ᠶᠣᠱᠦ᠋ᠶ᠎ᠠ ᠠᠷᠪᠠ ᠶᠢᠰᠦ
ᠰᠢᠮᠧᠶᠣᠨ ᠤ ᠥᠪ
1 ᠬᠣᠶᠠᠳᠠᠬᠢ ᠬᠤᠪᠢ ᠨᠢ ᠰᠢᠮᠧᠶᠣᠨ ᠣᠪᠣᠭ ᠤᠨ ᠠᠢᠮᠠᠭ ᠤᠳ ᠲᠤ ᠤᠨᠤᠭᠳᠠᠪᠠ᠃ ᠲᠡᠳᠡᠨ ᠦ ᠥᠪ ᠨᠢ ᠶᠦᠳᠠᠴᠤᠳ ᠤᠨ ᠥᠪ ᠦᠨ ᠳᠤᠮᠳᠠ ᠪᠠᠢᠯ᠎ᠠ᠃ 2 ᠲᠡᠳᠡᠨ ᠳᠦ ᠣᠨᠣᠭᠳᠠᠭᠰᠠᠨ ᠥᠪ ᠭᠡᠪᠡᠯ᠂ ᠪᠧᠷ ᠱᠧᠪᠠ᠂ ᠲᠤᠬᠠᠢᠯᠠᠪᠠᠯ ᠱᠧᠪᠠ᠂ ᠮᠣᠯᠠᠳᠠ᠂ 3 ᠬᠠᠽᠠᠷ ᠱᠦᠶᠠᠯ᠂ ᠪᠠᠯᠠ᠂ ᠡᠽᠧᠮ᠂ 4 ᠡᠯᠲ᠋ᠣᠯᠠᠳ᠋᠂ ᠪᠧᠲ᠋ᠦ᠋ᠯ᠂ ᠬᠣᠷᠮᠠ᠂ 5 ᠽᠢᠺᠯᠠᠭ᠂ ᠪᠧᠲ ᠮᠠᠷᠺᠠᠪᠣᠲ᠂ ᠬᠠᠽᠠᠷ ᠰᠦᠰᠠ᠂ 6 ᠪᠧᠲ ᠯᠧᠪᠠᠶᠣᠲ ᠪᠠ ᠱᠠᠷᠦ᠋ᠾᠧᠨ ᠵᠡᠷᠭᠡ ᠠᠷᠪᠠᠨ ᠭᠤᠷᠪᠠᠨ ᠬᠣᠲᠠ ᠪᠣᠯᠣᠨ ᠡᠷᠭᠢᠨ ᠲᠣᠭᠣᠷᠢᠨ ᠤ ᠬᠢᠨ ᠲᠣᠰᠬᠣᠳ᠂ 7 ᠮᠥᠨ ᠠᠶ᠋ᠢᠨ᠂ ᠷᠢᠮᠣᠨ᠂ ᠡᠲ᠋ᠧᠷ ᠪᠠ ᠠᠱᠠᠨ ᠵᠡᠷᠭᠡ ᠳᠥᠷᠪᠡᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂ 8 ᠮᠥᠨ ᠡᠮᠦᠨᠡᠲᠦ ᠪᠦᠰᠡ ᠶᠢᠨ ᠷᠠᠮᠠ᠂ ᠥᠭᠡᠷ᠎ᠡ ᠪᠡᠷ ᠬᠡᠯᠡᠪᠡᠯ ᠪᠠᠯᠠᠲ ᠪᠧᠷ ᠬᠦᠷᠲᠡᠯᠡᠬᠢ ᠲᠡᠳᠡᠭᠡᠷ ᠬᠣᠲᠠ ᠶᠢᠨ ᠡᠷᠭᠢᠨ ᠲᠣᠭᠣᠷᠢᠨ ᠳᠠᠬᠢ ᠪᠦᠬᠦ ᠲᠣᠰᠬᠣᠨ ᠶᠤᠮ᠃ ᠰᠢᠮᠧᠶᠣᠨ ᠣᠪᠣᠭ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠨᠡ ᠪᠢᠯᠡ᠃ 9 ᠡᠢᠨ ᠬᠦ ᠰᠢᠮᠧᠶᠣᠨᠴᠤᠳ ᠥᠪ ᠢᠶᠡᠨ ᠶᠦᠳᠠᠴᠤᠳ ᠤᠨ ᠥᠪ ᠡᠴᠡ ᠲᠤᠰᠠᠭᠠᠷᠯᠠᠨ ᠠᠪᠤᠭᠰᠠᠨ ᠶᠤᠮ᠃ ᠶᠦᠳᠠᠴᠤᠳ ᠤᠨ ᠥᠪ ᠬᠡᠷᠡᠭᠴᠡᠭᠡᠨ ᠡᠴᠡ ᠨᠢ ᠢᠯᠡᠭᠦᠦ ᠪᠣᠯᠬᠣᠷ ᠰᠢᠮᠧᠶᠣᠨᠴᠤᠳ ᠲᠡᠳᠡᠨ ᠦ ᠥᠪ ᠦᠨ ᠭᠣᠣᠯ ᠳᠤᠮᠳᠠ ᠠᠴᠠ ᠥᠪ ᠬᠦᠷᠲᠡᠭᠰᠡᠨ ᠪᠠᠢᠵᠠᠢ᠃
ᠽᠧᠪᠦ᠋ᠯᠣᠨ ᠤ ᠥᠪ
10 ᠭᠤᠷᠪᠠᠳᠠᠬᠢ ᠬᠤᠪᠢ ᠨᠢ ᠽᠧᠪᠦ᠋ᠯᠣᠨ ᠣᠪᠣᠭ ᠤᠨ ᠠᠢᠮᠠᠭ ᠤᠳ ᠲᠤ ᠤᠨᠤᠭᠳᠠᠪᠠ᠃ ᠲᠡᠳᠡᠨ ᠦ ᠥᠪ ᠨᠤᠲᠤᠭ ᠰᠠᠷᠢᠳ᠋ ᠬᠦᠷᠲᠡᠯ᠎ᠡ ᠦᠷᠭᠦᠯᠵᠢᠯᠡᠨ᠎ᠡ᠃ 11 ᠲᠡᠷᠡ ᠬᠢᠯᠢ ᠪᠠᠷᠠᠭᠤᠨ ᠲᠡᠰᠢ ᠥᠭᠰᠥᠨ ᠮᠠᠷᠠᠯᠠ ᠪᠠᠷ ᠳᠠᠭᠠᠷᠢᠵᠤ᠂ ᠳ᠋ᠠᠪᠧᠱᠧᠲ ᠢᠶᠠᠷ ᠳᠠᠮᠵᠢᠨ᠂ ᠷᠣᠺᠨᠧᠶᠠᠮ ᠤᠨ ᠣᠢᠷ᠎ᠠ ᠪᠤᠢ ᠭᠣᠷᠣᠬᠠᠨ ᠳᠤ ᠬᠦᠷᠦᠭᠡᠳ 12 ᠰᠠᠷᠢᠳ᠋ ᠡᠴᠡ ᠵᠡᠭᠦᠨ ᠲᠡᠰᠢ ᠨᠠᠷᠠᠨ ᠮᠠᠨᠳᠤᠬᠤ ᠵᠦᠭ ᠲᠦ ᠡᠷᠭᠢᠨ ᠺᠢᠰᠯᠣᠲ ᠲᠠᠪᠣᠷ ᠤᠨ ᠬᠢᠯᠢ ᠳᠤ ᠬᠦᠷᠴᠦ᠂ ᠳ᠋ᠠᠪᠧᠷᠠᠲ ᠤᠷᠤᠭᠤ ᠦᠷᠭᠦᠯᠵᠢᠯᠡᠨ ᠶᠠᠹᠢᠶᠠ ᠥᠭᠡᠳᠡ ᠥᠭᠰᠥᠨ᠎ᠡ᠂ 13 ᠲᠡᠨᠳᠡ ᠡᠴᠡ ᠵᠡᠭᠦᠨ ᠲᠡᠰᠢ ᠭᠠᠲ ᠾᠧᠹᠧᠷ ᠢᠶᠠᠷ ᠥᠩᠭᠡᠷᠡᠨ ᠡᠲ ᠺᠠᠽᠢᠨ ᠢᠶᠠᠷ ᠳᠠᠭᠠᠷᠢᠵᠤ ᠷᠢᠮᠣᠨ ᠳᠤ ᠬᠦᠷᠦᠭᠡᠳ ᠨᠧᠶᠠ ᠵᠦᠭ ᠮᠤᠷᠤᠢᠨ᠎ᠠ᠃ 14 ᠲᠡᠷᠡ ᠬᠢᠯᠢ ᠨᠢ ᠬᠣᠢᠨ᠎ᠠ ᠲᠡᠰᠢ ᠡᠷᠭᠢᠨ ᠬᠠᠨᠨᠠᠲ᠋ᠣᠨ ᠲᠡᠰᠢ ᠶᠠᠪᠤᠵᠤ᠂ ᠢᠹᠲ᠋ᠠ ᠧᠯ ᠳᠤ ᠬᠦᠷᠦᠭᠡᠳ ᠲᠡᠭᠦᠰᠦᠨ᠎ᠡ᠃ 15 ᠮᠥᠨ ᠺᠠᠷᠲ᠋ᠠᠲ᠂ ᠨᠠᠬᠠᠯᠠᠯ᠂ ᠱᠢᠮᠷᠣᠨ᠂ ᠢᠳᠠᠯ᠎ᠠ᠂ ᠪᠧᠲ᠋ᠯᠧᠾᠧᠮ ᠵᠡᠷᠭᠡ ᠠᠷᠪᠠᠨ ᠬᠣᠶᠠᠷ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠴᠤ ᠲᠡᠳᠡᠨ ᠦ ᠬᠢ ᠪᠠᠢᠯ᠎ᠠ᠃ 16 ᠽᠧᠪᠦ᠋ᠯᠣᠨᠴᠤᠳ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠳᠡᠭᠡᠷ ᠬᠣᠲᠠ ᠲᠣᠰᠬᠣᠨ ᠶᠤᠮ᠃
ᠢᠰᠠᠺᠠᠷ ᠤᠨ ᠥᠪ
17 ᠳᠥᠷᠪᠡᠳᠡᠬᠢ ᠬᠤᠪᠢ ᠨᠢ ᠢᠰᠠᠺᠠᠷ ᠣᠪᠣᠭ ᠤᠨ ᠠᠢᠮᠠᠭ ᠤᠳ ᠲᠤ ᠤᠨᠤᠭᠳᠠᠪᠠ᠃ 18 ᠲᠡᠳᠡᠨ ᠦ ᠪᠦᠰᠡ ᠨᠤᠲᠤᠭ ᠭᠡᠪᠡᠯ᠂ ᠶᠧᠽᠷᠧᠯ᠂ ᠺᠧᠰᠦ᠋ᠯᠣᠲ᠂ ᠱᠦᠨᠧᠮ᠂ 19 ᠬᠠᠹᠠᠷᠠᠢᠮ᠂ ᠱᠢᠶᠣᠨ᠂ ᠠᠨᠠᠬᠠᠷᠠᠲ᠂ 20 ᠷᠠᠪᠢᠲ᠂ ᠺᠢᠱᠢᠶᠣᠨ᠂ ᠡᠪᠧᠽ᠂ 21 ᠷᠧᠮᠧᠲ᠂ ᠧᠨ ᠭᠠᠨᠨᠢᠮ᠂ ᠧᠨ ᠬᠠᠳᠠ ᠪᠠ ᠪᠧᠲ ᠫᠠᠽᠧᠽ ᠪᠢᠯᠡ᠃ 22 ᠲᠡᠳᠡᠨ ᠦ ᠬᠢᠯᠢ ᠲᠠᠪᠣᠷ᠂ ᠱᠠᠬᠠᠽᠦ᠋ᠮᠠ᠂ ᠪᠧᠲ ᠱᠧᠮᠧᠱ ᠢᠶᠠᠷ ᠳᠠᠮᠵᠢᠨ ᠶᠣᠷᠳᠠᠨ ᠬᠦᠷᠴᠦ ᠲᠡᠭᠦᠰᠦᠨ᠎ᠡ᠃ ᠪᠦᠭᠦᠳᠡ ᠠᠷᠪᠠᠨ ᠵᠢᠷᠭᠤᠭᠠᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠴᠥᠮ ᠲᠡᠳᠡᠨ ᠦ ᠬᠢ ᠶᠤᠮ᠃ 23 ᠢᠰᠠᠺᠠᠷ ᠣᠪᠣᠭ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠳᠡᠭᠡᠷ ᠬᠣᠲᠠ ᠲᠣᠰᠬᠣᠨ ᠪᠢᠯᠡ᠃
ᠠᠱᠧᠷ ᠤᠨ ᠥᠪ
24 ᠲᠠᠪᠤᠳᠠᠬᠢ ᠬᠤᠪᠢ ᠨᠢ ᠠᠱᠧᠷ ᠣᠪᠣᠭ ᠤᠨ ᠠᠢᠮᠠᠭ ᠤᠳ ᠲᠤ ᠤᠨᠤᠭᠳᠠᠪᠠ᠃ 25 ᠲᠡᠳᠡᠨ ᠦ ᠪᠦᠰᠡ ᠨᠤᠲᠤᠭ ᠭᠡᠪᠡᠯ᠂ ᠾᠧᠯᠺᠠᠲ᠂ ᠬᠠᠯᠢ᠂ ᠪᠧᠲ᠋ᠧᠨ᠂ ᠠᠺᠱᠠᠹ᠂ 26 ᠠᠯᠠᠮᠧᠯᠧᠺ᠂ ᠠᠮᠠᠳ᠋ ᠪᠠ ᠮᠢᠱᠠᠯ ᠪᠢᠯᠡ᠃ ᠲᠡᠳᠡᠨ ᠦ ᠪᠠᠷᠠᠭᠤᠨ ᠬᠢᠯᠢ ᠨᠢ ᠺᠠᠷᠮᠧᠯ ᠪᠣᠯᠣᠨ ᠱᠢᠬᠣᠷ ᠯᠢᠪᠨᠠᠲ ᠲᠤ ᠬᠦᠷᠴᠦ᠂ 27 ᠵᠡᠭᠦᠨᠰᠢ ᠪᠧᠲ ᠳ᠋ᠠᠭᠣᠨ ᠤᠷᠤᠭᠤ ᠡᠷᠭᠢᠵᠦ᠂ ᠽᠧᠪᠦ᠋ᠯᠣᠨ ᠪᠣᠯᠣᠨ ᠢᠹᠲ᠋ᠠ ᠧᠯ ᠬᠥᠨᠳᠡᠢ ᠳᠦ ᠬᠦᠷᠦᠭᠡᠳ ᠬᠣᠢᠰᠢ ᠶᠠᠪᠤᠵᠤ ᠪᠧᠲ ᠡᠮᠧᠺ ᠪᠠ ᠨᠧᠶᠧᠯ ᠳᠤ ᠬᠦᠷᠴᠦ᠂ ᠵᠡᠭᠦᠨ ᠭᠠᠷ ᠲᠡᠰᠢ ᠡᠷᠭᠢᠵᠦ ᠺᠠᠪᠦ᠋ᠯ ᠢᠶᠠᠷ ᠥᠩᠭᠡᠷᠡᠨ᠂ 28 ᠠᠪᠷᠣᠨ᠂ ᠷᠧᠬᠣᠪ᠂ ᠬᠠᠮᠣᠨ ᠪᠠ ᠺᠠᠨᠠ ᠪᠠᠷ ᠳᠠᠭᠠᠷᠢᠵᠤ ᠶᠡᠬᠡ ᠰᠢᠢᠳᠣᠨ ᠳᠤ ᠬᠦᠷᠦᠨ᠎ᠡ᠃ 29 ᠲᠡᠷᠡ ᠬᠢᠯᠢ ᠷᠠᠮᠠ ᠤᠷᠤᠭᠤ ᠡᠷᠭᠢᠵᠦ᠂ ᠲᠢᠷ ᠤᠨ ᠪᠡᠬᠢᠯᠡᠭᠳᠡᠭᠰᠡᠨ ᠬᠣᠲᠠ ᠳᠤ ᠬᠦᠷᠦᠭᠡᠳ ᠬᠣᠰᠠ ᠤᠷᠤᠭᠤ ᠡᠷᠭᠢᠵᠦ᠂ ᠠᠺᠰᠢᠪ ᠤᠨ ᠪᠦᠰᠡ ᠨᠤᠲᠤᠭ ᠳᠠᠬᠢ ᠲᠠᠩᠭᠢᠰ ᠲᠤ ᠬᠦᠷᠴᠦ ᠲᠡᠭᠦᠰᠦᠨ᠎ᠡ᠃ 30 ᠮᠥᠨ ᠣᠮᠠ᠂ ᠠᠹᠧᠺ᠂ ᠷᠧᠬᠣᠪ ᠵᠡᠷᠭᠡ ᠬᠣᠷᠢᠨ ᠬᠣᠶᠠᠷ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠴᠤ ᠲᠡᠳᠡᠨ ᠦ ᠬᠢ ᠪᠢᠯᠡ᠃ 31 ᠠᠱᠧᠷ ᠣᠪᠣᠭ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠳᠡᠭᠡᠷ ᠬᠣᠲᠠ ᠲᠣᠰᠬᠣᠨ ᠶᠤᠮ᠃
ᠨᠠᠹᠲ᠋ᠠᠯᠢ ᠶᠢᠨ ᠥᠪ
32 ᠵᠢᠷᠭᠤᠳᠠᠬᠢ ᠬᠤᠪᠢ ᠨᠢ ᠨᠠᠹᠲ᠋ᠠᠯᠢ ᠶᠢᠨ ᠣᠪᠣᠭ ᠤᠨ ᠠᠢᠮᠠᠭ ᠤᠳ ᠲᠤ ᠤᠨᠤᠭᠳᠠᠪᠠ᠃ 33 ᠲᠡᠳᠡᠨ ᠦ ᠬᠢᠯᠢ ᠨᠢ ᠾᠧᠯᠧᠹ ᠪᠣᠯᠣᠨ ᠽᠠᠨᠠᠨᠢᠮ ᠳᠠᠬᠢ ᠴᠠᠷᠠᠰᠤ ᠠᠴᠠ ᠡᠬᠢᠯᠡᠨ ᠠᠳᠠᠮᠢ ᠨᠧᠺᠧᠪ᠂ ᠶᠠᠪᠨᠧᠯ ᠢᠶᠠᠷ ᠳᠠᠭᠠᠷᠢᠵᠤ ᠯᠠᠺᠦ᠋ᠮ ᠢᠶᠠᠷ ᠥᠩᠭᠡᠷᠡᠭᠡᠳ ᠶᠣᠷᠳᠠᠨ ᠭᠣᠣᠯ ᠳᠤ ᠬᠦᠷᠴᠦ ᠲᠡᠭᠦᠰᠦᠨ᠎ᠡ᠃ 34 ᠲᠡᠷᠡ ᠬᠢᠯᠢ ᠪᠠᠷᠠᠭᠤᠨᠰᠢ ᠡᠷᠭᠢᠵᠦ ᠠᠽᠨᠣᠲ ᠲᠠᠪᠣᠷ ᠢᠶᠠᠷ ᠳᠠᠭᠠᠷᠢᠨ ᠾᠦᠺᠣᠺ ᠲᠤ ᠬᠦᠷᠬᠦ ᠪᠥᠭᠡᠳ ᠡᠮᠦᠨ᠎ᠡ ᠲᠠᠯ᠎ᠠ ᠪᠠᠷ ᠢᠶᠠᠨ ᠽᠧᠪᠦ᠋ᠯᠣᠨ ᠲᠠᠢ᠂ ᠪᠠᠷᠠᠭᠤᠨ ᠲᠠᠯ᠎ᠠ ᠪᠠᠷ ᠢᠶᠠᠨ ᠠᠱᠧᠷ ᠲᠠᠢ᠂ ᠨᠠᠷᠠᠨ ᠮᠠᠨᠳᠤᠬᠤ ᠵᠦᠭ ᠳᠠᠬᠢ ᠵᠡᠭᠦᠨ ᠲᠠᠯ᠎ᠠ ᠪᠠᠷ ᠢᠶᠠᠨ ᠶᠣᠷᠳᠠᠨ ᠭᠣᠣᠯ ᠢᠶᠠᠷ ᠶᠦᠳᠠ ᠲᠠᠢ ᠬᠢᠯᠢ ᠵᠠᠯᠭᠠᠵᠤ ᠪᠠᠢᠨ᠎ᠠ᠃ 35 ᠪᠡᠬᠢᠯᠡᠯᠲᠡᠲᠦ ᠬᠣᠲᠠ ᠨᠤᠭᠤᠳ ᠭᠡᠪᠡᠯ᠂ ᠽᠢᠳᠢᠮ᠂ ᠽᠧᠷ᠂ ᠬᠠᠮᠠᠲ᠂ ᠷᠠᠺᠠᠲ᠂ ᠺᠢᠨᠧᠷᠧᠲ᠂ 36 ᠠᠳᠠᠮᠠ᠂ ᠷᠠᠮᠠ᠂ ᠬᠠᠽᠣᠷ᠂ 37 ᠺᠧᠳᠧᠱ᠂ ᠡᠳ᠋ᠷᠧᠢ᠂ ᠧᠨ ᠬᠠᠽᠣᠷ᠂ 38 ᠢᠷᠣᠨ᠂ ᠮᠢᠭᠳᠠᠯ ᠢᠯ᠂ ᠬᠣᠷᠧᠮ᠂ ᠪᠧᠲ ᠠᠨᠠᠲ ᠪᠠ ᠪᠧᠲ ᠱᠧᠮᠧᠱ ᠵᠡᠷᠭᠡ ᠠᠷᠪᠠ ᠶᠢᠰᠦᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠪᠢᠯᠡ᠃ 39 ᠨᠠᠹᠲ᠋ᠠᠯᠢ ᠣᠪᠣᠭ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠳᠡᠭᠡᠷ ᠬᠣᠲᠠ ᠲᠣᠰᠬᠣᠨ ᠶᠤᠮ᠃
ᠳ᠋ᠠᠨ ᠤ ᠥᠪ
40 ᠳᠣᠯᠣᠳᠠᠬᠢ ᠬᠤᠪᠢ ᠨᠢ ᠳ᠋ᠠᠨ ᠣᠪᠣᠭ ᠤᠨ ᠠᠢᠮᠠᠭ ᠤᠳ ᠲᠤ ᠤᠨᠤᠭᠳᠠᠪᠠ᠃ 41 ᠲᠡᠳᠡᠨ ᠦ ᠥᠪᠯᠡᠭᠰᠡᠨ ᠨᠤᠲᠤᠭ ᠭᠡᠪᠡᠯ᠂ ᠽᠣᠷᠠ᠂ ᠡᠱᠲ᠋ᠠᠶᠣᠯ᠂ ᠢᠷ ᠱᠧᠮᠧᠱ᠂ 42 ᠱᠠ ᠠᠯᠠᠪᠢᠨ᠂ ᠠᠶᠠᠯᠣᠨ᠂ ᠢᠲ᠋ᠯᠠ᠂ 43 ᠡᠯᠣᠨ᠂ ᠲᠢᠮᠨᠠ᠂ ᠡᠺᠷᠣᠨ᠂ 44 ᠡᠯᠲ᠋ᠧᠺᠧ᠂ ᠭᠢᠪᠧᠲ᠋ᠣᠨ᠂ ᠪᠠᠯᠠᠲ᠂ 45 ᠶᠧᠾᠦ᠋ᠳ᠋᠂ ᠪᠧᠨᠧ ᠪᠧᠷᠠᠺ᠂ ᠭᠠᠲ ᠷᠢᠮᠣᠨ᠂ 46 ᠮᠧᠶᠠᠷᠺᠣᠨ᠂ ᠷᠠᠺᠣᠨ ᠪᠣᠯᠣᠨ ᠶᠣᠫᠠ ᠶᠢᠨ ᠬᠠᠷᠠᠯᠳᠤᠭᠠᠬᠢ ᠪᠦᠰᠡ ᠨᠤᠲᠤᠭ ᠪᠢᠯᠡ᠃ 47 ᠬᠠᠷᠢᠨ ᠳ᠋ᠠᠨᠴᠤᠳ ᠲᠡᠷᠡ ᠭᠠᠵᠠᠷ ᠢ ᠭᠠᠷ ᠲᠠᠭᠠᠨ ᠣᠷᠣᠭᠤᠯᠵᠤ ᠴᠢᠳᠠᠭᠰᠠᠨ ᠦᠭᠡᠢ᠃ ᠲᠡᠭᠡᠭᠡᠳ ᠲᠡᠳᠡ ᠯᠧᠱᠧᠮ ᠲᠠᠢ ᠳᠠᠢᠲᠤᠬᠤ ᠪᠠᠷ ᠶᠠᠪᠤᠭᠠᠳ ᠲᠡᠭᠦᠨ ᠢ ᠡᠵᠡᠮᠰᠢᠵᠦ᠂ ᠢᠯᠳᠦᠨ ᠦ ᠢᠷ ᠢᠶᠠᠷ ᠴᠣᠬᠢᠨ ᠭᠠᠷ ᠲᠠᠭᠠᠨ ᠣᠷᠣᠭᠤᠯᠤᠨ ᠠᠪᠴᠤ ᠲᠡᠨᠳᠡ ᠰᠠᠭᠤᠷᠢᠰᠢᠪᠠ᠃ ᠲᠡᠳᠡ ᠯᠧᠱᠧᠮ ᠢ ᠡᠴᠢᠭᠡ ᠡᠪᠦᠭᠡ ᠳ᠋ᠠᠨ ᠤ ᠪᠠᠨ ᠨᠡᠷ᠎ᠡ ᠪᠡᠷ ᠳ᠋ᠠᠨ ᠭᠡᠵᠦ ᠨᠡᠷᠡᠯᠡᠪᠡ᠃ 48 ᠳ᠋ᠠᠨ ᠣᠪᠣᠭ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠳᠡᠭᠡᠷ ᠬᠣᠲᠠ ᠲᠣᠰᠬᠣᠨ ᠶᠤᠮ᠃
ᠶᠣᠱᠦ᠋ᠶ᠎ᠠ ᠶᠢᠨ ᠥᠪ
49 ᠢᠰᠷᠧᠯᠴᠦᠳ ᠭᠠᠵᠠᠷ ᠨᠤᠲᠤᠭ ᠢᠶᠠᠨ ᠬᠢᠯᠢ ᠬᠢᠵᠠᠭᠠᠷ ᠤᠳ ᠢᠶᠠᠷ ᠨᠢ ᠬᠤᠪᠢᠶᠠᠷᠢᠯᠠᠵᠤ ᠳᠠᠭᠤᠰᠬᠠᠭᠠᠳ ᠨᠦᠨ ᠦ ᠬᠦᠦ ᠶᠣᠱᠦ᠋ᠶ᠎ᠠ ᠳᠤ ᠴᠤ ᠥᠪ ᠣᠯᠭᠣᠪᠠ᠃ 50 ᠡᠨᠡ ᠨᠢ ᠶᠣᠬᠣᠸᠠ ᠶᠢᠨ ᠲᠤᠰᠢᠶᠠᠭᠰᠠᠨ ᠶᠣᠰᠣᠭᠠᠷ ᠪᠣᠯᠵᠠᠢ᠃ ᠲᠡᠳᠡ ᠶᠣᠱᠦ᠋ᠶ᠎ᠠ ᠳᠤ ᠥᠪᠡᠷ ᠦᠨ ᠬᠢᠨᠢ ᠭᠤᠶᠤᠭᠰᠠᠨ ᠡᠹᠷᠠᠢᠮ ᠤᠨ ᠠᠭᠤᠯᠠᠷᠬᠠᠭ ᠨᠤᠲᠤᠭ ᠳᠠᠬᠢ ᠲᠢᠮᠨᠠᠲ ᠰᠧᠷᠠ ᠬᠣᠲᠠ ᠶᠢ ᠥᠭᠭᠥᠭᠰᠡᠨ ᠳᠦ᠂ ᠶᠣᠱᠦ᠋ᠶ᠎ᠠ ᠲᠡᠨᠳᠡ ᠬᠣᠲᠠ ᠪᠠᠢᠭᠤᠯᠵᠤ᠂ ᠰᠠᠭᠤᠷᠢᠰᠢᠪᠠ᠃
51 ᠡᠳᠡᠭᠡᠷ ᠨᠤᠲᠤᠭ ᠤᠳ ᠢ ᠲᠠᠬᠢᠯᠴᠢ ᠡᠯᠧᠶᠠᠽᠠᠷ᠂ ᠨᠦᠨ ᠦ ᠬᠦᠦ ᠶᠣᠱᠦ᠋ᠶ᠎ᠠ ᠪᠣᠯᠣᠨ ᠢᠰᠷᠧᠯ ᠤᠨ ᠣᠪᠣᠭ᠂ ᠠᠢᠮᠠᠭ ᠤᠳ ᠤᠨ ᠠᠬᠠᠯᠠᠭᠴᠢ ᠲᠠᠢ ᠬᠠᠮᠲᠤ ᠱᠢᠯᠣ᠋ ᠳᠤ᠂ ᠠᠭᠤᠯᠵᠠᠯᠲᠠ ᠶᠢᠨ ᠴᠠᠴᠠᠷ ᠤᠨ ᠡᠭᠦᠳᠡᠨ ᠳᠦ᠂ ᠶᠣᠬᠣᠸᠠ ᠶᠢᠨ ᠡᠮᠦᠨ᠎ᠡ ᠰᠢᠪᠠᠭ᠎ᠠ ᠪᠠᠷ ᠬᠤᠪᠢᠶᠠᠷᠢᠯᠠᠭᠰᠠᠨ ᠶᠤᠮ᠃ ᠲᠡᠢᠨ ᠬᠦ ᠭᠠᠵᠠᠷ ᠨᠤᠲᠤᠭ ᠤᠳ ᠢ ᠬᠤᠪᠢᠶᠠᠵᠤ ᠳᠠᠭᠤᠰᠬᠠᠭᠰᠠᠨ ᠪᠠᠢᠯ᠎ᠠ᠃