1 2 3 4 5 6 7 8 9 10 11 12 13 14 15 16 17 18 19 20 21 22 23 24


ᠶᠣᠱᠦ᠋ᠶ᠎ᠠ ᠠᠷᠪᠠᠨ ᠳᠥᠷᠪᠡ
 ᠢᠰᠷᠧᠯ ᠤᠨ ᠺᠠᠨᠠᠨ ᠳᠤ ᠬᠦᠷᠲᠡᠭᠰᠡᠨ ᠥᠪ

1 ᠢᠰᠷᠧᠯᠴᠦᠳ ᠺᠠᠨᠠᠨ ᠨᠤᠲᠤᠭ ᠲᠤ ᠳᠠᠷᠠᠭᠠᠬᠢ ᠭᠠᠵᠠᠷ ᠤᠳ ᠢ ᠥᠪᠯᠡᠪᠡ᠄ ᠡᠳᠡᠭᠡᠷ ᠢ ᠲᠠᠬᠢᠯᠴᠢ ᠡᠯᠧᠶᠠᠽᠠᠷ ᠪᠣᠯᠣᠨ ᠨᠦᠨ ᠦ ᠬᠦᠦ ᠶᠣᠱᠦ᠋ᠶ᠎ᠠ ᠢᠰᠷᠧᠯᠴᠦᠳ ᠦᠨ ᠣᠪᠣᠭ ᠤᠨ ᠠᠬᠠᠯᠠᠭᠴᠢᠳ ᠲᠠᠢ ᠬᠠᠮᠲᠤ ᠲᠡᠳᠡᠨ ᠳᠦ ᠥᠪ ᠪᠣᠯᠭᠠᠨ ᠥᠭᠭᠥᠭᠰᠡᠨ᠃ 2 ᠲᠤᠬᠠᠢᠯᠠᠪᠠᠯ ᠶᠣᠬᠣᠸᠠ ᠮᠣᠰᠧ ᠪᠠᠷ ᠳᠠᠮᠵᠢᠭᠤᠯᠤᠨ ᠲᠤᠰᠢᠶᠠᠭᠰᠠᠨ ᠶᠣᠰᠣᠭᠠᠷ ᠢᠶᠠᠨ᠂ ᠶᠢᠰᠦᠨ ᠣᠪᠣᠭ ᠪᠠ ᠬᠠᠭᠠᠰ ᠣᠪᠣᠭ ᠲᠤ ᠰᠢᠪᠠᠭ᠎ᠠ ᠪᠠᠷ ᠬᠤᠪᠢᠶᠠᠷᠢᠯᠠᠭᠰᠠᠨ ᠶᠤᠮ᠃ 3 ᠶᠣᠷᠳᠠᠨ ᠤ ᠵᠡᠭᠦᠨ ᠲᠠᠯ᠎ᠠ ᠳᠠᠬᠢ ᠬᠣᠶᠠᠷ ᠬᠠᠭᠠᠰ ᠣᠪᠣᠭ ᠤᠨ ᠥᠪ ᠢ ᠮᠣᠰᠧ ᠣᠯᠭᠣᠭᠰᠠᠨ ᠪᠠᠢᠪᠠ᠃ ᠬᠠᠷᠢᠨ ᠯᠧᠸᠢᠴᠦᠳ ᠲᠦ ᠥᠪ ᠥᠭᠭᠥᠭᠰᠡᠨ ᠦᠭᠡᠢ᠃ 4 ᠶᠣᠰᠧᠹ ᠤᠨ ᠦᠷ᠎ᠡ ᠤᠳᠤᠮ ᠮᠠᠨᠠᠰᠧ ᠪᠠ ᠡᠹᠷᠠᠢᠮ ᠭᠡᠰᠡᠨ ᠬᠣᠶᠠᠷ ᠣᠪᠣᠭ ᠪᠣᠯᠣᠭᠰᠠᠨ ᠪᠠᠢᠬᠤ ᠳᠤ᠂ ᠯᠧᠸᠢᠴᠦᠳ ᠨᠢ ᠲᠡᠷᠡ ᠭᠠᠵᠠᠷ ᠲᠤ ᠥᠪ ᠬᠦᠷᠲᠡᠭᠰᠡᠨ ᠦᠭᠡᠢ᠂ ᠭᠠᠭᠴᠠ ᠬᠦ ᠥᠪᠡᠷ ᠦᠨ ᠰᠠᠭᠤᠷᠢᠰᠢᠬᠤ ᠲᠣᠰᠬᠣᠳ ᠢ ᠮᠠᠯ ᠰᠦᠷᠦᠭ ᠢᠶᠡᠨ ᠪᠡᠯᠴᠢᠭᠡᠬᠦ ᠭᠠᠵᠠᠷ ᠲᠠᠢ ᠬᠠᠮᠲᠤ ᠬᠦᠷᠲᠡᠭᠰᠡᠨ ᠶᠤᠮ᠃ 5 ᠲᠡᠢᠨ ᠬᠦ ᠢᠰᠷᠧᠯᠴᠦᠳ ᠶᠣᠬᠣᠸᠠ ᠶᠢᠨ ᠮᠣᠰᠧ ᠳᠤ ᠲᠤᠰᠢᠶᠠᠭᠰᠠᠨ ᠢ ᠪᠡᠶᠡᠯᠡᠭᠦᠯᠵᠦ᠂ ᠲᠡᠷᠡ ᠭᠠᠵᠠᠷ ᠨᠤᠲᠤᠭ ᠢ ᠬᠤᠪᠢᠶᠠᠵᠠᠢ᠃
 ᠺᠠᠯᠧᠪ ᠤᠨ ᠥᠪ

6 ᠶᠣᠱᠦ᠋ᠶ᠎ᠠ ᠭᠢᠯᠭᠠᠯ ᠳᠤ ᠪᠠᠢᠬᠤ ᠳᠤ᠂ ᠶᠦᠳᠠ ᠶᠢᠨ ᠦᠷ᠎ᠡ ᠤᠳᠤᠮ ᠳᠥᠭᠥᠨ ᠢᠷᠡᠭᠰᠡᠨ ᠪᠥᠭᠡᠳ ᠺᠧᠨᠢᠽ ᠬᠥᠮᠦᠨ ᠶᠧᠹᠦ᠋ᠨᠧ ᠶᠢᠨ ᠬᠦᠦ ᠺᠠᠯᠧᠪ ᠲᠡᠭᠦᠨ ᠳᠦ᠄ 《ᠲᠠ ᠪᠢᠳᠡ ᠬᠣᠶᠠᠷ ᠤᠨ ᠲᠤᠬᠠᠢ ᠶᠣᠬᠣᠸᠠ ᠶᠢᠨ ᠺᠠᠳᠧᠱ ᠪᠠᠷᠨᠧᠶ᠎ᠠ ᠳᠤ ᠪᠤᠷᠬᠠᠨ ᠤ ᠬᠥᠮᠦᠨ ᠮᠣᠰᠧ ᠳᠤ ᠶᠠᠭᠤ ᠠᠢᠯᠠᠳᠤᠭᠰᠠᠨ ᠢ ᠲᠠ ᠮᠡᠳᠡᠨ᠎ᠡ᠃ 7 ᠶᠣᠬᠣᠸᠠ ᠶᠢᠨ ᠵᠠᠷᠤᠴᠠ ᠮᠣᠰᠧ ᠨᠠᠮᠠᠶᠢ ᠡᠨᠡ ᠨᠤᠲᠤᠭ ᠢ ᠲᠠᠩᠨᠠᠭᠤᠯᠬᠤ ᠪᠠᠷ ᠺᠠᠳᠧᠱ ᠪᠠᠷᠨᠧᠶ᠎ᠠ ᠠᠴᠠ ᠶᠠᠪᠤᠭᠤᠯᠬᠤ ᠳᠤ᠂ ᠪᠢ ᠳᠥᠴᠢᠨ ᠨᠠᠰᠤᠲᠠᠢ ᠪᠠᠢᠭᠰᠠᠨ᠃ ᠪᠢ ᠪᠤᠴᠠᠵᠤ ᠢᠷᠡᠭᠡᠳ ᠲᠡᠭᠦᠨ ᠳᠦ ᠵᠢᠷᠦᠬᠡᠨ ᠳᠡᠭᠡᠨ ᠪᠠᠢᠭ᠎ᠠ ᠶᠢ ᠯᠠ ᠮᠡᠳᠡᠭᠦᠯᠦᠭᠰᠡᠨ᠃ 8 ᠨᠠᠳᠠ ᠲᠠᠢ ᠬᠠᠮᠲᠤ ᠶᠠᠪᠤᠭᠰᠠᠨ ᠠᠬ᠎ᠠ ᠳᠡᠭᠦᠦ ᠨᠠᠷ ᠮᠠᠨᠢ ᠬᠥᠮᠦᠰ ᠦᠨ ᠵᠢᠷᠦᠬᠡ ᠶᠢ ᠦᠬᠦᠭᠦᠯᠦᠭᠰᠡᠨ ᠪᠣᠯᠪᠠᠴᠤ ᠪᠢ ᠶᠣᠬᠣᠸᠠ ᠪᠤᠷᠬᠠᠨ ᠢᠶᠠᠨ ᠪᠦᠷᠢᠨ ᠳᠠᠭᠠᠭᠰᠠᠨ ᠪᠢᠯᠡ᠃ 9 ᠲᠡᠷᠡ ᠡᠳᠦᠷ ᠮᠣᠰᠧ ᠨᠠᠳᠠ ᠳᠤ ᠠᠮᠠᠯᠠᠵᠤ᠄ 〈ᠴᠢ ᠶᠣᠬᠣᠸᠠ ᠪᠤᠷᠬᠠᠨ ᠢ ᠮᠢᠨᠢ ᠪᠦᠷᠢᠨ ᠳᠠᠭᠠᠭᠰᠠᠨ ᠤᠴᠢᠷ ᠠᠴᠠ ᠴᠢᠨᠦ ᠬᠥᠯ ᠲᠠᠯᠪᠢᠭᠰᠠᠨ ᠲᠡᠷᠡ ᠭᠠᠵᠠᠷ ᠮᠥᠩᠬᠡᠳᠡ ᠴᠢ ᠪᠣᠯᠣᠨ ᠴᠢᠨᠦ ᠦᠷ᠎ᠡ ᠤᠳᠤᠮ ᠤᠨ ᠬᠢ ᠪᠣᠯᠣᠨ᠎ᠠ︕〉 ᠭᠡᠰᠡᠨ ᠪᠢᠯᠡ᠃ 10 ᠢᠰᠷᠧᠯᠴᠦᠳ ᠴᠥᠯ ᠢᠶᠡᠷ ᠶᠠᠪᠤᠵᠤ ᠪᠠᠢᠬᠤ ᠳᠤ ᠶᠣᠬᠣᠸᠠ ᠡᠨᠡ ᠦᠭᠡ ᠶᠢ ᠮᠣᠰᠧ ᠪᠠᠷ ᠳᠠᠮᠵᠢᠭᠤᠯᠤᠨ ᠬᠡᠯᠡᠭᠰᠡᠨ᠃ ᠣᠳᠣ ᠬᠠᠷᠠ︕ ᠶᠣᠬᠣᠸᠠ ᠲᠡᠷᠡ ᠦᠶ᠎ᠡ ᠡᠴᠡ ᠬᠣᠢᠰᠢ ᠳᠥᠴᠢᠨ ᠲᠠᠪᠤᠨ ᠵᠢᠯ ᠤᠨ ᠲᠤᠷᠰᠢ ᠠᠮᠠᠯᠠᠭᠰᠠᠨ ᠶᠣᠰᠣᠭᠠᠷ ᠢᠶᠠᠨ ᠨᠠᠮᠠᠶᠢ ᠠᠮᠢᠳᠤ ᠪᠠᠢᠯᠭᠠᠭᠰᠠᠨ ᠪᠠᠢᠨ᠎ᠠ︕ ᠬᠠᠷᠠ ᠳᠠ᠂ ᠥᠨᠥᠳᠥᠷ ᠪᠢ ᠨᠠᠶᠠᠨ ᠲᠠᠪᠤ ᠬᠦᠷᠦᠭᠰᠡᠨ ᠰᠢᠦ᠃ 11 ᠥᠨᠥᠳᠥᠷ ᠴᠤ ᠪᠢ ᠮᠣᠰᠧ ᠶᠢᠨ ᠨᠠᠮᠠᠶᠢ ᠶᠠᠪᠤᠭᠤᠯᠤᠭᠰᠠᠨ ᠲᠡᠷᠡ ᠡᠳᠦᠷ ᠦᠨ ᠠᠳᠠᠯᠢ ᠬᠦᠴᠦ ᠲᠠᠢ ᠬᠡᠪ ᠢᠶᠡᠷ ᠢᠶᠠᠨ ᠪᠠᠢᠨ᠎ᠠ᠃ ᠪᠠᠢᠯᠳᠤᠬᠤ ᠪᠠᠷ ᠭᠠᠷᠬᠤ ᠳᠤ᠂ ᠥᠨᠥᠳᠥᠷ ᠦᠨ ᠲᠠᠮᠢᠷ ᠲᠡᠩᠬᠡᠭᠡ ᠮᠢᠨᠢ ᠲᠡᠷᠡ ᠦᠶ᠎ᠡ ᠶᠢᠨ ᠬᠢ ᠲᠠᠢ ᠠᠳᠠᠯᠢ ᠪᠠᠢᠨ᠎ᠠ᠃ 12 ᠲᠡᠷᠡ ᠡᠳᠦᠷ ᠶᠣᠬᠣᠸᠠ ᠶᠢᠨ ᠨᠠᠳᠠ ᠳᠤ ᠠᠮᠠᠯᠠᠭᠰᠠᠨ ᠡᠨᠡ ᠠᠭᠤᠯᠠᠷᠬᠠᠭ ᠨᠤᠲᠤᠭ ᠢ ᠨᠠᠳᠠ ᠳᠤ ᠥᠭᠭᠥᠭᠡᠴᠢ︕ ᠲᠡᠨᠳᠡ ᠠᠨᠠᠺᠴᠤᠳ ᠪᠠᠢᠳᠠᠭ᠂ ᠮᠥᠨ ᠲᠡᠳᠡᠨ ᠦ ᠬᠣᠲᠠ ᠨᠤᠭᠤᠳ ᠨᠢ ᠦᠯᠡᠮᠵᠢ ᠲᠣᠮᠣ᠂ ᠪᠡᠬᠢᠯᠡᠯᠲᠡ ᠲᠠᠢ ᠪᠠᠢᠳᠠᠭ ᠢ ᠲᠡᠷᠡ ᠡᠳᠦᠷ ᠲᠠ ᠴᠤ ᠰᠣᠨᠣᠰᠣᠭᠰᠠᠨ ᠪᠢᠯᠡ᠃ ᠬᠠᠷᠢᠨ ᠶᠣᠬᠣᠸᠠ ᠠᠮᠠᠯᠠᠭᠰᠠᠨ ᠶᠣᠰᠣᠭᠠᠷ ᠢᠶᠠᠨ ᠨᠠᠳᠠ ᠲᠠᠢ ᠬᠠᠮᠲᠤ ᠪᠠᠢᠪᠠᠯ ᠪᠢ ᠲᠡᠳᠡᠨ ᠢ ᠬᠥᠭᠡᠭᠡᠨ ᠭᠠᠷᠭᠠᠵᠤ ᠴᠢᠳᠠᠨ᠎ᠠ》 ᠭᠡᠪᠡ᠃

13 ᠶᠣᠱᠦ᠋ᠶ᠎ᠠ ᠶᠧᠹᠦ᠋ᠨᠧ ᠶᠢᠨ ᠬᠦᠦ ᠺᠠᠯᠧᠪ ᠢ ᠢᠷᠥᠭᠡᠵᠦ᠂ ᠲᠡᠭᠦᠨ ᠳᠦ ᠾᠧᠪᠷᠣᠨ ᠢ ᠥᠪ ᠪᠣᠯᠭᠠᠨ ᠥᠭᠭᠥᠭᠰᠡᠨ ᠳᠦ᠂ 14 ᠥᠨᠥ ᠬᠦᠷᠲᠡᠯ᠎ᠡ ᠾᠧᠪᠷᠣᠨ ᠨᠢ ᠺᠧᠨᠢᠽ ᠬᠥᠮᠦᠨ ᠶᠧᠹᠦ᠋ᠨᠧ ᠶᠢᠨ ᠬᠦᠦ ᠺᠠᠯᠧᠪ ᠤᠨ ᠥᠪ ᠪᠣᠯᠵᠠᠢ᠃ ᠤᠴᠢᠷ ᠨᠢ ᠲᠡᠷᠡ ᠢᠰᠷᠧᠯ ᠤᠨ ᠪᠤᠷᠬᠠᠨ ᠶᠣᠬᠣᠸᠠ ᠶᠢ ᠪᠦᠷᠢᠨ ᠳᠠᠭᠠᠭᠰᠠᠨ ᠪᠢᠯᠡ᠃ 15 ᠤᠤᠯ ᠨᠢ ᠾᠧᠪᠷᠣᠨ ᠢ ᠠᠷᠪᠠ ᠬᠣᠲᠠ ᠭᠡᠳᠡᠭ ᠪᠠᠢᠪᠠ᠃ ᠠᠷᠪᠠ ᠨᠢ ᠠᠨᠠᠺᠴᠤᠳ ᠤᠨ ᠳᠤᠮᠳᠠ ᠠᠴᠠ ᠬᠠᠮᠤᠭ ᠤᠨ ᠠᠭᠤᠤ ᠬᠥᠮᠦᠨ ᠪᠠᠢᠵᠠᠢ᠃ ᠢᠩᠭᠢᠭᠡᠳ ᠲᠡᠷᠡ ᠨᠤᠲᠤᠭ ᠳᠠᠢᠨ ᠳᠠᠵᠢᠨ ᠠᠴᠠ ᠠᠮᠠᠷᠠᠪᠠ᠃