ᠶᠣᠱᠦ᠋ᠶ᠎ᠠ ᠬᠣᠷᠢᠨ ᠳᠥᠷᠪᠡ
ᠶᠣᠱᠦ᠋ᠶ᠎ᠠ ᠱᠧᠺᠧᠮ ᠳᠤ ᠠᠷᠠᠳ ᠣᠯᠠᠨ ᠲᠠᠢ ᠶᠠᠷᠢᠪᠠ
1 ᠶᠣᠱᠦ᠋ᠶ᠎ᠠ ᠢᠰᠷᠧᠯ ᠤᠨ ᠪᠦᠬᠦ ᠣᠪᠣᠭ ᠢ ᠱᠧᠺᠧᠮ ᠳᠤ ᠴᠤᠭᠯᠠᠭᠤᠯᠪᠠ᠃ ᠲᠡᠷᠡ ᠪᠡᠷ ᠢᠰᠷᠧᠯ ᠤᠨ ᠠᠬᠠᠮᠠᠳ ᠤᠳ᠂ ᠤᠳᠤᠷᠢᠳᠤᠭᠴᠢᠳ᠂ ᠰᠢᠭᠦᠭᠴᠢᠳ ᠪᠠ ᠳᠠᠭᠠᠭᠠᠮᠠᠯ ᠤᠳ ᠢ ᠳᠠᠭᠤᠳᠠᠭᠰᠠᠨ ᠳᠤ᠂ ᠲᠡᠳᠡ ᠢᠷᠡᠵᠦ ᠪᠤᠷᠬᠠᠨ ᠤ ᠡᠮᠦᠨ᠎ᠡ ᠵᠣᠭᠰᠣᠯ᠎ᠠ᠃ 2 ᠶᠣᠱᠦ᠋ᠶ᠎ᠠ ᠪᠦᠬᠦ ᠠᠷᠠᠳ ᠲᠦᠮᠡᠨ ᠳᠦ ᠶᠠᠷᠢᠵᠤ᠄ 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ ᠡᠷᠲᠡ ᠳᠡᠭᠡᠷ᠎ᠡ ᠦᠶ᠎ᠡ ᠳᠦ ᠲᠠ ᠨᠠᠷ ᠤᠨ ᠡᠪᠦᠭᠡ ᠠᠪᠷᠠᠬᠠᠮ ᠪᠣᠯᠣᠨ ᠨᠠᠬᠣᠷ ᠨᠠᠷ ᠤᠨ ᠡᠴᠢᠭᠡ ᠲᠧᠷᠠ ᠡᠶᠦ᠋ᠹᠷᠠᠲ᠋ᠧᠰ ᠮᠥᠷᠡᠨ ᠦ ᠴᠠᠭᠠᠨ᠎ᠠ ᠠᠮᠢᠳᠤᠷᠠᠵᠤ᠂ ᠥᠭᠡᠷ᠎ᠡ ᠪᠤᠷᠬᠠᠳ ᠲᠤ ᠮᠥᠷᠭᠥᠵᠦ ᠪᠠᠢᠪᠠ᠃ 3 ᠲᠡᠭᠡᠬᠦ ᠳᠦ ᠪᠢ ᠲᠠ ᠨᠠᠷ ᠤᠨ ᠡᠪᠦᠭᠡ ᠠᠪᠷᠠᠬᠠᠮ ᠢ ᠡᠶᠦ᠋ᠹᠷᠠᠲ᠋ᠧᠰ ᠮᠥᠷᠡᠨ ᠦ ᠴᠠᠭᠠᠨ᠎ᠠ ᠠᠴᠠ ᠠᠪᠴᠢᠷᠠᠵᠤ᠂ ᠺᠠᠨᠠᠨ ᠤ ᠪᠦᠬᠦ ᠨᠤᠲᠤᠭ ᠢᠶᠠᠷ ᠶᠠᠪᠤᠭᠤᠯᠤᠭᠰᠠᠨ ᠪᠥᠭᠡᠳ ᠲᠡᠭᠦᠨ ᠦ ᠦᠷ᠎ᠡ ᠤᠳᠤᠮ ᠢ ᠣᠯᠠᠰᠢᠷᠠᠭᠤᠯᠬᠤ ᠪᠠᠷ ᠲᠡᠭᠦᠨ ᠳᠦ ᠢᠰᠠᠺ ᠢ ᠥᠭᠴᠦ᠂ 4 ᠢᠰᠠᠺ ᠲᠤ ᠶᠠᠺᠣᠪ᠂ ᠡᠰᠡᠦ᠋ ᠬᠣᠶᠠᠷ ᠢ ᠥᠭᠭᠥᠭᠰᠡᠨ ᠪᠢᠯᠡ᠃ ᠪᠠᠰᠠ ᠡᠰᠡᠦ᠋ ᠳᠤ ᠰᠧᠷ ᠠᠭᠤᠯᠠᠰ ᠢ ᠥᠭᠴᠦ ᠡᠵᠡᠮᠰᠢᠭᠦᠯᠦᠭᠰᠡᠨ᠃ ᠶᠠᠺᠣᠪ ᠪᠣᠯᠣᠨ ᠲᠡᠭᠦᠨ ᠦ ᠬᠥᠪᠡᠭᠦᠳ ᠶᠧᠵᠢᠫᠲ ᠤᠷᠤᠭᠤ ᠶᠠᠪᠤᠭᠰᠠᠨ ᠤᠴᠢᠷ ᠠᠴᠠ 5 ᠪᠢ ᠮᠣᠰᠧ᠂ ᠠᠷᠣᠨ ᠬᠣᠶᠠᠷ ᠢ ᠢᠯᠡᠭᠡᠵᠦ᠂ ᠶᠧᠵᠢᠫᠲ᠋ᠴᠦᠳ ᠲᠦ ᠭᠠᠮᠰᠢᠭ ᠪᠠᠭᠤᠯᠭᠠᠨ᠂ ᠶᠧᠵᠢᠫᠲ ᠢ ᠪᠤᠲᠠ ᠴᠣᠬᠢᠭᠰᠠᠨ ᠤ ᠳᠠᠷᠠᠭ᠎ᠠ᠂ ᠲᠠᠨ ᠤ ᠬᠢᠨ ᠢ ᠲᠡᠨᠳᠡ ᠡᠴᠡ ᠭᠠᠷᠭᠠᠵᠤ ᠠᠪᠤᠭᠰᠠᠨ᠃ 6 ᠪᠢ ᠲᠠᠨ ᠤ ᠡᠪᠦᠭᠡ ᠳᠡᠭᠡᠳᠦᠰ ᠢ ᠶᠧᠵᠢᠫᠲ ᠡᠴᠡ ᠭᠠᠷᠭᠠᠵᠤ ᠲᠠᠩᠭᠢᠰ ᠲᠤ ᠬᠦᠷᠭᠡᠬᠦ ᠳᠦ᠂ ᠶᠧᠵᠢᠫᠲ᠋ᠴᠦᠳ ᠲᠠ ᠨᠠᠷ ᠤᠨ ᠡᠴᠢᠭᠡ ᠡᠪᠦᠭᠡᠳ ᠢ ᠬᠥᠰᠬᠡ ᠲᠡᠷᠭᠡ ᠪᠣᠯᠣᠨ ᠮᠣᠷᠢ ᠪᠠᠷ ᠳᠠᠭᠤᠨ ᠤᠯᠠᠭᠠᠨ ᠲᠠᠩᠭᠢᠰ ᠲᠤ ᠬᠦᠷᠦᠭᠰᠡᠨ ᠪᠢᠯᠡ᠃ 7 ᠲᠠ ᠨᠠᠷ ᠤᠨ ᠡᠴᠢᠭᠡ ᠡᠪᠦᠭᠡᠳ ᠶᠣᠬᠣᠸᠠ ᠨᠠᠳᠠ ᠤᠷᠤᠭᠤ ᠬᠠᠰᠬᠢᠷᠤᠭᠰᠠᠨ ᠲᠤᠯᠠ ᠪᠢ ᠲᠠᠨ ᠤ ᠬᠢᠨ ᠪᠣᠯᠣᠨ ᠶᠧᠵᠢᠫᠲ᠋ᠴᠦᠳ ᠦᠨ ᠬᠣᠭᠣᠷᠣᠨᠳᠣ ᠬᠠᠷᠠᠩ᠋ᠭᠤᠢ ᠶᠢ ᠲᠠᠯᠪᠢᠵᠤ᠂ ᠲᠠᠩᠭᠢᠰ ᠤᠨ ᠤᠰᠤ ᠶᠢ ᠠᠪᠴᠢᠷᠠᠭᠠᠳ ᠶᠧᠵᠢᠫᠲ᠋ᠴᠦᠳ ᠢ ᠵᠢᠪᠪᠦᠭᠦᠯᠦᠭᠰᠡᠨ᠃ ᠲᠡᠳᠡᠨ ᠳᠦ ᠶᠠᠭᠤ ᠬᠢᠭᠰᠡᠨ ᠢ ᠮᠢᠨᠢ ᠲᠠᠨ ᠤ ᠬᠢᠨ ᠥᠪᠡᠷᠰᠡᠳ ᠦᠨ ᠢᠶᠠᠨ ᠨᠢᠳᠦ ᠪᠡᠷ ᠦᠵᠡᠭᠰᠡᠨ ᠪᠢᠯᠡ᠃ ᠲᠡᠭᠡᠭᠡᠳ ᠲᠠᠨ ᠤ ᠬᠢᠨ ᠴᠥᠯ ᠳᠤ ᠤᠳᠠᠭᠠᠨ ᠬᠤᠭᠤᠴᠠᠭ᠎ᠠ ᠪᠠᠷ ᠠᠮᠢᠳᠤᠷᠠᠪᠠ᠃ 8 ᠪᠢ ᠲᠠ ᠨᠠᠷ ᠢ ᠶᠣᠷᠳᠠᠨ ᠤ ᠵᠡᠭᠦᠨ ᠲᠠᠯ᠎ᠠ ᠳᠤ ᠰᠠᠭᠤᠵᠤ ᠪᠤᠢ ᠠᠮᠣᠷᠢᠴᠤᠳ ᠤᠨ ᠨᠤᠲᠤᠭ ᠲᠤ ᠠᠪᠴᠢᠷᠠᠭᠰᠠᠨ᠂ ᠲᠡᠳᠡ ᠲᠠ ᠨᠠᠷ ᠲᠠᠢ ᠳᠠᠢᠲᠤᠭᠰᠠᠨ ᠪᠣᠯᠪᠠᠴᠤ ᠪᠢ ᠲᠡᠳᠡᠨ ᠢ ᠲᠠ ᠨᠠᠷ ᠤᠨ ᠭᠠᠷ ᠲᠤ ᠲᠤᠰᠢᠶᠠᠭᠰᠠᠨ᠂ ᠲᠠ ᠨᠠᠷ ᠲᠡᠳᠡᠨ ᠦ ᠭᠠᠵᠠᠷ ᠢ ᠡᠵᠡᠮᠰᠢᠵᠦ᠂ ᠪᠢ ᠲᠡᠳᠡᠨ ᠢ ᠲᠠ ᠨᠠᠷ ᠤᠨ ᠡᠮᠦᠨ᠎ᠡ ᠤᠰᠠᠳᠬᠠᠭᠰᠠᠨ᠃ 9 ᠽᠢᠫᠣᠷ ᠤᠨ ᠬᠦᠦ᠂ ᠮᠣᠶᠠᠪ ᠤᠨ ᠬᠠᠭᠠᠨ ᠪᠠᠯᠠᠺ ᠪᠣᠰᠴᠤ᠂ ᠢᠰᠷᠧᠯ ᠢ ᠳᠣᠪᠲᠣᠯᠬᠤ ᠪᠠᠷ ᠪᠧᠶᠣᠷ ᠤᠨ ᠬᠦᠦ ᠪᠠᠯᠠᠮ ᠢ ᠳᠠᠭᠤᠳᠠᠨ ᠢᠷᠡᠭᠦᠯᠵᠦ᠂ ᠲᠡᠭᠦᠨ ᠢᠶᠡᠷ ᠲᠠ ᠨᠠᠷ ᠢ ᠬᠠᠷᠢᠶᠠᠯᠭᠠᠬᠤ ᠭᠡᠰᠡᠨ ᠪᠢᠯᠡ᠃ 10 ᠬᠠᠷᠢᠨ ᠪᠢ ᠪᠠᠯᠠᠮ ᠤᠨ ᠬᠢ ᠶᠢ ᠰᠣᠨᠣᠰᠣᠭ᠎ᠠ ᠦᠭᠡᠢ᠂ ᠲᠡᠢᠮᠦ ᠡᠴᠡ ᠲᠡᠷᠡ ᠲᠠ ᠨᠠᠷ ᠢ ᠢᠷᠥᠭᠡᠨ ᠢᠷᠥᠭᠡᠭᠰᠡᠨ ᠪᠥᠭᠡᠳ ᠲᠡᠢᠨ ᠬᠦ ᠪᠢ ᠲᠠ ᠨᠠᠷ ᠢ ᠲᠡᠭᠦᠨ ᠦ ᠭᠠᠷ ᠠᠴᠠ ᠠᠪᠤᠷᠠᠭᠰᠠᠨ᠃ 11 ᠲᠠ ᠨᠠᠷ ᠶᠣᠷᠳᠠᠨ ᠢ ᠭᠠᠲᠤᠯᠵᠤ᠂ ᠶᠧᠷᠢᠺᠣ ᠳᠤ ᠢᠷᠡᠬᠦ ᠳᠦ᠂ ᠶᠧᠷᠢᠺᠣ ᠶᠢᠨ ᠰᠠᠭᠤᠭᠠᠯᠢᠴᠢᠳ ᠪᠣᠯᠣᠨ ᠠᠮᠣᠷᠢᠴᠤᠳ᠂ ᠫᠧᠷᠢᠽᠴᠦᠳ᠂ ᠺᠠᠨᠠᠨᠴᠤᠳ᠂ ᠾᠢᠲ᠋ᠴᠦᠳ᠂ ᠭᠢᠷᠭᠠᠱᠴᠤᠳ᠂ ᠾᠢᠸᠢᠴᠦᠳ᠂ ᠶᠧᠪᠦ᠋ᠰᠴᠦᠳ ᠲᠠ ᠨᠠᠷ ᠲᠠᠢ ᠳᠠᠢᠲᠤᠭᠰᠠᠨ ᠪᠣᠯᠪᠠᠴᠤ ᠪᠢ ᠲᠡᠳᠡᠨ ᠢ ᠲᠠᠨ ᠤ ᠬᠢᠨ ᠤ ᠭᠠᠷ ᠲᠤ ᠲᠤᠰᠢᠶᠠᠵᠤ᠂ 12 ᠲᠠ ᠨᠠᠷ ᠤᠨ ᠡᠮᠦᠨ᠎ᠡ ᠬᠡᠳᠡᠭᠡᠨ᠎ᠡ ᠶᠢ ᠢᠯᠡᠭᠡᠵᠦ᠂ ᠲᠡᠭᠦᠨ ᠢᠶᠡᠷ ᠠᠮᠣᠷᠢᠴᠤᠳ ᠤᠨ ᠬᠣᠶᠠᠷ ᠬᠠᠭᠠᠨ ᠢ ᠲᠠ ᠨᠠᠷ ᠤᠨ ᠡᠮᠦᠨ᠎ᠡ ᠡᠴᠡ ᠬᠥᠭᠡᠭᠡᠯᠭᠡᠭᠰᠡᠨ᠂ ᠬᠠᠷᠢᠨ ᠰᠡᠯᠡᠮ᠎ᠡ ᠪᠤᠶᠤ ᠨᠤᠮᠤ ᠪᠠᠷ ᠴᠢᠨᠢ ᠬᠥᠭᠡᠭᠡᠯᠭᠡᠭᠰᠡᠨ ᠪᠢᠰᠢ᠃ 13 ᠪᠢ ᠲᠠ ᠨᠠᠷ ᠲᠤ ᠥᠪᠡᠷᠰᠡᠳ ᠦᠨ ᠴᠢᠨᠢ ᠬᠥᠳᠡᠯᠮᠦᠷᠢᠯᠡᠭᠡ ᠦᠭᠡᠢ ᠭᠠᠵᠠᠷ ᠪᠣᠯᠣᠨ ᠥᠪᠡᠷᠰᠡᠳ ᠦᠨ ᠴᠢᠨᠢ ᠪᠠᠷᠢᠵᠤ ᠪᠣᠰᠬᠠᠭ᠎ᠠ ᠦᠭᠡᠢ ᠬᠣᠲᠠ ᠨᠤᠭᠤᠳ ᠢ ᠥᠭᠴᠦ᠂ ᠲᠠ ᠨᠠᠷ ᠲᠡᠨᠳᠡ ᠰᠠᠭᠤᠷᠢᠰᠢᠭᠰᠠᠨ ᠪᠥᠭᠡᠳ ᠥᠪᠡᠷᠰᠡᠳ ᠦᠨ ᠢᠶᠠᠨ ᠲᠠᠷᠢᠭ᠎ᠠ ᠦᠭᠡᠢ ᠦᠵᠦᠮ ᠦᠨ ᠬᠦᠷᠢᠶᠡᠯᠡᠩ᠂ ᠴᠢᠳᠦᠨ ᠦ ᠬᠦᠷᠢᠶᠡᠯᠡᠩ ᠡᠴᠡ ᠢᠳᠡᠵᠦ ᠪᠠᠢᠨ᠎ᠠ᠃
14 ᠲᠡᠭᠡᠬᠦ ᠪᠡᠷ ᠣᠳᠣ ᠶᠣᠬᠣᠸᠠ ᠠᠴᠠ ᠡᠮᠢᠶᠡᠨ᠂ ᠦᠨᠡᠨᠴᠢ ᠰᠢᠳᠤᠷᠭᠤ ᠪᠠᠷ ᠲᠡᠭᠦᠨ ᠳᠦ ᠦᠢᠯᠡᠴᠢᠯᠡᠭᠲᠦᠨ︕ ᠡᠶᠦ᠋ᠹᠷᠠᠲ᠋ᠧᠰ ᠮᠥᠷᠡᠨ ᠦ ᠴᠠᠭᠠᠨ᠎ᠠ᠂ ᠮᠥᠨ ᠶᠧᠵᠢᠫᠲ ᠲᠤ ᠡᠴᠢᠭᠡ ᠡᠪᠦᠭᠡᠳ ᠦᠨ ᠢᠶᠠᠨ ᠮᠥᠷᠭᠥᠵᠦ ᠪᠠᠢᠭᠰᠠᠨ ᠪᠤᠷᠬᠠᠳ ᠢ ᠬᠠᠶᠠᠭᠠᠳ᠂ ᠶᠣᠬᠣᠸᠠ ᠳᠤ ᠯᠠ ᠦᠢᠯᠡᠴᠢᠯᠡ᠃ 15 ᠲᠠ ᠨᠠᠷ ᠶᠣᠬᠣᠸᠠ ᠳᠤ ᠦᠢᠯᠡᠴᠢᠯᠡᠬᠦ ᠳᠤᠷ᠎ᠠ ᠦᠭᠡᠢ ᠪᠠᠢᠪᠠᠯ ᠬᠡᠨ ᠳᠦ ᠦᠢᠯᠡᠴᠢᠯᠡᠬᠦ ᠪᠤᠢ ᠭᠡᠳᠡᠭ ᠢᠶᠡᠨ ᠥᠨᠥᠳᠥᠷ ᠰᠣᠩ᠋ᠭᠣᠵᠤ ᠠᠪ᠃ ᠡᠶᠦ᠋ᠹᠷᠠᠲ᠋ᠧᠰ ᠮᠥᠷᠡᠨ ᠦ ᠴᠠᠭᠠᠨ᠎ᠠ ᠡᠴᠢᠭᠡ ᠡᠪᠦᠭᠡᠳ ᠦᠨ ᠢᠶᠠᠨ ᠮᠥᠷᠭᠥᠵᠦ ᠪᠠᠢᠭᠰᠠᠨ ᠪᠤᠷᠬᠠᠳ ᠲᠤ ᠤᠤ︖ ᠡᠰᠡᠪᠡᠯ ᠨᠤᠲᠤᠭᠯᠠᠵᠤ ᠪᠤᠢ ᠭᠠᠵᠠᠷ ᠤᠨ ᠢᠶᠠᠨ ᠠᠮᠣᠷᠢᠴᠤᠳ ᠤᠨ ᠪᠤᠷᠬᠠᠳ ᠲᠤ ᠦᠢᠯᠡᠴᠢᠯᠡᠬᠦ ᠤᠤ︖ ᠬᠠᠷᠢᠨ ᠪᠢ ᠪᠣᠯᠣᠨ ᠮᠠᠨ ᠤ ᠭᠡᠷ ᠦᠨ ᠬᠢᠨ ᠶᠣᠬᠣᠸᠠ ᠳᠤ ᠦᠢᠯᠡᠴᠢᠯᠡᠨ᠎ᠡ》 ᠭᠡᠯᠡ᠃
16 ᠠᠷᠠᠳ ᠣᠯᠠᠨ ᠬᠠᠷᠢᠭᠤ ᠳᠤᠨᠢ᠄ 《ᠶᠣᠬᠣᠸᠠ ᠶᠢ ᠣᠷᠬᠢᠵᠤ ᠥᠭᠡᠷ᠎ᠡ ᠪᠤᠷᠬᠠᠳ ᠲᠤ ᠦᠢᠯᠡᠴᠢᠯᠡᠬᠦ ᠨᠢ ᠪᠢᠳᠡᠨ ᠡᠴᠡ ᠬᠣᠯᠠ ᠪᠠᠢᠭ︕ 17 ᠪᠢᠳᠡᠨ ᠢ ᠪᠣᠯᠣᠨ ᠮᠠᠨ ᠤ ᠡᠴᠢᠭᠡ ᠡᠪᠦᠭᠡᠳ ᠢ ᠶᠧᠵᠢᠫᠲ ᠤᠨ ᠪᠣᠭᠣᠯᠴᠢᠯᠠᠯ ᠤᠨ ᠭᠡᠷ ᠡᠴᠡ ᠭᠠᠷᠭᠠᠵᠤ᠂ ᠲᠡᠳᠡᠭᠡᠷ ᠠᠭᠤᠤ ᠲᠡᠮᠳᠡᠭ ᠤᠳ ᠢ ᠪᠢᠳᠡ ᠨᠠᠷ ᠤᠨ ᠨᠢᠳᠦᠨ ᠡᠮᠦᠨ᠎ᠡ ᠦᠢᠯᠡᠳᠴᠦ᠂ ᠪᠦᠬᠦ ᠭᠦᠷᠦᠨ ᠢᠶᠡᠷ ᠥᠩᠭᠡᠷᠡᠵᠦ ᠶᠠᠪᠤᠭᠰᠠᠨ ᠵᠠᠮ ᠳᠡᠭᠡᠷ᠎ᠡ ᠮᠢᠨᠢ ᠪᠢᠳᠡᠨ ᠢ ᠬᠠᠮᠠᠭᠠᠯᠠᠭᠰᠠᠨ ᠨᠢᠭᠡᠨ ᠨᠢ ᠪᠢᠳᠡᠨ ᠦ ᠪᠤᠷᠬᠠᠨ ᠶᠣᠬᠣᠸᠠ ᠪᠢᠯᠡ᠃ 18 ᠮᠥᠨ ᠶᠣᠬᠣᠸᠠ ᠡᠨᠡ ᠨᠤᠲᠤᠭ ᠲᠤ ᠠᠮᠢᠳᠤᠷᠠᠵᠤ ᠪᠠᠢᠭᠰᠠᠨ ᠠᠮᠣᠷᠢᠴᠤᠳ ᠪᠣᠯᠣᠨ ᠪᠤᠰᠤᠳ ᠪᠦᠬᠦ ᠦᠨᠳᠦᠰᠦᠲᠡᠨ ᠢ ᠪᠢᠳᠡᠨ ᠦ ᠡᠮᠦᠨ᠎ᠡ ᠡᠴᠡ ᠬᠥᠭᠡᠭᠡᠨ ᠭᠠᠷᠭᠠᠭᠰᠠᠨ᠃ ᠪᠢᠳᠡ ᠴᠤ ᠶᠣᠬᠣᠸᠠ ᠳᠤ ᠦᠢᠯᠡᠴᠢᠯᠡᠨ᠎ᠡ᠃ ᠪᠢᠳᠡᠨ ᠦ ᠪᠤᠷᠬᠠᠨ ᠪᠣᠯ ᠲᠡᠷᠡ ᠶᠤᠮ》 ᠭᠡᠵᠡᠭᠡᠪᠡ᠃
19 ᠬᠠᠷᠢᠨ ᠶᠣᠱᠦ᠋ᠶ᠎ᠠ ᠠᠷᠠᠳ ᠣᠯᠠᠨ ᠳᠤ᠄ 《ᠲᠠ ᠨᠠᠷ ᠶᠣᠬᠣᠸᠠ ᠳᠤ ᠦᠢᠯᠡᠴᠢᠯᠡᠵᠦ ᠳᠡᠢᠯᠬᠦ ᠦᠭᠡᠢ᠃ ᠤᠴᠢᠷ ᠨᠢ ᠲᠡᠷᠡ ᠪᠣᠯ ᠠᠷᠢᠭᠤᠨ ᠪᠤᠷᠬᠠᠨ᠂ ᠬᠠᠷᠠᠲᠠᠢ ᠪᠤᠷᠬᠠᠨ ᠪᠣᠯᠬᠣᠷ ᠲᠠ ᠨᠠᠷ ᠤᠨ ᠤᠷᠪᠠᠯᠲᠠ ᠶᠢ ᠴᠤ᠂ ᠨᠢᠭᠦᠯ ᠤᠳ ᠢ ᠴᠤ ᠠᠭᠤᠴᠢᠯᠠᠬᠤ ᠦᠭᠡᠢ᠃ 20 ᠬᠡᠷᠪᠡ ᠲᠠ ᠨᠠᠷ ᠶᠣᠬᠣᠸᠠ ᠶᠢ ᠣᠷᠬᠢᠵᠤ ᠬᠠᠷᠢ ᠶᠢᠨ ᠪᠤᠷᠬᠠᠳ ᠲᠤ ᠦᠢᠯᠡᠴᠢᠯᠡᠪᠡᠯ᠂ ᠲᠡᠷᠡ ᠲᠠ ᠨᠠᠷ ᠲᠤ ᠰᠠᠢᠨ ᠰᠠᠢᠬᠠᠨ ᠢ ᠠᠪᠴᠢᠷᠠᠵᠤ ᠪᠠᠢᠭᠰᠠᠨ ᠠᠴᠠ ᠪᠠᠨ ᠡᠷᠭᠢᠵᠦ᠂ ᠭᠠᠢ ᠭᠠᠮᠰᠢᠭ ᠢ ᠠᠪᠴᠢᠷᠠᠨ ᠲᠠ ᠨᠠᠷ ᠢ ᠤᠰᠠᠳᠬᠠᠬᠤ ᠪᠣᠯᠣᠨ᠎ᠠ》 ᠭᠡᠪᠡ᠃ 21 ᠠᠷᠠᠳ ᠣᠯᠠᠨ ᠶᠣᠱᠦ᠋ᠶ᠎ᠠ ᠳᠤ᠄ 《ᠦᠭᠡᠢ᠂ ᠪᠢᠳᠡ ᠭᠠᠭᠴᠠ ᠬᠦ ᠶᠣᠬᠣᠸᠠ ᠳᠤ ᠦᠢᠯᠡᠴᠢᠯᠡᠬᠦ ᠪᠣᠯᠣᠨ᠎ᠠ》 ᠭᠡᠬᠦ ᠳᠦ᠂ 22 ᠶᠣᠱᠦ᠋ᠶ᠎ᠠ᠄ 《ᠶᠣᠬᠣᠸᠠ ᠶᠢ ᠰᠣᠩ᠋ᠭᠣᠵᠤ ᠲᠡᠭᠦᠨ ᠳᠦ ᠦᠢᠯᠡᠴᠢᠯᠡᠶ᠎ᠡ ᠭᠡᠰᠡᠨ ᠦ ᠴᠢᠨᠢ ᠭᠡᠷᠡᠴᠢ ᠨᠢ ᠲᠠ ᠨᠠᠷ ᠥᠪᠡᠷᠰᠡᠳ ᠢᠶᠡᠨ ᠶᠤᠮ》 ᠭᠡᠬᠦ ᠳᠦ᠂ ᠲᠡᠳᠡ᠄ 《ᠪᠢᠳᠡ ᠨᠠᠷ ᠭᠡᠷᠡᠴᠢ ᠮᠥᠨ》 ᠭᠡᠯᠡ᠃ 23 ᠶᠣᠱᠦ᠋ᠶ᠎ᠠ᠄ 《ᠲᠠ ᠨᠠᠷ ᠣᠳᠣ ᠥᠪᠡᠷᠰᠡᠳ ᠦᠨ ᠢᠶᠠᠨ ᠳᠤᠮᠳᠠ ᠪᠠᠢᠭ᠎ᠠ ᠬᠠᠷᠢ ᠶᠢᠨ ᠪᠤᠷᠬᠠᠳ ᠢ ᠬᠠᠶᠠᠭᠠᠳ ᠵᠢᠷᠦᠬᠡ ᠰᠡᠳᠬᠢᠯ ᠢᠶᠠᠨ ᠢᠰᠷᠧᠯ ᠤᠨ ᠪᠤᠷᠬᠠᠨ ᠶᠣᠬᠣᠸᠠ ᠳᠤ ᠬᠠᠨᠳᠤᠭᠤᠯᠤᠭᠲᠤᠨ》 ᠭᠡᠬᠦ ᠳᠦ᠂ 24 ᠠᠷᠠᠳ ᠣᠯᠠᠨ ᠶᠣᠱᠦ᠋ᠶ᠎ᠠ ᠳᠤ᠄ 《ᠪᠢᠳᠡ ᠶᠣᠬᠣᠸᠠ ᠪᠤᠷᠬᠠᠨ ᠳᠠᠭᠠᠨ ᠯᠠ ᠦᠢᠯᠡᠴᠢᠯᠡᠨ᠂ ᠲᠡᠭᠦᠨ ᠦ ᠳᠠᠭᠤ ᠬᠣᠭᠣᠯᠠᠢ ᠶᠢ ᠳᠠᠭᠠᠶ᠎ᠠ》 ᠭᠡᠯᠡ᠃ 25 ᠶᠣᠱᠦ᠋ᠶ᠎ᠠ ᠲᠡᠷᠡ ᠡᠳᠦᠷ ᠱᠧᠺᠧᠮ ᠳᠤ ᠠᠷᠠᠳ ᠣᠯᠠᠨ ᠲᠠᠢ ᠭᠡᠷ᠎ᠡ ᠪᠠᠢᠭᠤᠯᠤᠨ᠂ ᠲᠡᠳᠡᠨ ᠦ ᠲᠥᠯᠥᠭᠡ ᠬᠠᠤᠯᠢ ᠵᠢᠭᠠᠪᠤᠷᠢ ᠨᠤᠭᠤᠳ ᠢ ᠲᠣᠭᠲᠠᠭᠠᠵᠤ᠂ 26 ᠡᠳᠡᠭᠡᠷ ᠦᠭᠡ ᠶᠢ ᠪᠤᠷᠬᠠᠨ ᠤ ᠬᠠᠤᠯᠢ ᠶᠢᠨ ᠨᠣᠮ ᠳᠤ ᠪᠢᠴᠢᠪᠡ᠃ ᠲᠡᠭᠡᠭᠡᠳ ᠲᠣᠮᠣ ᠴᠢᠯᠠᠭᠤ ᠠᠪᠴᠤ ᠲᠡᠭᠦᠨ ᠢ ᠶᠣᠬᠣᠸᠠ ᠶᠢᠨ ᠠᠷᠢᠭᠤᠨ ᠭᠠᠵᠠᠷ ᠤᠨ ᠳᠡᠷᠭᠡᠳᠡᠬᠢ ᠴᠠᠷᠠᠰᠤᠨ ᠮᠣᠳᠣᠨ ᠳᠣᠣᠷ᠎ᠠ ᠪᠠᠢᠷᠢᠯᠠᠭᠤᠯᠪᠠ᠃ 27 ᠶᠣᠱᠦ᠋ᠶ᠎ᠠ ᠪᠦᠬᠦ ᠠᠷᠠᠳ ᠣᠯᠠᠨ ᠳᠤ᠄ 《ᠬᠠᠷ᠎ᠠ᠂ ᠡᠨᠡ ᠴᠢᠯᠠᠭᠤ ᠪᠢᠳᠡᠨ ᠳᠦ ᠭᠡᠷᠡᠴᠢ ᠪᠣᠯᠣᠨ᠎ᠠ︕ ᠪᠢᠳᠡ ᠪᠦᠬᠦᠨ ᠳᠦ ᠠᠢᠯᠠᠳᠤᠭᠰᠠᠨ ᠶᠣᠬᠣᠸᠠ ᠶᠢᠨ ᠪᠦᠬᠦ ᠦᠭᠡ ᠶᠢ ᠡᠨᠡ ᠴᠢᠯᠠᠭᠤ ᠰᠣᠨᠣᠰᠣᠭᠰᠠᠨ ᠲᠤᠯᠠ ᠲᠠ ᠨᠠᠷ ᠪᠤᠷᠬᠠᠨ ᠢᠶᠠᠨ ᠣᠭᠣᠷᠪᠠᠯ᠂ ᠲᠡᠷᠡ ᠲᠠ ᠨᠠᠷ ᠲᠤ ᠭᠡᠷᠡᠴᠢ ᠪᠣᠯᠣᠨ᠎ᠠ》 ᠭᠡᠪᠡ᠃ 28 ᠢᠩᠭᠢᠭᠡᠳ ᠶᠣᠱᠦ᠋ᠶ᠎ᠠ ᠠᠷᠠᠳ ᠣᠯᠠᠨ ᠢ ᠲᠤᠰ ᠲᠤᠰ ᠤᠨ ᠬᠢᠨᠢ ᠥᠪ ᠤᠷᠤᠭᠤ ᠪᠤᠴᠠᠭᠠᠵᠠᠢ᠃
ᠠᠮᠠᠯᠠᠭᠰᠠᠨ ᠭᠠᠵᠠᠷ ᠲᠤ ᠬᠥᠳᠡᠭᠡᠯᠡᠭᠦᠯᠪᠡ
29 ᠡᠳᠡᠭᠡᠷ ᠶᠠᠪᠤᠳᠠᠯ ᠤᠨ ᠳᠠᠷᠠᠭ᠎ᠠ᠂ ᠶᠣᠬᠣᠸᠠ ᠶᠢᠨ ᠵᠠᠷᠤᠴᠠ᠂ ᠨᠦᠨ ᠦ ᠬᠦᠦ ᠶᠣᠱᠦ᠋ᠶ᠎ᠠ ᠵᠠᠭᠤ ᠠᠷᠪᠠᠨ ᠨᠠᠰᠤᠨ ᠳᠠᠭᠠᠨ ᠥᠭᠡᠳᠡ ᠪᠣᠯᠣᠭᠰᠠᠨ ᠳᠤ᠂ 30 ᠬᠥᠮᠦᠰ ᠲᠡᠭᠦᠨ ᠢ ᠥᠪᠡᠷ ᠦᠨ ᠬᠢᠨᠢ ᠥᠪ ᠦᠨ ᠨᠤᠲᠤᠭ ᠲᠤ᠂ ᠲᠤᠬᠠᠢᠯᠠᠪᠠᠯ ᠭᠠᠱᠠ ᠠᠭᠤᠯᠠ ᠶᠢᠨ ᠬᠣᠢᠲᠤ ᠲᠠᠯ᠎ᠠ ᠳᠤ᠂ ᠡᠹᠷᠠᠢᠮ ᠤᠨ ᠠᠭᠤᠯᠠᠷᠬᠠᠭ ᠨᠤᠲᠤᠭ ᠤᠨ ᠲᠢᠮᠨᠠᠲ ᠰᠧᠷᠠ ᠳᠤ ᠬᠥᠳᠡᠭᠡᠯᠡᠭᠦᠯᠪᠡ᠃ 31 ᠶᠣᠱᠦ᠋ᠶ᠎ᠠ ᠶᠢᠨ ᠪᠦᠬᠦ ᠡᠳᠦᠷ ᠤᠳ ᠢᠶᠠᠷ᠂ ᠪᠠᠰᠠ ᠶᠣᠱᠦ᠋ᠶ᠎ᠠ ᠠᠴᠠ ᠬᠣᠢᠰᠢ᠂ ᠲᠤᠬᠠᠢᠯᠠᠪᠠᠯ ᠶᠣᠬᠣᠸᠠ ᠶᠢᠨ ᠢᠰᠷᠧᠯ ᠤᠨ ᠲᠥᠯᠥᠭᠡ ᠬᠢᠭᠰᠡᠨ ᠪᠦᠬᠦᠨ ᠢ ᠪᠡᠶ᠎ᠡ ᠪᠡᠷ ᠢᠶᠠᠨ ᠥᠩᠭᠡᠷᠡᠭᠦᠯᠦᠭᠰᠡᠨ ᠠᠬᠠᠮᠠᠳ ᠤᠳ ᠤᠨ ᠠᠮᠢᠳᠤ ᠰᠡᠷᠡᠭᠦᠨ ᠡᠳᠦᠷ ᠤᠳ ᠢᠶᠠᠷ ᠢᠰᠷᠧᠯ ᠶᠣᠬᠣᠸᠠ ᠳᠤ ᠦᠢᠯᠡᠴᠢᠯᠡᠭᠰᠡᠨ ᠶᠤᠮ᠃ 32 ᠢᠰᠷᠧᠯᠴᠦᠳ ᠶᠧᠵᠢᠫᠲ ᠡᠴᠡ ᠠᠪᠴᠢᠷᠠᠭᠰᠠᠨ ᠶᠣᠰᠧᠹ ᠤᠨ ᠶᠠᠰᠤ ᠶᠢ ᠱᠧᠺᠧᠮ ᠳᠤ ᠣᠷᠣᠰᠢᠭᠤᠯᠪᠠ᠃ ᠲᠡᠷᠡ ᠭᠠᠵᠠᠷ ᠢ ᠶᠠᠺᠣᠪ ᠱᠧᠺᠧᠮ ᠤᠨ ᠡᠴᠢᠭᠡ ᠬᠠᠮᠣᠷ ᠤᠨ ᠦᠷ᠎ᠡ ᠤᠳᠤᠮ ᠠᠴᠠ ᠵᠠᠭᠤᠨ ᠮᠥᠩᠭᠥᠨ ᠵᠣᠭᠣᠰ ᠢᠶᠠᠷ ᠬᠤᠳᠠᠯᠳᠤᠵᠤ ᠠᠪᠤᠭᠰᠠᠨ ᠪᠥᠭᠡᠳ ᠲᠡᠷᠡ ᠭᠠᠵᠠᠷ ᠶᠣᠰᠧᠹ ᠤᠨ ᠦᠷ᠎ᠡ ᠤᠳᠤᠮ ᠤᠨ ᠥᠪ ᠪᠣᠯᠣᠭᠰᠠᠨ ᠪᠠᠢᠪᠠ᠃ 33 ᠮᠥᠨ ᠠᠷᠣᠨ ᠤ ᠬᠦᠦ ᠡᠯᠧᠶᠠᠽᠠᠷ ᠨᠠᠰᠤ ᠪᠠᠷᠠᠪᠠ᠃ ᠬᠥᠮᠦᠰ ᠲᠡᠭᠦᠨ ᠢ ᠬᠦᠦ ᠹᠢᠨᠧᠬᠠᠰ ᠤᠨ ᠬᠢᠨᠢ ᠥᠪᠯᠡᠭᠰᠡᠨ ᠭᠠᠵᠠᠷ᠂ ᠲᠤᠬᠠᠢᠯᠠᠪᠠᠯ ᠡᠹᠷᠠᠢᠮ ᠤᠨ ᠠᠭᠤᠯᠠᠷᠬᠠᠭ ᠨᠤᠲᠤᠭ ᠲᠤ ᠪᠠᠢᠭ᠎ᠠ ᠭᠢᠪᠧᠶ᠎ᠠ ᠶᠢᠨ ᠲᠣᠯᠣᠭᠠᠳ ᠲᠤ ᠬᠥᠳᠡᠭᠡᠯᠡᠭᠦᠯᠦᠭᠰᠡᠨ ᠪᠠᠢᠨ᠎ᠠ᠃