ᠶᠣᠱᠦ᠋ᠶ᠎ᠠ ᠬᠣᠷᠢᠨ ᠬᠣᠶᠠᠷ
ᠵᠡᠭᠦᠨ ᠲᠠᠯ᠎ᠠ ᠶᠢᠨ ᠣᠪᠣᠭ ᠤᠳ ᠪᠤᠴᠠᠪᠠ
1 ᠶᠣᠱᠦ᠋ᠶ᠎ᠠ ᠷᠧᠣᠪᠧᠨᠴᠤᠳ᠂ ᠭᠠᠳ᠋ᠴᠤᠳ ᠪᠣᠯᠣᠨ ᠮᠠᠨᠠᠰᠧ ᠶᠢᠨ ᠬᠠᠭᠠᠰ ᠣᠪᠣᠭ ᠤᠨ ᠬᠢᠨ ᠢ ᠳᠠᠭᠤᠳᠠᠭᠠᠳ 2 ᠲᠡᠳᠡᠨ ᠳᠦ᠄ 《ᠶᠣᠬᠣᠸᠠ ᠶᠢᠨ ᠵᠠᠷᠤᠴᠠ ᠮᠣᠰᠧ ᠶᠢᠨ ᠲᠤᠰᠢᠶᠠᠭᠰᠠᠨ ᠪᠦᠬᠦᠨ ᠢ ᠲᠠ ᠨᠠᠷ ᠪᠡᠶᠡᠯᠡᠭᠦᠯᠵᠦ᠂ ᠮᠥᠨ ᠮᠢᠨᠦ ᠲᠤᠰᠢᠶᠠᠭᠰᠠᠨ ᠪᠦᠬᠦᠨ ᠳᠦ ᠳᠤᠭᠤᠯᠭᠠᠪᠤᠷᠢᠲᠠᠢ ᠪᠠᠢᠭᠰᠠᠨ᠃ 3 ᠲᠠ ᠨᠠᠷ ᠥᠨᠥᠳᠥᠷ ᠬᠦᠷᠲᠡᠯ᠎ᠡ᠂ ᠡᠳᠡᠭᠡᠷ ᠣᠯᠠᠨ ᠡᠳᠦᠷ ᠤᠳ ᠲᠤ ᠠᠬ᠎ᠠ ᠳᠡᠭᠦᠦ ᠨᠠᠷ ᠢᠶᠠᠨ ᠣᠷᠭᠢᠯ ᠦᠭᠡᠢ᠂ ᠶᠣᠬᠣᠸᠠ ᠪᠤᠷᠬᠠᠨ ᠤ ᠪᠠᠨ ᠲᠤᠰᠢᠶᠠᠭᠰᠠᠨ ᠡᠭᠦᠷᠭᠡ ᠶᠢ ᠪᠡᠶᠡᠯᠡᠭᠦᠯᠵᠦ ᠢᠷᠡᠭᠰᠡᠨ᠃ 4 ᠣᠳᠣ ᠲᠠ ᠨᠠᠷ ᠤᠨ ᠪᠤᠷᠬᠠᠨ ᠶᠣᠬᠣᠸᠠ ᠠᠮᠠᠯᠠᠭᠰᠠᠨ ᠶᠣᠰᠣᠭᠠᠷ ᠢᠶᠠᠨ ᠠᠬ᠎ᠠ ᠳᠡᠭᠦᠦᠰ ᠲᠦ ᠴᠢᠨᠢ ᠠᠮᠠᠷᠠᠯ ᠢ ᠰᠣᠶᠣᠷᠬᠠᠭᠰᠠᠨ ᠲᠤᠯᠠ ᠲᠠ ᠨᠠᠷ ᠶᠣᠷᠳᠠᠨ ᠤ ᠨᠥᠭᠥᠭᠡ ᠲᠠᠯ᠎ᠠ ᠳᠤ ᠶᠣᠬᠣᠸᠠ ᠶᠢᠨ ᠵᠠᠷᠤᠴᠠ ᠮᠣᠰᠧ ᠶᠢᠨ ᠡᠵᠡᠮᠰᠢᠯ ᠪᠣᠯᠭᠠᠨ ᠥᠭᠭᠥᠭᠰᠡᠨ ᠭᠡᠷ ᠤᠷᠤᠭᠤ ᠪᠠᠨ ᠬᠠᠷᠢᠵᠠᠭ᠎ᠠ᠃ 5 ᠬᠠᠷᠢᠨ ᠲᠠ ᠨᠠᠷ ᠶᠣᠬᠣᠸᠠ ᠶᠢᠨ ᠵᠠᠷᠤᠴᠠ ᠮᠣᠰᠧ ᠶᠢᠨ ᠲᠠ ᠨᠠᠷ ᠲᠤ ᠥᠭᠭᠥᠭᠰᠡᠨ ᠲᠤᠰᠢᠶᠠᠯ ᠵᠢᠭᠠᠪᠤᠷᠢ ᠨᠤᠭᠤᠳ ᠢ ᠪᠡᠶᠡᠯᠡᠭᠦᠯᠬᠦ ᠶᠢ ᠬᠢᠴᠢᠶᠡᠵᠦ᠂ ᠶᠣᠬᠣᠸᠠ ᠪᠤᠷᠬᠠᠨ ᠢᠶᠠᠨ ᠬᠠᠢᠷᠠᠯᠠᠨ ᠲᠡᠭᠦᠨ ᠦ ᠵᠢᠭᠠᠭᠰᠠᠨ ᠪᠦᠬᠦ ᠵᠠᠮ ᠢ ᠮᠥᠷᠳᠡᠵᠦ᠂ ᠲᠤᠰᠢᠶᠠᠯ ᠤᠳ ᠢ ᠨᠢ ᠰᠠᠬᠢᠨ ᠲᠡᠭᠦᠨ ᠡᠴᠡ ᠵᠢᠭᠤᠷᠠᠭᠰᠠᠭᠠᠷ ᠲᠡᠭᠦᠨ ᠳᠦ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠦᠢᠯᠡᠴᠢᠯᠡ》 ᠭᠡᠯᠡ᠃ 6 ᠶᠣᠱᠦ᠋ᠶ᠎ᠠ ᠲᠡᠳᠡᠨ ᠢ ᠡᠢᠨ ᠬᠦ ᠢᠷᠥᠭᠡᠨ ᠶᠠᠪᠤᠭᠤᠯᠬᠤ ᠳᠤ᠂ ᠲᠡᠳᠡ ᠭᠡᠷ ᠭᠡᠷ ᠤᠷᠤᠭᠤ ᠪᠠᠨ ᠶᠠᠪᠤᠭᠰᠠᠨ ᠪᠠᠢᠨ᠎ᠠ᠃
7 ᠮᠣᠰᠧ ᠮᠠᠨᠠᠰᠧ ᠶᠢᠨ ᠬᠠᠭᠠᠰ ᠣᠪᠣᠭ ᠲᠤ ᠪᠠᠱᠠᠨ ᠳᠠᠬᠢ ᠭᠠᠵᠠᠷ ᠢ ᠥᠭᠭᠥᠭᠰᠡᠨ ᠪᠠᠢᠪᠠ᠃ ᠨᠥᠭᠥᠭᠡ ᠬᠠᠭᠠᠰ ᠲᠤᠨᠢ ᠶᠣᠱᠦ᠋ᠶ᠎ᠠ ᠪᠤᠰᠤᠳ ᠠᠬ᠎ᠠ ᠳᠡᠭᠦᠦᠰ ᠲᠤᠨᠢ ᠥᠭᠭᠥᠭᠰᠡᠨ ᠲᠡᠢ ᠠᠳᠠᠯᠢᠬᠠᠨ ᠶᠣᠷᠳᠠᠨ ᠤ ᠨᠠᠭᠠᠳᠤ ᠲᠠᠯ᠎ᠠ᠂ ᠲᠤᠬᠠᠢᠯᠠᠪᠠᠯ ᠪᠠᠷᠠᠭᠤᠨ ᠲᠠᠯ᠎ᠠ ᠳᠠᠬᠢ ᠭᠠᠵᠠᠷ ᠨᠤᠲᠤᠭ ᠢ ᠥᠭᠴᠡᠢ᠃ ᠶᠣᠱᠦ᠋ᠶ᠎ᠠ ᠲᠡᠳᠡᠨ ᠢ ᠭᠡᠷ ᠤᠷᠤᠭᠤ ᠨᠢ ᠪᠤᠴᠠᠭᠠᠬᠤ ᠳᠠᠭᠠᠨ ᠢᠷᠥᠭᠡᠨ᠄ 8 《ᠲᠠ ᠨᠠᠷ ᠡᠯᠪᠡᠭ ᠡᠳ᠋ ᠬᠥᠷᠥᠩᠭᠡ ᠲᠠᠢ᠂ ᠥᠨᠢᠷ ᠣᠯᠠᠨ ᠮᠠᠯ ᠰᠦᠷᠦᠭ᠂ ᠮᠥᠩᠭᠥ᠂ ᠠᠯᠲᠠ᠂ ᠬᠦᠷᠡᠯ᠂ ᠲᠡᠮᠦᠷ᠂ ᠣᠯᠠᠨ ᠠᠷᠪᠢᠨ ᠬᠤᠪᠴᠠᠰᠤ ᠲᠠᠢ ᠪᠠᠷ ᠭᠡᠷ ᠤᠷᠤᠭᠤ ᠪᠠᠨ ᠪᠤᠴᠠ᠂ ᠳᠠᠢᠰᠤᠨ ᠨᠤᠭᠤᠳ ᠠᠴᠠ ᠪᠠᠨ ᠣᠯᠣᠭᠰᠠᠨ ᠣᠯᠵᠠ ᠪᠠᠨ ᠠᠬ᠎ᠠ ᠳᠡᠭᠦᠦᠰ ᠲᠡᠢ ᠪᠡᠨ ᠬᠤᠪᠢᠶᠠ》 ᠭᠡᠵᠡᠢ᠃ 9 ᠲᠡᠢᠨ ᠬᠦ ᠷᠧᠣᠪᠧᠨᠴᠤᠳ᠂ ᠭᠠᠳ᠋ᠴᠤᠳ ᠬᠢᠭᠡᠳ ᠮᠠᠨᠠᠰᠧ ᠶᠢᠨ ᠬᠠᠭᠠᠰ ᠣᠪᠣᠭ ᠤᠨ ᠬᠢᠨ ᠺᠠᠨᠠᠨ ᠨᠤᠲᠤᠭ ᠤᠨ ᠱᠢᠯᠣ᠋ ᠳᠠᠬᠢ ᠢᠰᠷᠧᠯ ᠤᠨ ᠬᠥᠪᠡᠭᠦᠳ ᠡᠴᠡ ᠰᠠᠯᠵᠤ᠂ ᠶᠣᠬᠣᠸᠠ ᠶᠢᠨ ᠮᠣᠰᠧ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠡᠵᠡᠮᠰᠢᠭᠰᠡᠨ ᠭᠢᠯᠧᠶᠠᠳ᠋ ᠭᠠᠵᠠᠷ ᠤᠷᠤᠭᠤ ᠪᠠᠨ ᠪᠤᠴᠠᠭᠰᠠᠨ ᠪᠠᠢᠯ᠎ᠠ᠃
ᠵᠡᠭᠦᠨ ᠣᠪᠣᠭ ᠤᠳ ᠲᠠᠬᠢᠯ ᠤᠨ ᠰᠢᠷᠡᠭᠡ ᠪᠣᠰᠬᠠᠪᠠ
10 ᠺᠠᠨᠠᠨ ᠨᠤᠲᠤᠭ ᠤᠨ ᠨᠠᠭᠠᠨ᠎ᠠ ᠶᠣᠷᠳᠠᠨ ᠤ ᠬᠥᠪᠡᠭᠡᠨ ᠳᠦ ᠢᠷᠡᠭᠡᠳ ᠷᠧᠣᠪᠧᠨᠴᠤᠳ᠂ ᠭᠠᠳ᠋ᠴᠤᠳ ᠪᠣᠯᠣᠨ ᠮᠠᠨᠠᠰᠧ ᠶᠢᠨ ᠬᠠᠭᠠᠰ ᠣᠪᠣᠭ ᠤᠨ ᠬᠢᠨ ᠲᠡᠨᠳᠡ᠂ ᠶᠣᠷᠳᠠᠨ ᠤ ᠬᠠᠵᠠᠭᠤ ᠳᠤ ᠰᠦᠷᠯᠢᠭ ᠲᠣᠮᠣ ᠲᠠᠬᠢᠯ ᠤᠨ ᠰᠢᠷᠡᠭᠡ ᠪᠣᠰᠬᠠᠭᠰᠠᠨ ᠪᠠᠢᠯ᠎ᠠ᠃ 11 ᠺᠠᠨᠠᠨ ᠨᠤᠲᠤᠭ ᠤᠨ ᠵᠠᠬ᠎ᠠ ᠳᠤ ᠢᠰᠷᠧᠯᠴᠦᠳ ᠲᠦ ᠬᠠᠷᠢᠶᠠᠯᠠᠭᠳᠠᠬᠤ ᠶᠣᠷᠳᠠᠨ ᠭᠣᠣᠯ ᠤᠨ ᠬᠥᠪᠡᠭᠡᠨ ᠳᠦ ᠲᠡᠳᠡᠨ ᠦ ᠲᠠᠬᠢᠯ ᠤᠨ ᠰᠢᠷᠡᠭᠡ ᠪᠣᠰᠬᠠᠭᠰᠠᠨ ᠢ ᠰᠣᠨᠣᠰᠣᠭᠠᠳ᠂ 12 ᠢᠰᠷᠧᠯ ᠤᠨ ᠨᠡᠢᠲᠡ ᠴᠢᠭᠤᠯᠭᠠᠨ ᠪᠦᠭᠦᠳᠡᠭᠡᠷ ᠲᠡᠳᠡᠨ ᠦ ᠡᠰᠡᠷᠭᠦ ᠳᠠᠢᠲᠤᠬᠤ ᠪᠠᠷ ᠱᠢᠯᠣ᠋ ᠳᠤ ᠴᠤᠭᠯᠠᠷᠠᠪᠠ᠃
13 ᠢᠰᠷᠧᠯᠴᠦᠳ ᠭᠢᠯᠧᠶᠠᠳ᠋ ᠤᠨ ᠨᠤᠲᠤᠭ ᠲᠤ ᠪᠠᠢᠭ᠎ᠠ ᠷᠧᠣᠪᠧᠨᠴᠤᠳ᠂ ᠭᠠᠳ᠋ᠴᠤᠳ ᠪᠣᠯᠣᠨ ᠮᠠᠨᠠᠰᠧ ᠶᠢᠨ ᠬᠠᠭᠠᠰ ᠣᠪᠣᠭ ᠤᠨ ᠬᠢᠨ ᠤᠷᠤᠭᠤ ᠲᠠᠬᠢᠯᠴᠢ ᠡᠯᠧᠶᠠᠽᠠᠷ ᠤᠨ ᠬᠦᠦ ᠹᠢᠨᠧᠬᠠᠰ ᠢ ᠢᠯᠡᠭᠡᠪᠡ᠃ 14 ᠢᠰᠷᠧᠯ ᠤᠨ ᠣᠪᠣᠭ ᠪᠦᠷᠢ ᠡᠴᠡ ᠠᠪᠤᠭᠰᠠᠨ ᠠᠷᠪᠠᠨ ᠤᠳᠤᠷᠢᠳᠤᠭᠴᠢ ᠲᠡᠭᠦᠨ ᠲᠡᠢ ᠬᠠᠮᠲᠤ ᠶᠠᠪᠤᠭᠰᠠᠨ ᠪᠥᠭᠡᠳ ᠲᠡᠳᠡ ᠪᠦᠭᠦᠳᠡ ᠢᠰᠷᠧᠯ ᠤᠨ ᠦᠢ ᠣᠯᠠᠨ ᠢ ᠲᠥᠯᠥᠭᠡᠯᠡᠬᠦ ᠠᠢᠮᠠᠭ ᠤᠨ ᠲᠡᠷᠢᠭᠦᠳ ᠪᠠᠢᠪᠠ᠃ 15 ᠲᠡᠳᠡ ᠭᠢᠯᠧᠶᠠᠳ᠋ ᠨᠤᠲᠤᠭ ᠲᠤ ᠬᠦᠷᠴᠦ᠂ ᠷᠧᠣᠪᠧᠨᠴᠤᠳ᠂ ᠭᠠᠳ᠋ᠴᠤᠳ ᠪᠣᠯᠣᠨ ᠮᠠᠨᠠᠰᠧ ᠶᠢᠨ ᠬᠠᠭᠠᠰ ᠣᠪᠣᠭ ᠤᠨ ᠬᠢᠨ ᠳᠡᠭᠡᠷ᠎ᠡ ᠢᠷᠡᠭᠡᠳ᠂ ᠲᠡᠳᠡᠨ ᠳᠦ 16 ᠶᠣᠬᠣᠸᠠ ᠶᠢᠨ ᠨᠡᠢᠲᠡ ᠴᠢᠭᠤᠯᠭᠠᠨ ᠤ ᠦᠭᠡ ᠶᠢ ᠳᠠᠮᠵᠢᠭᠤᠯᠤᠨ᠄ 《ᠲᠠ ᠨᠠᠷ ᠶᠠᠭᠤᠨ ᠳᠤ ᠡᠢᠮᠦ ᠲᠡᠷᠰᠯᠡᠭᠦᠦ ᠶᠠᠪᠤᠳᠠᠯ ᠢᠶᠠᠷ ᠢᠶᠠᠨ ᠢᠰᠷᠧᠯ ᠤᠨ ᠪᠤᠷᠬᠠᠨ ᠠᠴᠠ ᠪᠠᠨ ᠲᠡᠷᠰᠯᠡᠪᠡ︖ ᠶᠠᠭᠤᠨ ᠳᠤ ᠶᠣᠬᠣᠸᠠ ᠶᠢ ᠳᠠᠭᠠᠬᠤ ᠠᠴᠠ ᠡᠷᠭᠢᠨ ᠥᠪᠡᠷᠰᠡᠳ ᠲᠡᠭᠡᠨ ᠲᠠᠬᠢᠯ ᠤᠨ ᠰᠢᠷᠡᠭᠡ ᠪᠣᠰᠬᠠᠵᠤ᠂ ᠥᠨᠥᠳᠥᠷ ᠶᠣᠬᠣᠸᠠ ᠠᠴᠠ ᠤᠷᠪᠠᠬᠤ ᠭᠡᠵᠦ ᠪᠠᠢᠨ᠎ᠠ︖ 17 ᠫᠧᠶᠣᠷ ᠲᠤ ᠪᠢᠳᠡᠨ ᠦ ᠬᠦᠯᠢᠶᠡᠭᠰᠡᠨ ᠰᠢᠳᠬᠡᠯ ᠪᠠᠭᠠᠳᠠᠭᠰᠠᠨ ᠭᠡᠵᠢ ᠤᠤ︖ ᠲᠡᠭᠦᠨ ᠦ ᠤᠯᠠᠮ ᠢᠶᠠᠷ ᠶᠣᠬᠣᠸᠠ ᠶᠢᠨ ᠴᠢᠭᠤᠯᠭᠠᠨ ᠳᠡᠭᠡᠷ᠎ᠡ ᠪᠠᠭᠤᠭᠰᠠᠨ ᠭᠠᠢ ᠭᠠᠮᠰᠢᠭ ᠠᠴᠠ ᠪᠢᠳᠡ ᠥᠨᠥᠳᠥᠷ ᠬᠦᠷᠲᠡᠯ᠎ᠡ ᠴᠡᠪᠡᠷᠯᠡᠭᠳᠡᠭᠡ ᠦᠭᠡᠢ ᠪᠠᠢᠬᠤ ᠳᠤ᠂ 18 ᠬᠠᠷᠢᠨ ᠲᠠ ᠨᠠᠷ ᠥᠨᠥᠳᠥᠷ ᠶᠣᠬᠣᠸᠠ ᠠᠴᠠ ᠡᠷᠭᠢᠨ᠎ᠡ ᠭᠡᠵᠢ ᠤᠤ︖ ᠬᠡᠷᠪᠡ ᠲᠠ ᠨᠠᠷ ᠥᠨᠥᠳᠥᠷ ᠶᠣᠬᠣᠸᠠ ᠠᠴᠠ ᠤᠷᠪᠠᠪᠠᠯ ᠲᠡᠷᠡ ᠮᠠᠷᠭᠠᠰᠢ ᠢᠰᠷᠧᠯ ᠤᠨ ᠨᠡᠢᠲᠡ ᠴᠢᠭᠤᠯᠭᠠᠨ ᠳᠤ ᠬᠢᠯᠢᠩᠨᠡᠬᠦ ᠪᠣᠯᠣᠨ᠎ᠠ᠃ 19 ᠬᠡᠷᠪᠡ ᠲᠠᠨ ᠤ ᠡᠵᠡᠮᠰᠢᠭᠰᠡᠨ ᠭᠠᠵᠠᠷ ᠴᠡᠪᠡᠷ ᠪᠤᠰᠤ ᠪᠠᠢᠭ᠎ᠠ ᠪᠣᠯ᠂ ᠶᠣᠬᠣᠸᠠ ᠶᠢᠨ ᠡᠵᠡᠮᠰᠢᠭᠰᠡᠨ ᠭᠠᠵᠠᠷ᠂ ᠶᠣᠬᠣᠸᠠ ᠶᠢᠨ ᠣᠷᠣᠰᠢᠬᠤᠢ ᠶᠢᠨ ᠴᠠᠴᠠᠷ ᠪᠠᠢᠭ᠎ᠠ ᠮᠠᠨ ᠤ ᠬᠢᠨ ᠳᠤ ᠢᠷᠡᠵᠦ ᠪᠢᠳᠡᠨ ᠦ ᠳᠤᠮᠳᠠ ᠭᠠᠵᠠᠷ ᠡᠵᠡᠮᠰᠢᠵᠦ ᠪᠣᠯᠣᠨ᠎ᠠ᠃ ᠬᠠᠷᠢᠨ ᠪᠢᠳᠡᠨ ᠦ ᠪᠤᠷᠬᠠᠨ ᠶᠣᠬᠣᠸᠠ ᠶᠢᠨ ᠲᠠᠬᠢᠯ ᠤᠨ ᠰᠢᠷᠡᠭᠡᠨ ᠡᠴᠡ ᠥᠭᠡᠷ᠎ᠡ ᠲᠠᠬᠢᠯ ᠤᠨ ᠰᠢᠷᠡᠭᠡ ᠶᠢ ᠥᠪᠡᠷᠰᠡᠳ ᠲᠡᠭᠡᠨ ᠪᠣᠰᠬᠠᠭᠰᠠᠨ ᠢᠶᠠᠷ ᠶᠣᠬᠣᠸᠠ ᠠᠴᠠ ᠪᠦᠦ ᠤᠷᠪᠠ᠂ ᠪᠢᠳᠡᠨ ᠡᠴᠡ ᠴᠤ ᠪᠦᠦ ᠤᠷᠪᠠ᠃ 20 ᠽᠧᠷᠠ ᠶᠢᠨ ᠬᠦᠦ ᠠᠺᠠᠨ ᠤᠰᠠᠳᠬᠠᠵᠤ ᠡᠷᠭᠦᠬᠦ ᠶᠣᠰᠣᠲᠠᠢ ᠵᠦᠢᠯᠡᠰ ᠡᠴᠡ ᠪᠣᠯᠵᠤ ᠢᠲᠡᠭᠡᠮᠵᠢ ᠠᠯᠳᠠᠬᠤ ᠳᠤ᠂ ᠪᠦᠬᠦ ᠢᠰᠷᠧᠯ ᠤᠨ ᠴᠢᠭᠤᠯᠭᠠᠨ ᠳᠡᠭᠡᠷ᠎ᠡ ᠠᠭᠤᠷ ᠬᠢᠯᠢᠩ ᠪᠠᠭᠤᠭᠰᠠᠨ ᠪᠢᠰᠢ ᠤᠤ︖ ᠲᠡᠷᠡ ᠬᠦ ᠭᠡᠮ ᠨᠢᠭᠦᠯ ᠦᠨ ᠤᠯᠠᠮ ᠢᠶᠠᠷ ᠭᠠᠭᠴᠠ ᠲᠡᠷᠡ ᠬᠥᠮᠦᠨ ᠮᠥᠬᠥᠭᠰᠡᠨ ᠪᠢᠰᠢ ᠰᠢᠦ》 ᠭᠡᠪᠡ᠃
21 ᠢᠰᠷᠧᠯ ᠤᠨ ᠠᠢᠮᠠᠭ ᠤᠳ ᠤᠨ ᠲᠡᠷᠢᠭᠦᠨ ᠨᠦᠭᠦᠳ ᠦᠨ ᠬᠠᠷᠢᠭᠤ ᠳᠤ ᠷᠧᠣᠪᠧᠨᠴᠤᠳ᠂ ᠭᠠᠳ᠋ᠴᠤᠳ ᠬᠢᠭᠡᠳ ᠮᠠᠨᠠᠰᠧ ᠶᠢᠨ ᠬᠠᠭᠠᠰ ᠣᠪᠣᠭ ᠤᠨ ᠬᠢᠨ᠄ 22 《ᠪᠤᠷᠬᠠᠳ ᠤᠨ ᠪᠤᠷᠬᠠᠨ ᠶᠣᠬᠣᠸᠠ᠂ ᠪᠤᠷᠬᠠᠳ ᠤᠨ ᠪᠤᠷᠬᠠᠨ ᠶᠣᠬᠣᠸᠠ ᠲᠡᠷᠡ ᠮᠡᠳᠡᠵᠦ ᠪᠠᠢᠨ᠎ᠠ︕ ᠮᠥᠨ ᠢᠰᠷᠧᠯ ᠴᠤ ᠥᠪᠡᠷ ᠢᠶᠡᠨ ᠮᠡᠳᠡᠲᠦᠭᠡᠢ᠃ ᠬᠡᠷᠪᠡ ᠪᠢᠳᠡ ᠶᠣᠬᠣᠸᠠ ᠠᠴᠠ ᠤᠷᠪᠠᠵᠤ ᠲᠡᠷᠰᠯᠡᠬᠦ ᠭᠡᠰᠡᠨ ᠶᠤᠮ ᠪᠣᠯ᠂ ᠶᠣᠬᠣᠸᠠ ᠥᠨᠥᠳᠥᠷ ᠪᠢᠳᠡᠨ ᠢ ᠬᠡᠯᠲᠦᠷᠢᠭᠦᠯᠬᠦ ᠦᠭᠡᠢ᠃ 23 ᠬᠡᠷᠪᠡ ᠪᠢᠳᠡ ᠶᠣᠬᠣᠸᠠ ᠶᠢ ᠳᠠᠭᠠᠬᠤ ᠠᠴᠠ ᠪᠤᠴᠠᠬᠤ ᠶᠢᠨ ᠲᠥᠯᠥᠭᠡ ᠲᠠᠬᠢᠯ ᠤᠨ ᠰᠢᠷᠡᠭᠡ ᠪᠣᠰᠬᠠᠨ᠂ ᠡᠭᠦᠨ ᠳᠡᠭᠡᠷ᠎ᠡ ᠰᠢᠲᠠᠭᠠᠯᠭᠠᠲᠤ ᠲᠠᠬᠢᠯ ᠪᠤᠶᠤ ᠢᠳᠡᠭᠡᠨ ᠲᠠᠬᠢᠯ᠂ ᠡᠰᠡᠪᠡᠯ ᠡᠪ ᠦᠨ ᠲᠠᠬᠢᠯ ᠡᠷᠭᠦᠬᠦ ᠭᠡᠰᠡᠨ ᠪᠣᠯ ᠶᠣᠬᠣᠸᠠ ᠥᠪᠡᠷ ᠢᠶᠡᠨ ᠪᠢᠳᠡᠨ ᠡᠴᠡ ᠬᠠᠷᠢᠭᠤ ᠨᠡᠬᠡᠬᠦ ᠪᠣᠯᠣᠨ᠎ᠠ᠃ 24 ᠲᠡᠢᠮᠦ ᠪᠢᠰᠢ᠂ ᠪᠢᠳᠡ ᠰᠠᠨᠠᠭ᠎ᠠ ᠵᠣᠪᠠᠭᠰᠠᠨ ᠳᠠᠭᠠᠨ ᠲᠡᠭᠦᠨ ᠢ ᠪᠣᠰᠬᠠᠭᠰᠠᠨ ᠶᠤᠮ᠂ ᠬᠣᠵᠢᠮ ᠲᠠᠨ ᠤ ᠦᠷ᠎ᠡ ᠤᠳᠤᠮ ᠮᠠᠨ ᠤ ᠦᠷ᠎ᠡ ᠤᠳᠤᠮ ᠳᠤ᠄ 〈ᠢᠰᠷᠧᠯ ᠤᠨ ᠪᠤᠷᠬᠠᠨ ᠶᠣᠬᠣᠸᠠ ᠲᠠᠢ ᠲᠠ ᠨᠠᠷ ᠶᠠᠮᠠᠷ ᠬᠠᠮᠢᠶ᠎ᠠ ᠲᠠᠢ ᠶᠤᠮ ᠪᠤᠢ︖ 25 ᠷᠧᠣᠪᠧᠨᠴᠤᠳ ᠪᠣᠯᠣᠨ ᠭᠠᠳ᠋ᠴᠤᠳ ᠡ᠂ ᠶᠣᠬᠣᠸᠠ ᠶᠣᠷᠳᠠᠨ ᠢ ᠲᠠ ᠪᠢᠳᠡᠨ ᠦ ᠬᠣᠭᠣᠷᠣᠨᠳᠣᠬᠢ ᠬᠢᠯᠢ ᠪᠣᠯᠭᠠᠭᠰᠠᠨ ᠤᠴᠢᠷ ᠲᠠ ᠨᠠᠷ ᠶᠣᠬᠣᠸᠠ ᠠᠴᠠ ᠣᠯᠬᠤ ᠥᠪ ᠦᠭᠡᠢ〉 ᠭᠡᠵᠦ ᠬᠡᠯᠡᠬᠦ ᠪᠣᠯᠣᠭᠤᠵᠠᠢ᠂ ᠲᠡᠢᠨ ᠬᠦ ᠲᠠᠨ ᠤ ᠦᠷ᠎ᠡ ᠤᠳᠤᠮ ᠠᠴᠠ ᠪᠣᠯᠵᠤ ᠮᠠᠨ ᠤ ᠦᠷ᠎ᠡ ᠤᠳᠤᠮ ᠶᠣᠬᠣᠸᠠ ᠠᠴᠠ ᠡᠮᠢᠶᠡᠬᠦ ᠪᠡᠨ ᠪᠣᠯᠢᠵᠤ ᠮᠠᠭᠠᠳ ᠦᠭᠡᠢ᠃ 26 ᠡᠢᠮᠦ ᠡᠴᠡ ᠪᠢᠳᠡ ᠲᠠᠬᠢᠯ ᠤᠨ ᠰᠢᠷᠡᠭᠡ ᠪᠣᠰᠬᠠᠬᠤ ᠪᠠᠷ ᠰᠢᠢᠳᠦᠭᠰᠡᠨ ᠪᠣᠯᠪᠠᠴᠤ ᠲᠡᠭᠦᠨ ᠳᠡᠭᠡᠷ᠎ᠡ ᠰᠢᠲᠠᠭᠠᠯᠭᠠᠲᠤ ᠲᠠᠬᠢᠯ ᠪᠤᠶᠤ ᠡᠷᠭᠦᠯ ᠡᠷᠭᠦᠬᠦ ᠭᠡᠰᠡᠨ ᠪᠢᠰᠢ᠃ 27 ᠬᠠᠷᠢᠨ ᠲᠠ ᠪᠢᠳᠡ ᠬᠣᠶᠠᠷ ᠤᠨ ᠬᠣᠭᠣᠷᠣᠨᠳᠣ᠂ ᠮᠥᠨ ᠮᠠᠨ ᠤ ᠬᠣᠢᠴᠢ ᠦᠶ᠎ᠡ ᠶᠢᠨ ᠬᠢᠨ ᠤ ᠬᠣᠭᠣᠷᠣᠨᠳᠣ ᠡᠭᠦᠨ ᠢ ᠭᠡᠷᠡᠴᠢ ᠪᠣᠯᠭᠠᠨ᠂ ᠮᠠᠨ ᠤ ᠬᠢᠨ ᠴᠤ ᠶᠣᠬᠣᠸᠠ ᠶᠢᠨ ᠡᠮᠦᠨ᠎ᠡ ᠰᠢᠲᠠᠭᠠᠯᠭᠠᠲᠤ ᠲᠠᠬᠢᠯ᠂ ᠡᠷᠭᠦᠯ ᠪᠣᠯᠣᠨ ᠡᠪ ᠦᠨ ᠲᠠᠬᠢᠯ ᠢᠶᠠᠷ ᠢᠶᠠᠨ ᠶᠣᠬᠣᠸᠠ ᠳᠤ ᠮᠥᠷᠭᠥᠬᠦ ᠡᠷᠬᠡ ᠲᠠᠢ ᠶᠢ ᠰᠠᠨᠠᠭᠤᠯᠬᠤ ᠶᠢᠨ ᠲᠤᠯᠠᠳᠠ ᠲᠡᠭᠦᠨ ᠢ ᠪᠣᠰᠬᠠᠭᠰᠠᠨ ᠶᠤᠮ᠂ ᠲᠡᠢᠨ ᠬᠦ ᠬᠣᠵᠢᠮ ᠲᠠᠨ ᠤ ᠦᠷ᠎ᠡ ᠤᠳᠤᠮ ᠮᠠᠨ ᠤ ᠦᠷ᠎ᠡ ᠤᠳᠤᠮ ᠳᠤ᠄ 〈ᠲᠠ ᠨᠠᠷ ᠶᠣᠬᠣᠸᠠ ᠠᠴᠠ ᠬᠦᠷᠲᠡᠬᠦ ᠥᠪ ᠦᠭᠡᠢ〉 ᠭᠡᠵᠦ ᠬᠡᠯᠡᠬᠦ ᠦᠭᠡᠢ ᠪᠣᠯᠬᠤ ᠪᠥᠭᠡᠳ 28 ᠬᠡᠳᠦᠢᠪᠡᠷ ᠪᠢᠳᠡᠨ ᠳᠦ᠂ ᠡᠰᠡᠪᠡᠯ ᠮᠠᠨ ᠤ ᠬᠣᠢᠴᠢ ᠦᠷ᠎ᠡ ᠤᠳᠤᠮ ᠳᠤ ᠲᠡᠭᠡᠵᠦ ᠶᠠᠷᠢᠭᠰᠠᠨ ᠴᠤ ᠮᠠᠨ ᠤ ᠬᠢᠨ ᠬᠠᠷᠢᠭᠤ ᠳᠤᠨᠢ᠄ 〈ᠮᠠᠨ ᠤ ᠡᠴᠢᠭᠡ ᠡᠪᠦᠭᠡ ᠶᠢᠨ ᠪᠣᠰᠬᠠᠭᠰᠠᠨ ᠶᠣᠬᠣᠸᠠ ᠶᠢᠨ ᠲᠠᠬᠢᠯ ᠤᠨ ᠰᠢᠷᠡᠭᠡᠨ ᠦ ᠬᠠᠭᠤᠯᠪᠤᠷᠢ ᠶᠢ ᠬᠠᠷᠠᠭᠠᠴᠢ᠂ ᠲᠡᠭᠦᠨ ᠳᠡᠭᠡᠷ᠎ᠡ ᠰᠢᠲᠠᠭᠠᠯᠭᠠᠲᠤ ᠲᠠᠬᠢᠯ ᠪᠤᠶᠤ ᠡᠷᠭᠦᠯ ᠢ ᠡᠷᠭᠦᠬᠦ ᠵᠣᠷᠢᠯᠭ᠎ᠠ ᠦᠭᠡᠢ ᠪᠣᠯᠪᠠᠴᠤ ᠲᠠ ᠪᠢᠳᠡᠨ ᠦ ᠬᠣᠭᠣᠷᠣᠨᠳᠣ ᠭᠡᠷᠡᠴᠢ ᠪᠣᠯᠵᠤ ᠪᠠᠢᠭ᠎ᠠ ᠪᠢᠰᠢ ᠤᠤ︖〉 ᠭᠡᠵᠦ ᠬᠡᠯᠡᠨ᠎ᠡ ᠬᠡᠮᠡᠨ ᠪᠢᠳᠡ ᠪᠣᠳᠣᠭᠰᠠᠨ ᠶᠤᠮ᠃ 29 ᠥᠨᠥᠳᠥᠷ ᠶᠣᠬᠣᠸᠠ ᠠᠴᠠ ᠤᠷᠪᠠᠵᠤ᠂ ᠶᠣᠬᠣᠸᠠ ᠶᠢ ᠳᠠᠭᠠᠬᠤ ᠠᠴᠠ ᠪᠤᠴᠠᠬᠤ ᠨᠢ ᠪᠢᠳᠡᠨ ᠡᠴᠡ ᠬᠣᠯᠠ ᠪᠠᠢᠭ︕ ᠪᠢᠳᠡᠨ ᠦ ᠪᠤᠷᠬᠠᠨ ᠶᠣᠬᠣᠸᠠ ᠶᠢᠨ ᠣᠷᠣᠰᠢᠬᠤᠢ ᠶᠢᠨ ᠴᠠᠴᠠᠷ ᠤᠨ ᠡᠮᠦᠨ᠎ᠡ ᠪᠠᠢᠳᠠᠭ ᠥᠪᠡᠷ ᠦᠨ ᠬᠢᠨᠢ ᠲᠠᠬᠢᠯ ᠤᠨ ᠰᠢᠷᠡᠭᠡᠨ ᠡᠴᠡ ᠭᠠᠳᠠᠨ᠎ᠠ᠂ ᠪᠢᠳᠡ ᠰᠢᠲᠠᠭᠠᠯᠭᠠᠲᠤ ᠲᠠᠬᠢᠯ ᠪᠤᠶᠤ ᠢᠳᠡᠭᠡᠨ ᠲᠠᠬᠢᠯ᠂ ᠡᠰᠡᠪᠡᠯ ᠡᠷᠭᠦᠯ ᠡᠷᠭᠦᠬᠦ ᠭᠡᠵᠦ ᠥᠭᠡᠷ᠎ᠡ ᠲᠠᠬᠢᠯ ᠤᠨ ᠰᠢᠷᠡᠭᠡ ᠶᠢ ᠬᠡᠵᠢᠶ᠎ᠡ ᠴᠤ ᠪᠣᠰᠬᠠᠬᠤ ᠦᠭᠡᠢ》 ᠭᠡᠪᠡ᠃
30 ᠷᠧᠣᠪᠧᠨᠴᠤᠳ᠂ ᠭᠠᠳ᠋ᠴᠤᠳ ᠪᠣᠯᠣᠨ ᠮᠠᠨᠠᠰᠧᠴᠤᠳ ᠤᠨ ᠡᠳᠡᠭᠡᠷ ᠦᠭᠡ ᠨᠢ ᠲᠠᠬᠢᠯᠴᠢ ᠹᠢᠨᠧᠬᠠᠰ ᠪᠠ ᠲᠡᠭᠦᠨ ᠲᠡᠢ ᠬᠠᠮᠲᠤ ᠶᠠᠪᠤᠭᠰᠠᠨ ᠴᠢᠭᠤᠯᠭᠠᠨ ᠤ ᠤᠳᠤᠷᠢᠳᠤᠭᠴᠢᠳ᠂ ᠲᠤᠬᠠᠢᠯᠠᠪᠠᠯ ᠢᠰᠷᠧᠯ ᠤᠨ ᠠᠢᠮᠠᠭ ᠤᠳ ᠤᠨ ᠲᠡᠷᠢᠭᠦᠳ ᠦᠨ ᠲᠠᠭᠠᠯᠠᠯ ᠳᠤ ᠨᠡᠢᠴᠡᠪᠡ᠃ 31 ᠲᠡᠭᠡᠭᠡᠳ ᠲᠠᠬᠢᠯᠴᠢ ᠡᠯᠧᠶᠠᠽᠠᠷ ᠤᠨ ᠬᠦᠦ ᠹᠢᠨᠧᠬᠠᠰ ᠷᠧᠣᠪᠧᠨᠴᠤᠳ᠂ ᠭᠠᠳ᠋ᠴᠤᠳ ᠪᠣᠯᠣᠨ ᠮᠠᠨᠠᠰᠧᠴᠤᠳ ᠲᠤ᠄ 《ᠶᠣᠬᠣᠸᠠ ᠪᠢᠳᠡᠨ ᠦ ᠳᠤᠮᠳᠠ ᠪᠠᠢᠭ᠎ᠠ ᠶᠢ ᠥᠨᠥᠳᠥᠷ ᠪᠢᠳᠡ ᠮᠡᠳᠡᠯ᠎ᠡ᠃ ᠲᠠ ᠨᠠᠷ ᠶᠣᠬᠣᠸᠠ ᠠᠴᠠ ᠲᠡᠷᠰᠯᠡᠬᠦ ᠦᠭᠡᠢ ᠨᠢ ᠦᠨᠡᠨ ᠪᠠᠢᠨ᠎ᠠ᠃ ᠡᠳᠦᠭᠡ ᠲᠠ ᠨᠠᠷ ᠢᠰᠷᠧᠯᠴᠦᠳ ᠢ ᠶᠣᠬᠣᠸᠠ ᠶᠢᠨ ᠮᠤᠲᠤᠷ ᠠᠴᠠ ᠠᠪᠤᠷᠠᠯ᠎ᠠ》 ᠭᠡᠪᠡ᠃
32 ᠲᠡᠭᠡᠭᠡᠳ ᠲᠠᠬᠢᠯᠴᠢ ᠡᠯᠧᠶᠠᠽᠠᠷ ᠤᠨ ᠬᠦᠦ ᠹᠢᠨᠧᠬᠠᠰ ᠪᠣᠯᠣᠨ ᠤᠳᠤᠷᠢᠳᠤᠭᠴᠢᠳ ᠭᠢᠯᠧᠶᠠᠳ᠋ ᠨᠤᠲᠤᠭ ᠲᠤ ᠪᠠᠢᠭ᠎ᠠ ᠷᠧᠣᠪᠧᠨᠴᠤᠳ ᠪᠣᠯᠣᠨ ᠭᠠᠳ᠋ᠴᠤᠳ ᠠᠴᠠ ᠰᠠᠯᠵᠤ᠂ ᠺᠠᠨᠠᠨ ᠨᠤᠲᠤᠭ ᠲᠤ ᠪᠠᠢᠭ᠎ᠠ ᠢᠰᠷᠧᠯᠴᠦᠳ ᠤᠷᠤᠭᠤ ᠪᠤᠴᠠᠵᠤ ᠲᠡᠳᠡᠨ ᠳᠦ ᠬᠠᠷᠢᠭᠤ ᠠᠪᠴᠢᠷᠠᠭᠰᠠᠨ ᠪᠥᠭᠡᠳ 33 ᠲᠡᠷᠡ ᠬᠠᠷᠢᠭᠤ ᠢᠰᠷᠧᠯᠴᠦᠳ ᠦᠨ ᠲᠠᠭᠠᠯᠠᠯ ᠳᠤ ᠨᠡᠢᠴᠡᠵᠡᠢ᠃ ᠲᠡᠳᠡ ᠪᠤᠷᠬᠠᠨ ᠢ ᠮᠠᠭᠲᠠᠨ᠂ ᠷᠧᠣᠪᠧᠨᠴᠤᠳ ᠪᠣᠯᠣᠨ ᠭᠠᠳ᠋ᠴᠤᠳ ᠤᠨ ᠰᠠᠭᠤᠷᠢᠰᠢᠵᠤ ᠪᠠᠢᠭᠰᠠᠨ ᠨᠤᠲᠤᠭ ᠢ ᠤᠰᠠᠳᠬᠠᠬᠤ ᠪᠠᠷ ᠳᠠᠢᠨ ᠳᠤ ᠶᠠᠪᠤᠬᠤ ᠲᠤᠬᠠᠢ ᠶᠠᠷᠢᠬᠤ ᠪᠠᠨ ᠪᠣᠯᠢᠭᠰᠠᠨ ᠪᠠᠢᠨ᠎ᠠ᠃ 34 ᠷᠧᠣᠪᠧᠨᠴᠤᠳ ᠪᠣᠯᠣᠨ ᠭᠠᠳ᠋ᠴᠤᠳ 《ᠮᠠᠨ ᠤ ᠪᠤᠷᠬᠠᠨ ᠪᠣᠯ ᠶᠣᠬᠣᠸᠠ ᠭᠡᠳᠡᠭ ᠢ ᠪᠢᠳᠡᠨ ᠦ ᠳᠤᠮᠳᠠ ᠭᠡᠷᠡᠴᠢᠯᠡᠯᠡ》 ᠭᠡᠳ ᠲᠡᠷᠡ ᠲᠠᠬᠢᠯ ᠤᠨ ᠰᠢᠷᠡᠭᠡ ᠶᠢ 《ᠭᠡᠷᠡᠴᠢ》 ᠭᠡᠵᠦ ᠨᠡᠷᠡᠯᠡᠭᠰᠡᠨ ᠪᠠᠢᠨ᠎ᠠ᠃