ᠤᠳᠤᠷᠢᠳᠤᠭᠴᠢᠳ᠂ ᠰᠢᠭᠦᠭᠴᠢᠳ ᠪᠣᠯᠣᠨ ᠳᠠᠭᠠᠭᠠᠮᠠᠯ ᠤᠳ ᠢ ᠳᠠᠭᠤᠳᠠᠭᠠᠳ᠂ ᠲᠡᠳᠡᠨ ᠳᠦ᠄ 《ᠪᠢ ᠥᠨᠳᠥᠷ ᠨᠠᠰᠤᠯᠠᠵᠤ ᠥᠲᠡᠯᠦᠯ᠎ᠡ᠃ 3 ᠬᠠᠷᠢᠨ ᠲᠠ ᠨᠠᠷ ᠴᠤ ᠶᠣᠬᠣᠸᠠ ᠪᠤᠷᠬᠠᠨ ᠤ ᠪᠠᠨ ᠡᠳᠡᠭᠡᠷ ᠪᠦᠬᠦ ᠦᠨᠳᠦᠰᠦᠲᠡᠨ ᠳᠦ ᠬᠢᠭᠰᠡᠨ ᠪᠦᠬᠦᠨ ᠢ ᠨᠢᠳᠦ ᠪᠡᠷ ᠢᠶᠠᠨ ᠦᠵᠡᠭᠰᠡᠨ ᠪᠢᠯᠡ᠂ ᠦᠨᠡᠨ ᠳᠡᠭᠡᠨ ᠲᠠ ᠨᠠᠷ ᠤᠨ ᠲᠥᠯᠥᠭᠡ ᠳᠠᠢᠲᠤᠭᠴᠢ ᠨᠢ ᠲᠠ ᠨᠠᠷ ᠤᠨ ᠪᠤᠷᠬᠠᠨ ᠶᠣᠬᠣᠸᠠ ᠶᠤᠮ᠃ 4 ᠬᠠᠷᠠ᠂ ᠶᠣᠷᠳᠠᠨ ᠠᠴᠠ ᠡᠬᠢᠯᠡᠨ ᠨᠠᠷᠠᠨ ᠵᠢᠷᠭᠠᠬᠤ ᠵᠦᠭ ᠦᠨ ᠶᠡᠬᠡ ᠲᠠᠩᠭᠢᠰ ᠬᠦᠷᠲᠡᠯ᠎ᠡ ᠦᠯᠡᠳᠡᠭᠰᠡᠨ ᠤᠯᠤᠰ ᠣᠷᠣᠨ ᠨᠤᠭᠤᠳ ᠪᠣᠯᠣᠨ ᠤᠰᠠᠳᠬᠠᠭᠰᠠᠨ ᠠᠯᠢᠪᠠ ᠤᠯᠤᠰ ᠣᠷᠣᠨ ᠢ ᠬᠠᠮᠲᠤ ᠳᠤᠨᠢ ᠲᠠ ᠨᠠᠷ ᠲᠤ ᠣᠪᠣᠭ ᠤᠳ ᠢᠶᠠᠷ ᠴᠢᠨᠢ ᠥᠪ ᠪᠣᠯᠭᠠᠨ ᠰᠢᠪᠠᠭ᠎ᠠ ᠪᠠᠷ ᠬᠤᠪᠢᠶᠠᠷᠢᠯᠠᠨ ᠥᠭᠭᠥᠭᠰᠡᠨ ᠪᠢᠯᠡ᠃ 5 ᠲᠠ ᠨᠠᠷ ᠤᠨ ᠪᠤᠷᠬᠠᠨ ᠶᠣᠬᠣᠸᠠ ᠥᠪᠡᠷ ᠢᠶᠡᠨ ᠲᠡᠳᠡᠨ ᠢ ᠨᠢᠳᠦᠨ ᠦ ᠴᠢᠨᠢ ᠡᠮᠦᠨ᠎ᠡ ᠡᠴᠡ ᠬᠥᠭᠡᠭᠡᠨ ᠵᠠᠢᠯᠠᠭᠤᠯᠵᠤ᠂ ᠲᠠ ᠨᠠᠷ ᠶᠣᠬᠣᠸᠠ ᠪᠤᠷᠬᠠᠨ ᠤ ᠪᠠᠨ ᠠᠮᠠᠯᠠᠭᠰᠠᠨ ᠶᠣᠰᠣᠭᠠᠷ ᠲᠡᠳᠡᠨ ᠦ ᠨᠤᠲᠤᠭ ᠢ ᠡᠵᠡᠮᠰᠢᠬᠦ ᠪᠣᠯᠣᠨ᠎ᠠ᠃ 6 ᠲᠠ ᠨᠠᠷ ᠦᠨᠡᠬᠡᠷ ᠲᠤᠤᠱᠲᠠᠢ ᠪᠠᠢ︕ ᠮᠣᠰᠧ ᠶᠢᠨ ᠬᠠᠤᠯᠢ ᠶᠢᠨ ᠨᠣᠮ ᠳᠤ ᠪᠢᠴᠢᠭᠳᠡᠭᠰᠡᠨ ᠪᠦᠬᠦᠨ ᠢ ᠰᠠᠬᠢᠵᠤ ᠪᠡᠶᠡᠯᠡᠭᠦᠯ᠂ ᠲᠡᠭᠦᠨ ᠡᠴᠡ ᠪᠠᠷᠠᠭᠤᠨ ᠲᠡᠰᠢ ᠴᠤ᠂ ᠵᠡᠭᠦᠨ ᠲᠡᠰᠢ ᠴᠤ ᠪᠦᠦ ᠬᠠᠵᠠᠢ᠃ 7 ᠲᠠ ᠨᠠᠷ ᠤᠨ ᠬᠠᠵᠠᠭᠤ ᠳᠤ ᠦᠯᠡᠳᠡᠭᠰᠡᠨ ᠡᠳᠡᠭᠡᠷ ᠦᠨᠳᠦᠰᠦᠲᠡᠨ ᠲᠡᠢ ᠪᠦᠦ ᠬᠤᠳᠬᠤᠯᠳᠤ᠂ ᠲᠡᠳᠡᠨ ᠦ ᠪᠤᠷᠬᠠᠳ ᠤᠨ ᠨᠡᠷ᠎ᠡ ᠶᠢ ᠪᠦᠦ ᠳᠤᠷᠠᠳ᠂ ᠲᠡᠳᠡᠭᠡᠷ ᠢᠶᠡᠷ ᠨᠢ ᠪᠦᠦ ᠲᠠᠩ᠋ᠭᠠᠷᠢᠭᠯᠠ᠂ ᠲᠡᠳᠡᠭᠡᠷ ᠲᠦ ᠪᠦᠦ ᠮᠥᠷᠭᠥ᠂ ᠪᠦᠦ ᠪᠥᠬᠥᠢ᠃ 8 ᠬᠠᠷᠢᠨ ᠥᠨᠥᠳᠥᠷ ᠬᠦᠷᠲᠡᠯ᠎ᠡ ᠬᠢᠭᠰᠡᠨ ᠲᠡᠢ ᠪᠡᠨ ᠠᠳᠠᠯᠢ ᠭᠠᠭᠴᠠ ᠬᠦ ᠶᠣᠬᠣᠸᠠ ᠪᠤᠷᠬᠠᠨ ᠠᠴᠠ ᠪᠠᠨ ᠵᠢᠭᠤᠷᠠᠭᠠᠳ ᠪᠠᠢ᠃ 9 ᠶᠣᠬᠣᠸᠠ ᠲᠠ ᠨᠠᠷ ᠤᠨ ᠡᠮᠦᠨ᠎ᠡ ᠡᠴᠡ ᠬᠦᠴᠦᠷᠬᠡᠭ ᠶᠡᠬᠡ ᠦᠨᠳᠦᠰᠦᠲᠡᠨ ᠨᠦᠭᠦᠳ ᠢ ᠬᠥᠭᠡᠭᠡᠨ ᠭᠠᠷᠭᠠᠭᠰᠠᠨ ᠲᠤᠯᠠ ᠥᠨᠥᠳᠥᠷ ᠬᠦᠷᠲᠡᠯ᠎ᠡ ᠬᠡᠨ ᠴᠤ ᠲᠠ ᠨᠠᠷ ᠢ ᠡᠰᠡᠷᠭᠦᠴᠡᠨ ᠵᠣᠭᠰᠣᠵᠤ ᠴᠢᠳᠠᠭ᠎ᠠ ᠦᠭᠡᠢ ᠪᠢᠯᠡ᠃ 10 ᠲᠠᠨ ᠤ ᠭᠠᠭᠴᠠ ᠬᠥᠮᠦᠨ ᠮᠢᠩ᠋ᠭᠠᠨ ᠬᠥᠮᠦᠨ ᠢ ᠬᠥᠭᠡᠭᠡᠵᠦ ᠴᠢᠳᠠᠳᠠᠭ ᠨᠢ ᠲᠠ ᠨᠠᠷ ᠤᠨ ᠪᠤᠷᠬᠠᠨ ᠶᠣᠬᠣᠸᠠ ᠠᠮᠠᠯᠠᠭᠰᠠᠨ ᠶᠣᠰᠣᠭᠠᠷ ᠢᠶᠠᠨ᠂ ᠲᠡᠷᠡ ᠥᠪᠡᠷ ᠢᠶᠡᠨ ᠲᠠ ᠨᠠᠷ ᠤᠨ ᠲᠥᠯᠥᠭᠡ ᠲᠤᠯᠤᠯᠳᠤᠭᠰᠠᠨ ᠠᠴᠠ ᠶᠤᠮ᠃ 11 ᠲᠡᠢᠮᠦ ᠳᠦ ᠠᠮᠢ ᠶᠢᠨ ᠢᠶᠠᠨ ᠲᠥᠯᠥᠭᠡ ᠶᠡᠬᠡᠳᠡ ᠪᠣᠯᠭᠣᠮᠵᠢᠲᠠᠢ ᠪᠠᠢᠵᠤ᠂ ᠶᠣᠬᠣᠸᠠ ᠪᠤᠷᠬᠠᠨ ᠢᠶᠠᠨ ᠬᠠᠢᠷᠠᠯᠠ᠃ 12 ᠬᠡᠷᠪᠡ ᠲᠠ ᠨᠠᠷ ᠵᠠᠮ ᠠᠴᠠ ᠪᠠᠨ ᠡᠷᠭᠢᠵᠦ᠂ ᠥᠪᠡᠷᠰᠡᠳ ᠦᠨ ᠴᠢᠨᠢ ᠳᠤᠮᠳᠠ ᠦᠯᠡᠳᠡᠭᠰᠡᠨ ᠲᠡᠳᠡᠭᠡᠷ ᠦᠨᠳᠦᠰᠦᠲᠡᠨ ᠲᠡᠢ ᠨᠡᠢᠯᠡᠨ᠂ ᠲᠡᠳᠡᠨ ᠲᠡᠢ ᠤᠷᠤᠭᠯᠠᠵᠤ᠂ ᠶᠠᠪᠤᠯᠴᠠᠪᠠᠯ 13 ᠲᠠ ᠨᠠᠷ ᠤᠨ ᠪᠤᠷᠬᠠᠨ ᠶᠣᠬᠣᠸᠠ ᠲᠡᠳᠡᠭᠡᠷ ᠦᠨᠳᠦᠰᠦᠲᠡᠨ ᠢ ᠡᠮᠦᠨ᠎ᠡ ᠡᠴᠡ ᠴᠢᠨᠢ ᠳᠠᠬᠢᠵᠤ ᠬᠥᠭᠡᠭᠡᠨ ᠵᠠᠢᠯᠠᠭᠤᠯᠬᠤ ᠦᠭᠡᠢ ᠭᠡᠳᠡᠭ ᠢ ᠰᠠᠢᠨ ᠮᠡᠳᠡᠭᠡᠷᠡᠢ᠃ ᠲᠡᠳᠡ ᠲᠠ ᠨᠠᠷ ᠲᠤ ᠤᠷᠠᠬ᠎ᠠ᠂ ᠴᠠᠯᠮ᠎ᠠ ᠪᠣᠯᠵᠤ᠂ ᠨᠢᠷᠤᠭᠤᠨ ᠳᠤ ᠴᠢᠨᠢ ᠲᠠᠰᠢᠭᠤᠷ᠂ ᠨᠢᠳᠦᠨ ᠳᠦ ᠴᠢᠨᠢ ᠥᠷᠭᠡᠰᠦ ᠪᠣᠯᠣᠭᠠᠳ ᠲᠠ ᠨᠠᠷ ᠢ ᠶᠣᠬᠣᠸᠠ ᠪᠤᠷᠬᠠᠨ ᠤ ᠴᠢᠨᠢ ᠰᠣᠶᠣᠷᠬᠠᠭᠰᠠᠨ ᠡᠨᠡ ᠰᠠᠢᠬᠠᠨ ᠨᠤᠲᠤᠭ ᠠᠴᠠ ᠵᠠᠮᠬᠠᠷᠠᠭᠤᠯᠬᠤ ᠪᠣᠯᠣᠨ᠎ᠠ᠃

14 ᠬᠠᠷᠠ᠂ ᠣᠳᠣ ᠪᠢ ᠬᠣᠷᠸ᠎ᠠ ᠶᠢᠨ ᠵᠢᠮ᠎ᠡ ᠪᠡᠷ ᠣᠳᠬᠤ ᠭᠡᠵᠦ ᠪᠠᠢᠨ᠎ᠠ᠃ ᠲᠠ ᠨᠠᠷ ᠶᠣᠬᠣᠸᠠ ᠪᠤᠷᠬᠠᠨ ᠤ ᠪᠠᠨ ᠲᠠ ᠨᠠᠷ ᠲᠤ ᠠᠮᠠᠯᠠᠭᠰᠠᠨ ᠠᠯᠢᠪᠠ ᠰᠠᠢᠨ ᠰᠠᠢᠬᠠᠨ ᠠᠴᠠ ᠭᠠᠭᠴᠠ ᠨᠢ ᠴᠤ ᠬᠣᠭᠣᠰᠣᠨ ᠥᠩᠭᠡᠷᠡᠭᠡ ᠦᠭᠡᠢ ᠭᠡᠳᠡᠭ ᠢ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠮᠡᠳᠡᠵᠦ ᠪᠠᠢᠬᠤ ᠶᠣᠰᠣᠲᠠᠢ᠂ ᠭᠠᠭᠴᠠ ᠨᠢ ᠴᠤ ᠬᠣᠭᠣᠰᠣᠨ ᠥᠩᠭᠡᠷᠡᠭᠡ ᠦᠭᠡᠢ᠂ ᠪᠦᠭᠦᠳᠡᠭᠡᠷ ᠥᠪᠡᠷᠰᠡᠳ ᠦᠨ ᠴᠢᠨᠢ ᠳᠡᠭᠡᠷ᠎ᠡ ᠪᠡᠶᠡᠯᠡᠭᠳᠡᠭᠰᠡᠨ ᠪᠠᠢᠨ᠎ᠠ᠃ 15 ᠬᠠᠷᠢᠨ ᠲᠠ ᠨᠠᠷ ᠤᠨ ᠪᠤᠷᠬᠠᠨ ᠶᠣᠬᠣᠸᠠ ᠠᠮᠠᠯᠠᠭᠰᠠᠨ ᠠᠯᠢᠪᠠ ᠰᠠᠢᠨ ᠰᠠᠢᠬᠠᠨ ᠢᠶᠠᠨ ᠲᠠ ᠨᠠᠷ ᠤᠨ ᠳᠡᠭᠡᠷ᠎ᠡ ᠪᠡᠶᠡᠯᠡᠭᠦᠯᠦᠭᠰᠡᠨ ᠲᠡᠢ ᠪᠡᠨ ᠠᠳᠠᠯᠢ᠂ ᠰᠣᠶᠣᠷᠬᠠᠭᠰᠠᠨ ᠰᠠᠢᠬᠠᠨ ᠨᠤᠲᠤᠭ ᠠᠴᠠ ᠪᠠᠨ ᠲᠠ ᠨᠠᠷ ᠢ ᠤᠰᠠᠳᠬᠠᠲᠠᠯ᠎ᠠ ᠪᠠᠨ ᠠᠯᠢᠪᠠ ᠭᠠᠢ ᠭᠠᠮᠰᠢᠭ ᠢ ᠴᠤ ᠲᠠ ᠨᠠᠷ ᠤᠨ ᠳᠡᠭᠡᠷ᠎ᠡ ᠠᠪᠴᠢᠷᠠᠵᠤ ᠴᠢᠳᠠᠨ᠎ᠠ᠃ 16 ᠬᠡᠷᠪᠡ ᠲᠠ ᠨᠠᠷ ᠶᠣᠬᠣᠸᠠ ᠪᠤᠷᠬᠠᠨ ᠤ ᠪᠠᠨ ᠲᠤᠰᠢᠶᠠᠭᠰᠠᠨ ᠭᠡᠷ᠎ᠡ ᠶᠢ ᠵᠥᠷᠢᠴᠡᠨ᠂ ᠥᠭᠡᠷ᠎ᠡ ᠪᠤᠷᠬᠠᠳ ᠲᠤ ᠣᠴᠢᠵᠤ ᠮᠥᠷᠭᠥᠨ ᠲᠡᠳᠡᠨ ᠳᠦ ᠪᠥᠬᠥᠢᠪᠡᠯ᠂ ᠶᠣᠬᠣᠸᠠ ᠶᠢᠨ ᠠᠭᠤᠷ ᠬᠢᠯᠢᠩ ᠲᠠ ᠨᠠᠷ ᠤᠨ ᠡᠰᠡᠷᠭᠦ ᠳᠦᠷᠡᠯᠵᠡᠵᠦ᠂ ᠲᠠ ᠨᠠᠷ ᠲᠡᠭᠦᠨ ᠦ ᠰᠣᠶᠣᠷᠬᠠᠭᠰᠠᠨ ᠰᠠᠢᠬᠠᠨ ᠨᠤᠲᠤᠭ ᠳᠡᠭᠡᠷ᠎ᠡ ᠲᠦᠳᠡᠯ ᠦᠭᠡᠢ ᠮᠥᠬᠥᠬᠦ ᠪᠣᠯᠣᠨ᠎ᠠ》 ᠭᠡᠪᠡ᠃