1 2 3 4 5 6 7 8 9 10 11 12 13 14 15 16 17 18 19 20 21 22 23 24


ᠶᠣᠱᠦ᠋ᠶ᠎ᠠ ᠠᠷᠪᠠᠨ ᠲᠠᠪᠤ
 ᠶᠦᠳᠠ ᠶᠢᠨ ᠥᠪ

1 ᠶᠦᠳᠠ ᠣᠪᠣᠭ ᠤᠨ ᠠᠢᠮᠠᠭ ᠤᠳ ᠢᠶᠠᠷ ᠢᠶᠠᠨ ᠰᠢᠪᠠᠭ᠎ᠠ ᠪᠠᠷ ᠬᠦᠷᠲᠡᠭᠰᠡᠨ ᠥᠪ ᠨᠢ ᠡᠮᠦᠨᠡᠲᠦ ᠬᠢᠵᠠᠭᠠᠷ ᠲᠠᠭᠠᠨ ᠽᠢᠨ ᠤ ᠴᠥᠯ ᠳᠤ ᠬᠦᠷᠴᠦ᠂ ᠡᠳᠣᠮ ᠲᠠᠢ ᠬᠢᠯᠢ ᠨᠡᠢᠯᠡᠨ᠎ᠡ᠃ 2 ᠲᠡᠳᠡᠨ ᠦ ᠡᠮᠦᠨᠡᠲᠦ ᠬᠢᠯᠢ ᠨᠢ ᠳᠠᠪᠤᠰᠤᠲᠤ ᠲᠠᠩᠭᠢᠰ ᠤᠨ ᠡᠮᠦᠨᠡᠲᠦ ᠦᠵᠦᠭᠦᠷ ᠦᠨ ᠳᠠᠯᠠᠢ ᠶᠢᠨ ᠪᠤᠯᠤᠩ ᠠᠴᠠ ᠡᠬᠢᠯᠡᠭᠡᠳ 3 ᠡᠮᠦᠨ᠎ᠡ ᠵᠦᠭ ᠦᠨ ᠬᠢᠯᠢᠨᠴᠡᠲᠦ ᠤᠨ ᠳᠠᠪᠠᠭ᠎ᠠ ᠪᠠᠷ ᠳᠠᠮᠵᠢᠨ ᠽᠢᠨ ᠳᠤ ᠬᠦᠷᠴᠦ᠂ ᠺᠠᠳᠧᠱ ᠪᠠᠷᠨᠧᠶ᠎ᠠ ᠶᠢᠨ ᠡᠮᠦᠨ᠎ᠡ ᠲᠠᠯ᠎ᠠ ᠪᠠᠷ ᠭᠠᠷᠴᠤ᠂ ᠾᠧᠽᠷᠣᠨ ᠢ ᠥᠩᠭᠡᠷᠡᠨ᠂ ᠠᠳᠠᠷ ᠥᠭᠡᠳᠡ ᠥᠭᠰᠥᠵᠦ᠂ ᠲᠡᠨᠳᠡ ᠡᠴᠡ ᠡᠷᠭᠢᠨ ᠺᠠᠷᠺᠠ ᠳᠤ ᠬᠦᠷᠬᠦ ᠪᠥᠭᠡᠳ 4 ᠲᠡᠨᠳᠡ ᠡᠴᠡ ᠠᠽᠮᠣᠨ ᠢᠶᠠᠷ ᠳᠠᠮᠵᠢᠨ ᠶᠧᠵᠢᠫᠲ ᠤᠨ ᠭᠣᠣᠯ ᠢ ᠳᠠᠭᠠᠨ ᠶᠠᠪᠤᠵᠤ᠂ ᠲᠠᠩᠭᠢᠰ ᠲᠤ ᠬᠦᠷᠦᠭᠡᠳ ᠲᠡᠭᠦᠰᠦᠨ᠎ᠡ᠃ ᠲᠡᠳᠡᠨ ᠦ ᠡᠮᠦᠨᠡᠲᠦ ᠬᠢᠯᠢ ᠨᠢ ᠡᠨᠡ ᠪᠢᠯᠡ᠃ 5 ᠳᠣᠷᠣᠨᠠᠲᠤ ᠬᠢᠯᠢ ᠨᠢ ᠳᠠᠪᠤᠰᠤᠲᠤ ᠲᠠᠩᠭᠢᠰ᠂ ᠲᠤᠬᠠᠢᠯᠠᠪᠠᠯ ᠶᠣᠷᠳᠠᠨ ᠭᠣᠣᠯ ᠤᠨ ᠴᠢᠳᠬᠤᠯᠠᠩ ᠶᠤᠮ᠃ ᠤᠮᠠᠷᠠᠲᠤ ᠬᠢᠯᠢ ᠨᠢ ᠶᠣᠷᠳᠠᠨ ᠤ ᠴᠢᠳᠬᠤᠯᠠᠩ ᠳᠠᠬᠢ ᠲᠠᠩᠭᠢᠰ ᠤᠨ ᠲᠣᠬᠣᠢ ᠠᠴᠠ ᠡᠬᠢᠯᠡᠭᠡᠳ᠂ 6 ᠲᠡᠨᠳᠡ ᠡᠴᠡ ᠪᠧᠲ ᠬᠣᠭᠯᠠ ᠥᠭᠡᠳᠡ ᠥᠭᠰᠥᠵᠦ᠂ ᠪᠧᠲ ᠠᠷᠠᠪᠠ ᠶᠢᠨ ᠬᠣᠢᠭᠤᠷ ᠳᠠᠮᠵᠢᠨ᠂ ᠷᠧᠣᠪᠧᠨ ᠤ ᠬᠦᠦ ᠪᠣᠾᠠᠨ ᠤ ᠬᠠᠳᠠ ᠥᠭᠡᠳᠡ ᠥᠭᠰᠥᠨ᠎ᠡ᠃ 7 ᠳᠠᠬᠢᠨ ᠠᠺᠣᠷ ᠤᠨ ᠬᠥᠨᠳᠡᠢ ᠶᠢ ᠳᠠᠮᠵᠢᠨ ᠳ᠋ᠧᠪᠢᠷ ᠥᠭᠡᠳᠡ ᠥᠭᠰᠥᠵᠦ᠂ ᠲᠡᠨᠳᠡ ᠡᠴᠡ ᠬᠣᠢᠰᠢ ᠪᠠᠨ ᠡᠷᠭᠢᠵᠦ ᠭᠣᠣᠯ ᠤᠨ ᠡᠮᠦᠨ᠎ᠡ ᠲᠠᠯ᠎ᠠ ᠳᠠᠬᠢ ᠠᠳᠦ᠋ᠮᠢᠮ ᠤᠨ ᠳᠠᠪᠠᠭᠠᠨ ᠤ ᠬᠠᠷᠠᠯᠳᠤᠭ᠎ᠠ ᠪᠤᠢ ᠭᠢᠯᠭᠠᠯ ᠳᠤ ᠬᠦᠷᠴᠦ᠂ ᠲᠡᠨᠳᠡ ᠡᠴᠡ ᠧᠨ ᠱᠧᠮᠧᠱ ᠤᠨ ᠤᠰᠤ ᠪᠠᠷ ᠥᠩᠭᠡᠷᠡᠨ ᠧᠨ ᠷᠣᠭᠧᠯ ᠳᠤ ᠬᠦᠷᠦᠨ᠎ᠡ᠃ 8 ᠵᠠᠯᠭᠠᠭᠠᠳ ᠪᠧᠨ ᠾᠢᠨᠣᠮ ᠤᠨ ᠬᠥᠨᠳᠡᠢ ᠪᠠᠷ ᠳᠠᠮᠵᠢᠨ᠂ ᠡᠮᠦᠨ᠎ᠡ ᠵᠦᠭ ᠲᠦ ᠶᠧᠪᠦ᠋ᠰᠴᠦᠳ ᠦᠨ ᠬᠣᠲᠠ᠂ ᠲᠤᠬᠠᠢᠯᠠᠪᠠᠯ ᠶᠧᠷᠦ᠋ᠰᠠᠯᠧᠮ ᠤᠨ ᠡᠮᠦᠨᠡᠲᠦ ᠪᠡᠯ ᠳᠦ ᠬᠦᠷᠴᠦ᠂ ᠲᠡᠨᠳᠡ ᠡᠴᠡ ᠥᠷᠥᠨ᠎ᠡ ᠲᠡᠰᠢ ᠶᠠᠪᠤᠵᠤ ᠾᠢᠨᠣᠮ ᠤᠨ ᠬᠥᠨᠳᠡᠢ ᠶᠢᠨ ᠬᠠᠷᠠᠯᠳᠤᠭ᠎ᠠ ᠳᠠᠬᠢ ᠠᠭᠤᠯᠠ ᠶᠢᠨ ᠣᠷᠣᠢ ᠥᠭᠡᠳᠡ ᠥᠭᠰᠥᠵᠦ᠂ ᠷᠧᠹᠠᠢᠮ ᠤᠨ ᠬᠥᠨᠳᠡᠢ ᠶᠢᠨ ᠬᠣᠢᠨ᠎ᠠ ᠦᠵᠦᠭᠦᠷ ᠲᠦ ᠬᠦᠷᠦᠨ᠎ᠡ᠃ 9 ᠴᠠᠭᠠᠰᠢᠯᠠᠨ ᠲᠡᠷᠡ ᠠᠭᠤᠯᠠ ᠶᠢᠨ ᠣᠷᠣᠢ ᠠᠴᠠ ᠨᠧᠹᠲ᠋ᠣᠶ᠎ᠠ ᠶᠢᠨ ᠤᠰᠤᠨ ᠤ ᠡᠬᠢ ᠪᠤᠯᠠᠭ ᠤᠷᠤᠭᠤ ᠮᠤᠷᠤᠢᠵᠤ᠂ ᠡᠹᠷᠣᠨ ᠠᠭᠤᠯᠠ ᠶᠢᠨ ᠲᠣᠰᠬᠣᠨ ᠨᠤᠭᠤᠳ ᠲᠤ ᠬᠦᠷᠴᠦ ᠪᠠᠯ᠎ᠠ᠂ ᠲᠤᠬᠠᠢᠯᠠᠪᠠᠯ ᠺᠢᠷᠢᠶᠠᠲ ᠶᠧᠶᠠᠷᠢᠮ ᠤᠷᠤᠭᠤ ᠮᠤᠷᠤᠢᠨ᠎ᠠ᠃ 10 ᠲᠡᠭᠡᠭᠡᠳ ᠪᠠᠯ᠎ᠠ ᠠᠴᠠ ᠪᠠᠷᠠᠭᠤᠨ ᠵᠦᠭ ᠦᠨ ᠰᠧᠷ ᠠᠭᠤᠯᠠ ᠶᠢ ᠲᠣᠭᠣᠷᠢᠨ᠂ ᠺᠧᠰᠠᠯᠣᠨ ᠭᠡᠭᠳᠡᠳᠡᠭ ᠶᠧᠶᠠᠷᠢᠮ ᠠᠭᠤᠯᠠ ᠶᠢᠨ ᠬᠣᠢᠲᠤ ᠬᠣᠷᠮᠣᠢ ᠪᠠᠷ ᠥᠩᠭᠡᠷᠡᠵᠦ᠂ ᠪᠧᠲ ᠱᠧᠮᠧᠱ ᠤᠷᠤᠭᠤ ᠶᠠᠪᠤᠵᠤ᠂ ᠲᠢᠮᠨᠠ ᠪᠠᠷ ᠥᠩᠭᠡᠷᠡᠨ᠎ᠡ᠃ 11 ᠡᠴᠦᠰ ᠲᠤᠨᠢ ᠡᠺᠷᠣᠨ ᠤ ᠬᠣᠢᠲᠤ ᠪᠡᠯ ᠢᠶᠡᠷ ᠦᠷᠭᠦᠯᠵᠢᠯᠡᠵᠦ᠂ ᠱᠢᠺᠧᠷᠣᠨ ᠤᠷᠤᠭᠤ ᠮᠤᠷᠤᠢᠨ ᠪᠠᠯ᠎ᠠ ᠠᠭᠤᠯᠠ ᠪᠠᠷ ᠳᠠᠮᠵᠢᠨ ᠶᠠᠪᠨᠧᠯ ᠢᠶᠠᠷ ᠥᠩᠭᠡᠷᠡᠵᠦ᠂ ᠲᠠᠩᠭᠢᠰ ᠲᠤ ᠬᠦᠷᠦᠭᠡᠳ ᠲᠡᠭᠦᠰᠦᠨ᠎ᠡ᠃ 12 ᠥᠷᠥᠨᠡᠲᠦ ᠬᠢᠯᠢ ᠨᠢ ᠶᠡᠬᠡ ᠲᠠᠩᠭᠢᠰ ᠪᠣᠯᠣᠨ ᠲᠡᠭᠦᠨ ᠦ ᠬᠥᠪᠡᠭᠡ ᠶᠤᠮ᠃ ᠶᠦᠳᠠᠴᠤᠳ ᠤᠨ ᠠᠢᠮᠠᠭ ᠤᠳ ᠢᠶᠠᠷ ᠢᠶᠠᠨ ᠬᠦᠷᠲᠡᠭᠰᠡᠨ ᠨᠤᠲᠤᠭ ᠤᠨ ᠬᠢᠯᠢ ᠨᠢ ᠡᠨᠡ ᠪᠢᠯᠡ᠃

13 ᠲᠡᠢᠨ ᠬᠦ ᠶᠣᠱᠦ᠋ᠶ᠎ᠠ ᠶᠣᠬᠣᠸᠠ ᠶᠢᠨ ᠥᠪᠡᠷ ᠲᠤᠨᠢ ᠲᠤᠰᠢᠶᠠᠭᠰᠠᠨ ᠶᠣᠰᠣᠭᠠᠷ ᠶᠦᠳᠠᠴᠤᠳ ᠤᠨ ᠳᠤᠮᠳᠠ ᠠᠴᠠ ᠨᠢᠭᠡ ᠬᠤᠪᠢ ᠶᠢ ᠠᠪᠴᠤ᠂ ᠶᠧᠹᠦ᠋ᠨᠧ ᠶᠢᠨ ᠬᠦᠦ ᠺᠠᠯᠧᠪ ᠲᠤ ᠥᠭᠴᠡᠢ᠃ ᠲᠡᠷᠡ ᠭᠠᠵᠠᠷ ᠠᠷᠪᠠ ᠬᠣᠲᠠ ᠪᠤᠶᠤ ᠾᠧᠪᠷᠣᠨ ᠭᠡᠭᠳᠡᠳᠡᠭ ᠪᠥᠭᠡᠳ ᠠᠷᠪᠠ ᠪᠣᠯ ᠠᠨᠠᠺ ᠤᠨ ᠳᠡᠭᠡᠳᠦᠰ ᠪᠢᠯᠡ᠃ 14 ᠺᠠᠯᠧᠪ ᠲᠡᠨᠳᠡ ᠡᠴᠡ ᠠᠨᠠᠺ ᠤᠨ ᠦᠷ᠎ᠡ ᠤᠳᠤᠮ ᠪᠣᠯᠬᠤ ᠱᠧᠱᠠᠢ᠂ ᠠᠾᠢᠮᠠᠨ ᠪᠣᠯᠣᠨ ᠲᠠᠯᠮᠠᠢ ᠵᠡᠷᠭᠡ ᠠᠨᠠᠺ ᠤᠨ ᠭᠤᠷᠪᠠᠨ ᠬᠦᠦ ᠶᠢ ᠬᠥᠭᠡᠭᠡᠨ ᠭᠠᠷᠭᠠᠵᠤ᠂ 15 ᠳ᠋ᠧᠪᠢᠷ ᠤᠨ ᠰᠠᠭᠤᠭᠠᠯᠢᠴᠢᠳ ᠢ ᠳᠠᠭᠠᠷᠢᠬᠤ ᠪᠠᠷ ᠭᠠᠷᠪᠠ᠃ ᠤᠷᠢᠳᠤ ᠨᠢ ᠳ᠋ᠧᠪᠢᠷ ᠢ ᠰᠧᠹᠧᠷ ᠬᠣᠲᠠ 9 ᠭᠡᠳᠡᠭ ᠪᠠᠢᠵᠠᠢ᠃ 16 ᠲᠡᠷᠡ ᠦᠶ᠎ᠡ ᠳᠦ ᠺᠠᠯᠧᠪ᠄ 《ᠰᠧᠹᠧᠷ ᠬᠣᠲᠠ ᠶᠢ ᠳᠠᠭᠠᠷᠢᠨ ᠡᠵᠡᠯᠡᠭᠰᠡᠨ ᠬᠥᠮᠦᠨ ᠳᠦ ᠪᠢ ᠥᠬᠢᠨ ᠠᠺᠰᠠ ᠪᠠᠨ ᠡᠬᠡᠨᠡᠷ ᠪᠣᠯᠭᠠᠨ ᠥᠭᠭᠥᠶ᠎ᠡ》 ᠭᠡᠵᠦ ᠬᠡᠯᠡᠭᠰᠡᠨ ᠪᠠᠢᠯ᠎ᠠ᠃ 17 ᠥᠪᠡᠷ ᠦᠨ ᠬᠢᠨᠢ ᠳᠡᠭᠦᠦ ᠺᠧᠨᠠᠽ ᠤᠨ ᠬᠦᠦ ᠣᠲ᠋ᠠᠨᠢᠶᠧᠯ ᠲᠡᠷᠡ ᠬᠣᠲᠠ ᠶᠢ ᠡᠵᠡᠯᠡᠭᠰᠡᠨ ᠲᠤᠯᠠ ᠺᠠᠯᠧᠹ ᠲᠡᠭᠦᠨ ᠳᠦ ᠥᠬᠢᠨ ᠠᠺᠰᠠ ᠪᠠᠨ ᠡᠬᠡᠨᠡᠷ ᠪᠣᠯᠭᠠᠨ ᠥᠭᠴᠡᠢ᠃ 18 ᠨᠢᠭᠡᠨ ᠡᠳᠦᠷ ᠠᠺᠰᠠ ᠢᠷᠡᠵᠦ᠂ ᠡᠴᠢᠭᠡ ᠪᠡᠨ ᠢᠳᠬᠠᠨ ᠲᠠᠯ᠎ᠠ ᠭᠠᠵᠠᠷ ᠢ ᠭᠤᠶᠤᠭᠰᠠᠨ ᠪᠠᠢᠵᠠᠢ᠃ ᠡᠯᠵᠢᠭᠡᠨ ᠡᠴᠡ ᠪᠡᠨ ᠪᠠᠭᠤᠬᠤ ᠳᠤᠨᠢ ᠺᠠᠯᠧᠪ᠄ 《ᠴᠢᠮ᠎ᠠ ᠳᠤ ᠶᠠᠭᠤ ᠬᠡᠷᠡᠭ ᠲᠡᠢ ᠪᠤᠢ︖》 ᠭᠡᠵᠦ ᠠᠰᠠᠭᠤᠪᠠ᠃ 19 ᠠᠺᠰᠠ᠄ 《ᠨᠠᠳᠠ ᠳᠤ ᠪᠡᠯᠡᠭ ᠬᠠᠢᠷᠠᠯᠠᠨ᠎ᠠ ᠤᠤ︖ ᠲᠠ ᠨᠠᠳᠠ ᠳᠤ ᠡᠮᠦᠨ᠎ᠡ ᠬᠡᠰᠡᠭ ᠦᠨ ᠬᠠᠭᠤᠷᠠᠢ ᠭᠠᠵᠠᠷ ᠢ ᠥᠭᠭᠥᠭᠰᠡᠨ᠂ ᠤᠰᠤ ᠶᠡᠬᠡ ᠲᠠᠢ ᠪᠤᠯᠠᠭ ᠤᠳ ᠢ ᠴᠤ ᠥᠭᠭᠥᠭᠡᠴᠢ》 ᠭᠡᠰᠡᠨ ᠳᠦ᠂ ᠺᠠᠯᠧᠪ ᠲᠡᠭᠦᠨ ᠳᠦ ᠳᠡᠭᠡᠷ᠎ᠡ ᠳᠣᠣᠷ᠎ᠠ ᠪᠤᠯᠠᠭ ᠤᠳ ᠢ ᠥᠭᠪᠡ᠃

20 ᠶᠦᠳᠠ ᠣᠪᠣᠭ ᠤᠨ ᠬᠢᠨ ᠤ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠨᠡ ᠪᠢᠯᠡ᠃ 21 ᠶᠦᠳᠠᠴᠤᠳ ᠤᠨ ᠡᠮᠦᠨ᠎ᠡ ᠪᠦᠰᠡ ᠨᠤᠲᠤᠭ᠂ ᠲᠤᠬᠠᠢᠯᠠᠪᠠᠯ ᠡᠳᠣᠮ ᠤᠨ ᠬᠢᠯᠢ ᠶᠢᠨ ᠣᠢᠷ᠎ᠠ ᠪᠤᠢ ᠬᠣᠲᠠ ᠨᠤᠭᠤᠳ ᠭᠡᠪᠡᠯ᠂ ᠺᠠᠪᠽᠧᠯ᠂ ᠡᠳᠧᠷ᠂ ᠶᠠᠭᠦ᠋ᠷ᠂ 22 ᠺᠢᠨᠠ᠂ ᠳ᠋ᠢᠮᠣᠨᠠ᠂ ᠠᠳᠠᠳᠠ᠂ 23 ᠺᠧᠳᠧᠱ᠂ ᠬᠠᠽᠣᠷ᠂ ᠢᠲ᠋ᠨᠠᠨ᠂ 24 ᠽᠢᠹ᠂ ᠲᠧᠯᠧᠮ᠂ ᠪᠧᠶᠠᠯᠣᠲ᠂ 25 ᠬᠠᠽᠣᠷ᠂ ᠬᠠᠳᠠᠲ᠋ᠠ᠂ ᠺᠧᠷᠢᠶᠣᠲ ᠾᠧᠽᠷᠣᠨ᠂ ᠥᠭᠡᠷ᠎ᠡ ᠪᠡᠷ ᠬᠡᠯᠡᠪᠡᠯ ᠬᠠᠽᠣᠷ᠂ 26 ᠠᠮᠠᠮ᠂ ᠱᠧᠮᠠ᠂ ᠮᠣᠯᠠᠳᠠ᠂ 27 ᠬᠠᠽᠠᠷ ᠭᠠᠳᠠ᠂ ᠾᠧᠱᠮᠣᠨ᠂ ᠪᠧᠲ ᠫᠧᠯᠧᠲ᠂ 28 ᠬᠠᠽᠠᠷ ᠱᠦᠶᠠᠯ᠂ ᠪᠧᠷᠣᠲ ᠱᠧᠪᠠ᠂ ᠪᠢᠽᠢᠶᠣᠲ᠋ᠢᠶ᠎ᠠ᠂ 29 ᠪᠠᠯ᠎ᠠ᠂ ᠢᠢᠮ᠂ ᠡᠽᠧᠮ᠂ 30 ᠡᠯᠲ᠋ᠣᠯᠠᠳ᠋᠂ ᠺᠧᠰᠢᠯ᠂ ᠬᠣᠷᠮᠠ᠂ 31 ᠽᠢᠺᠯᠠᠭ᠂ ᠮᠠᠳ᠋ᠮᠠᠨᠠ᠂ ᠰᠠᠨᠰᠠᠨᠠ᠂ 32 ᠯᠧᠪᠠᠶᠣᠲ᠂ ᠱᠢᠯᠾᠢᠮ᠂ ᠠᠶ᠋ᠢᠨ᠂ ᠷᠢᠮᠣᠨ ᠵᠡᠷᠭᠡ ᠪᠦᠭᠦᠳᠡ ᠬᠣᠷᠢᠨ ᠶᠢᠰᠦᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠪᠢᠯᠡ᠃

33 ᠥᠷᠥᠨ᠎ᠡ ᠶᠢᠨ ᠳᠣᠪᠣ ᠲᠣᠯᠣᠭᠠᠳ ᠲᠤ ᠪᠤᠢ ᠬᠣᠲᠠ ᠨᠤᠭᠤᠳ ᠭᠡᠪᠡᠯ᠂ ᠡᠱᠲ᠋ᠠᠶᠣᠯ᠂ ᠽᠣᠷᠠ᠂ ᠠᠱᠨᠠ᠂ 34 ᠽᠠᠨᠣᠶ᠎ᠠ᠂ ᠧᠨ ᠭᠠᠨᠨᠢᠮ᠂ ᠧᠨ᠂ ᠲᠠᠫᠦ᠋ᠶ᠎ᠠ᠂ ᠡᠨᠠᠮ᠂ 35 ᠶᠠᠷᠮᠦ᠋ᠲ᠂ ᠠᠳᠦ᠋ᠯᠠᠮ᠂ ᠰᠣᠺᠣ ᠪᠠ ᠠᠽᠧᠺᠠ᠂ 36 ᠱᠠᠶᠠᠷᠠᠢᠮ᠂ ᠠᠳᠢᠲ᠋ᠠᠢᠮ᠂ ᠭᠧᠳᠧᠷᠠ᠂ ᠥᠭᠡᠷ᠎ᠡ ᠪᠡᠷ ᠬᠡᠯᠡᠪᠡᠯ ᠭᠧᠳᠧᠷᠣᠲ᠋ᠠᠢᠮ ᠵᠡᠷᠭᠡ ᠠᠷᠪᠠᠨ ᠳᠥᠷᠪᠡᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂

37 ᠮᠥᠨ ᠽᠧᠨᠠᠨ᠂ ᠬᠠᠳᠠᠱᠠ᠂ ᠮᠢᠭᠳᠠᠯ ᠭᠠᠳ᠋᠂ 38 ᠳ᠋ᠢᠯᠧᠶᠠᠨ᠂ ᠮᠢᠽᠫᠠ᠂ ᠶᠣᠺᠲ᠋ᠧᠯ᠂ 39 ᠯᠠᠺᠢᠱ᠂ ᠪᠣᠽᠺᠠᠲ᠂ ᠡᠭᠯᠣᠨ᠂ 40 ᠺᠠᠪᠣᠨ᠂ ᠯᠠᠬᠮᠠᠰ᠂ ᠺᠢᠲ᠋ᠯᠢᠱ᠂ 41 ᠭᠧᠳᠧᠷᠣᠲ᠂ ᠪᠧᠲ ᠳ᠋ᠠᠭᠣᠨ᠂ ᠨᠠᠮᠠ᠂ ᠮᠠᠺᠧᠳᠠ ᠵᠡᠷᠭᠡ ᠠᠷᠪᠠᠨ ᠵᠢᠷᠭᠤᠭᠠᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂

42 ᠮᠥᠨ ᠯᠢᠪᠨᠠ᠂ ᠡᠲ᠋ᠧᠷ᠂ ᠠᠱᠠᠨ᠂ 43 ᠢᠹᠲ᠋ᠠ᠂ ᠠᠱᠨᠠ᠂ ᠨᠧᠽᠢᠪ᠂ 44 ᠺᠧᠶᠢᠯᠠ᠂ ᠠᠺᠰᠢᠪ᠂ ᠮᠠᠷᠧᠱᠠ ᠵᠡᠷᠭᠡ ᠶᠢᠰᠦᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂

45 ᠡᠺᠷᠣᠨ ᠪᠣᠯᠣᠨ ᠲᠡᠭᠦᠨ ᠦ ᠡᠷᠭᠢᠨ ᠲᠣᠭᠣᠷᠢᠨ ᠤ ᠰᠠᠭᠤᠷᠢᠨ ᠨᠤᠭᠤᠳ ᠪᠠ ᠲᠣᠰᠬᠣᠳ 46 ᠡᠺᠷᠣᠨ ᠠᠴᠠ ᠳᠠᠯᠠᠢ ᠬᠦᠷᠲᠡᠯ᠎ᠡ᠂ ᠠᠱᠠᠳᠣᠳ᠋ ᠤᠨ ᠣᠢᠷ᠎ᠠ ᠪᠤᠢ ᠪᠦᠬᠦ ᠰᠠᠭᠤᠷᠢᠨ ᠨᠤᠭᠤᠳ ᠪᠠ ᠲᠣᠰᠬᠣᠳ᠂

47 ᠶᠧᠵᠢᠫᠲ ᠤᠨ ᠭᠣᠷᠣᠬ᠎ᠠ᠂ ᠶᠡᠬᠡ ᠲᠠᠩᠭᠢᠰ ᠤᠨ ᠬᠥᠪᠡᠭᠡ ᠬᠦᠷᠬᠦ ᠭᠠᠵᠠᠷ᠂ ᠲᠤᠬᠠᠢᠯᠠᠪᠠᠯ ᠠᠱᠠᠳᠣᠳ᠋ ᠪᠣᠯᠣᠨ ᠲᠡᠭᠦᠨ ᠦ ᠡᠷᠭᠢᠨ ᠲᠣᠭᠣᠷᠢᠨ ᠤ ᠰᠠᠭᠤᠷᠢᠨ ᠨᠤᠭᠤᠳ ᠪᠠ ᠲᠣᠰᠬᠣᠳ᠂ ᠭᠠᠽᠠ ᠪᠣᠯᠣᠨ ᠲᠡᠭᠦᠨ ᠦ ᠰᠠᠭᠤᠷᠢᠨ ᠨᠤᠭᠤᠳ ᠪᠠ ᠲᠣᠰᠬᠣᠳ ᠪᠢᠯᠡ᠃

48 ᠠᠭᠤᠯᠠᠷᠬᠠᠭ ᠨᠤᠲᠤᠭ ᠭᠡᠪᠡᠯ᠂ ᠱᠠᠮᠢᠷ᠂ ᠶᠠᠲ᠋ᠢᠷ᠂ ᠰᠣᠺᠣ᠂ 49 ᠳ᠋ᠠᠨᠠ᠂ ᠺᠢᠷᠢᠶᠠᠲ ᠰᠠᠨᠠ᠂ ᠥᠭᠡᠷ᠎ᠡ ᠪᠡᠷ ᠬᠡᠯᠡᠪᠡᠯ ᠳ᠋ᠧᠪᠢᠷ᠂ 50 ᠠᠨᠠᠪ᠂ ᠡᠱᠲ᠋ᠧᠮᠣ᠋᠂ ᠠᠨᠢᠮ᠂ 51 ᠭᠣᠱᠧᠨ᠂ ᠬᠣᠯᠣᠨ᠂ ᠭᠢᠯᠣ᠋ ᠵᠡᠷᠭᠡ ᠠᠷᠪᠠᠨ ᠨᠢᠭᠡᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂

52 ᠠᠷᠠᠪ᠂ ᠳ᠋ᠣᠮᠠ ᠪᠠ ᠡᠱᠠᠨ᠂ 53 ᠶᠠᠨᠢᠮ᠂ ᠪᠧᠲ ᠲᠠᠫᠦ᠋ᠶ᠎ᠠ᠂ ᠠᠹᠧᠺᠠ᠂ 54 ᠾᠦᠮᠲ᠋ᠠ᠂ ᠠᠷᠪᠠ ᠬᠣᠲᠠ᠂ ᠥᠭᠡᠷ᠎ᠡ ᠪᠡᠷ ᠬᠡᠯᠡᠪᠡᠯ ᠾᠧᠪᠷᠣᠨ᠂ ᠽᠢᠶᠣᠷ ᠵᠡᠷᠭᠡ ᠶᠢᠰᠦᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂

55 ᠮᠥᠨ ᠮᠠᠶᠣᠨ᠂ ᠺᠠᠷᠮᠧᠯ᠂ ᠽᠢᠹ᠂ ᠶᠦᠲ᠋ᠠ᠂ 56 ᠶᠧᠽᠷᠧᠯ᠂ ᠶᠣᠺᠳᠧᠶᠠᠮ᠂ ᠽᠠᠨᠣᠶ᠎ᠠ᠂ 57 ᠺᠠᠢᠨ᠂ ᠭᠢᠪᠧᠶ᠎ᠠ᠂ ᠲᠢᠮᠨᠠ ᠵᠡᠷᠭᠡ ᠠᠷᠪᠠᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂

58 ᠬᠠᠯᠾᠦ᠋ᠯ᠂ ᠪᠧᠲ ᠽᠦᠷ᠂ ᠭᠧᠳᠣᠷ᠂ 59 ᠮᠠᠷᠠᠲ᠂ ᠪᠧᠲ ᠠᠨᠣᠲ᠂ ᠡᠯᠲ᠋ᠧᠺᠣᠨ ᠵᠡᠷᠭᠡ ᠵᠢᠷᠭᠤᠭᠠᠨ ᠬᠣᠲᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ᠂

60 ᠺᠢᠷᠢᠶᠠᠲ ᠪᠠᠯ᠂ ᠥᠭᠡᠷ᠎ᠡ ᠪᠡᠷ ᠬᠡᠯᠡᠪᠡᠯ ᠺᠢᠷᠢᠶᠠᠲ ᠶᠧᠶᠠᠷᠢᠮ ᠪᠠ ᠷᠠᠪᠠ ᠵᠡᠷᠭᠡ ᠬᠣᠶᠠᠷ ᠬᠣᠲᠠ ᠪᠣᠯᠣᠨ ᠲᠡᠭᠦᠨ ᠦ ᠡᠷᠭᠢᠨ ᠲᠣᠭᠣᠷᠢᠨ ᠤ ᠲᠣᠰᠬᠣᠳ ᠪᠢᠯᠡ᠃

61 ᠴᠥᠯ ᠭᠠᠵᠠᠷ ᠭᠡᠪᠡᠯ᠂ ᠪᠧᠲ ᠠᠷᠠᠪᠠ᠂ ᠮᠢᠳᠢᠮ᠂ ᠰᠧᠺᠠᠺᠠ᠂ 62 ᠨᠢᠪᠱᠠᠨ᠂ ᠳᠠᠪᠤᠰᠤᠲᠤ ᠬᠣᠲᠠ᠂ ᠧᠨ ᠭᠧᠳᠢ ᠵᠡᠷᠭᠡ ᠵᠢᠷᠭᠤᠭᠠᠨ ᠬᠣᠲᠠ ᠪᠣᠯᠣᠨ ᠲᠡᠭᠦᠨ ᠦ ᠡᠷᠭᠢᠨ ᠲᠣᠭᠣᠷᠢᠨ ᠤ ᠲᠣᠰᠬᠣᠳ ᠪᠢᠯᠡ᠃

63 ᠬᠠᠷᠢᠨ ᠶᠦᠳᠠᠴᠤᠳ ᠶᠧᠷᠦ᠋ᠰᠠᠯᠧᠮ ᠳᠤ ᠰᠠᠭᠤᠵᠤ ᠪᠤᠢ ᠶᠧᠪᠦ᠋ᠰᠴᠦᠳ ᠢ ᠬᠥᠭᠡᠭᠡᠨ ᠭᠠᠷᠭᠠᠵᠤ ᠴᠢᠳᠠᠭ᠎ᠠ ᠦᠭᠡᠢ ᠤᠴᠢᠷ ᠠᠴᠠ ᠶᠧᠪᠦ᠋ᠰᠴᠦᠳ ᠥᠨᠥ ᠬᠦᠷᠲᠡᠯ᠎ᠡ ᠶᠦᠳᠠᠴᠤᠳ ᠲᠠᠢ ᠬᠠᠮᠲᠤ ᠶᠧᠷᠦ᠋ᠰᠠᠯᠧᠮ ᠳᠤ ᠠᠮᠢᠳᠤᠷᠠᠬᠤ ᠪᠣᠯᠵᠠᠢ᠃