ᠶᠣᠱᠦ᠋ᠶ᠎ᠠ ᠠᠷᠪᠠᠨ ᠵᠢᠷᠭᠤᠭ᠎ᠠ
ᠶᠣᠰᠧᠹ ᠤᠨ ᠥᠪ
1 ᠶᠣᠰᠧᠹ ᠤᠨ ᠦᠷ᠎ᠡ ᠤᠳᠤᠮ ᠤᠨ ᠰᠢᠪᠠᠭ᠎ᠠ ᠪᠠᠷ ᠬᠦᠷᠲᠡᠭᠰᠡᠨ ᠭᠠᠵᠠᠷ ᠨᠤᠲᠤᠭ ᠭᠡᠪᠡᠯ᠂ ᠶᠧᠷᠢᠺᠣ ᠶᠢᠨ ᠳᠡᠷᠭᠡᠳᠡᠬᠢ ᠶᠣᠷᠳᠠᠨ ᠭᠣᠣᠯ᠂ ᠲᠤᠬᠠᠢᠯᠠᠪᠠᠯ ᠶᠧᠷᠢᠺᠣ ᠶᠢᠨ ᠤᠰᠤᠨ ᠤ ᠵᠡᠭᠦᠨ ᠲᠠᠯ᠎ᠠ ᠠᠴᠠ ᠡᠬᠢᠯᠡᠵᠦ᠂ ᠲᠡᠨᠳᠡ ᠡᠴᠡ ᠥᠭᠰᠥᠨ ᠴᠥᠯ ᠢᠶᠡᠷ ᠳᠠᠭᠠᠷᠢᠵᠤ ᠪᠧᠲ᠋ᠧᠯ ᠤᠨ ᠠᠭᠤᠯᠠᠷᠬᠠᠭ ᠨᠤᠲᠤᠭ ᠲᠤ ᠬᠦᠷᠦᠭᠡᠳ 2 ᠪᠧᠲ᠋ᠧᠯ᠂ ᠥᠭᠡᠷ᠎ᠡ ᠪᠡᠷ ᠬᠡᠯᠡᠪᠡᠯ ᠯᠦᠽ ᠡᠴᠡ ᠭᠠᠷᠴᠤ ᠠᠲ᠋ᠠᠷᠣᠲ ᠳᠠᠬᠢ ᠠᠷᠺᠴᠤᠳ ᠤᠨ ᠬᠢᠯᠢ ᠬᠢᠵᠠᠭᠠᠷ ᠢᠶᠠᠷ ᠥᠩᠭᠡᠷᠡᠨ᠂ 3 ᠪᠠᠷᠠᠭᠤᠨ ᠲᠠᠯ᠎ᠠ ᠶᠢᠨ ᠶᠠᠹᠯᠧᠲ᠋ᠴᠤᠳ ᠤᠨ ᠨᠤᠲᠤᠭ ᠤᠷᠤᠭᠤ ᠤᠷᠤᠭᠤᠳᠠᠨ᠂ ᠳᠣᠣᠷ᠎ᠠ ᠪᠧᠲ ᠾᠣᠷᠣᠨ ᠤ ᠪᠦᠰᠡ ᠨᠤᠲᠤᠭ ᠠᠴᠠ ᠴᠠᠭᠠᠰᠢᠯᠠᠨ ᠭᠧᠽᠧᠷ᠂ ᠲᠠᠩᠭᠢᠰ ᠲᠤ ᠬᠦᠷᠴᠦ ᠲᠡᠭᠦᠰᠦᠨ᠎ᠡ᠃
4 ᠶᠣᠰᠧᠹ ᠤᠨ ᠬᠥᠪᠡᠭᠦᠳ ᠪᠣᠯᠬᠤ ᠮᠠᠨᠠᠰᠧ ᠪᠠ ᠡᠹᠷᠠᠢᠮ ᠬᠣᠶᠠᠷ ᠣᠪᠣᠭ ᠤᠨ ᠬᠢᠨ ᠡᠢᠨ ᠬᠦ ᠥᠪ ᠢᠶᠡᠨ ᠬᠦᠷᠲᠡᠵᠡᠢ᠃
ᠡᠹᠷᠠᠢᠮ ᠤᠨ ᠥᠪ
5 ᠡᠹᠷᠠᠢᠮᠴᠤᠳ ᠤᠨ ᠠᠢᠮᠠᠭ ᠤᠳ ᠢᠶᠠᠷ ᠢᠶᠠᠨ ᠬᠦᠷᠲᠡᠭᠰᠡᠨ ᠨᠤᠲᠤᠭ ᠳᠡᠪᠢᠰᠬᠡᠷ ᠭᠡᠪᠡᠯ᠂ ᠲᠡᠳᠡᠨ ᠦ ᠥᠪ ᠵᠡᠭᠦᠨ ᠲᠠᠯ᠎ᠠ ᠶᠢᠨ ᠠᠲ᠋ᠠᠷᠣᠲ ᠠᠳᠠᠷ ᠠᠴᠠ ᠡᠬᠢᠯᠡᠨ ᠳᠡᠭᠡᠷ᠎ᠡ ᠪᠧᠲ ᠾᠣᠷᠣᠨ ᠢᠶᠠᠷ ᠳᠠᠭᠠᠷᠢᠵᠤ 6 ᠲᠠᠩᠭᠢᠰ ᠲᠤ ᠬᠦᠷᠦᠨ᠎ᠡ᠃ ᠡᠨᠡ ᠬᠢᠯᠢ ᠨᠢ ᠮᠢᠺᠮᠧᠲ᠋ᠠ ᠶᠢᠨ ᠬᠣᠢᠲᠤ ᠲᠠᠯ᠎ᠠ ᠪᠠᠷ ᠭᠠᠷᠴᠤ᠂ ᠵᠡᠭᠦᠨ ᠲᠡᠰᠢ ᠡᠷᠭᠢᠨ ᠲᠠᠨᠠᠲ ᠱᠢᠯᠣ᠋ ᠪᠠᠷ ᠳᠠᠭᠠᠷᠢᠵᠤ᠂ ᠳᠣᠷᠣᠨ᠎ᠠ ᠲᠠᠯ᠎ᠠ ᠳᠤ ᠪᠤᠢ ᠶᠠᠨᠣᠶᠠ ᠳᠤ ᠬᠦᠷᠦᠨ᠎ᠡ᠃ 7 ᠲᠡᠭᠡᠭᠡᠳ ᠶᠠᠨᠣᠶᠠ ᠠᠴᠠ ᠭᠠᠷᠴᠤ ᠠᠲ᠋ᠠᠷᠣᠲ ᠪᠣᠯᠣᠨ ᠨᠠᠶᠠᠷᠠ ᠤᠷᠤᠭᠤ ᠤᠷᠤᠭᠤᠳᠠᠨ᠂ ᠶᠧᠷᠢᠺᠣ ᠪᠠᠷ ᠳᠠᠭᠠᠷᠢᠨ᠂ ᠶᠣᠷᠳᠠᠨ ᠳᠤ ᠬᠦᠷᠴᠦ ᠲᠡᠭᠦᠰᠦᠨ᠎ᠡ᠃ 8 ᠵᠠᠯᠭᠠᠭᠠᠳ ᠲᠠᠫᠦ᠋ᠶ᠎ᠠ ᠠᠴᠠ ᠪᠠᠷᠠᠭᠤᠨ ᠲᠡᠰᠢ ᠺᠠᠨᠠ ᠭᠣᠷᠣᠬ᠎ᠠ ᠪᠠᠷ ᠳᠠᠭᠠᠷᠢᠨ ᠲᠠᠩᠭᠢᠰ ᠲᠤ ᠬᠦᠷᠴᠦ ᠲᠡᠭᠦᠰᠦᠨ᠎ᠡ᠃ ᠡᠹᠷᠠᠢᠮ ᠣᠪᠣᠭ ᠤᠨ ᠠᠢᠮᠠᠭ ᠤᠳ ᠢᠶᠠᠷ ᠢᠶᠠᠨ ᠬᠦᠷᠲᠡᠭᠰᠡᠨ ᠥᠪ ᠨᠢ ᠡᠨᠡ ᠪᠢᠯᠡ᠃ 9 ᠡᠭᠦᠨ ᠡᠴᠡ ᠭᠠᠳᠠᠨ᠎ᠠ᠂ ᠮᠠᠨᠠᠰᠧᠴᠤᠳ ᠤᠨ ᠥᠪ ᠦᠨ ᠳᠣᠲᠣᠷ᠎ᠠ ᠴᠤ ᠡᠹᠷᠠᠢᠮᠴᠤᠳ ᠲᠤ ᠬᠤᠪᠢᠶᠠᠵᠤ ᠥᠭᠭᠥᠭᠰᠡᠨ ᠬᠣᠲᠠ ᠨᠤᠭᠤᠳ ᠪᠣᠯᠣᠨ ᠲᠡᠭᠦᠨ ᠦ ᠡᠷᠭᠢᠨ ᠲᠣᠭᠣᠷᠢᠨ ᠤ ᠲᠣᠰᠬᠣᠳ ᠪᠤᠢ᠃ 10 ᠬᠠᠷᠢᠨ ᠲᠡᠳᠡ ᠭᠧᠽᠧᠷ ᠲᠤ ᠰᠠᠭᠤᠵᠤ ᠪᠤᠢ ᠺᠠᠨᠠᠨᠴᠤᠳ ᠢ ᠬᠥᠭᠡᠭᠡᠵᠦ ᠭᠠᠷᠭᠠᠵᠤ ᠴᠢᠳᠠᠭ᠎ᠠ ᠦᠭᠡᠢ ᠤᠴᠢᠷ ᠠᠴᠠ ᠺᠠᠨᠠᠨᠴᠤᠳ ᠬᠦᠨᠳᠦ ᠠᠵᠢᠯ ᠬᠢᠬᠦ ᠵᠠᠷᠤᠴᠠ ᠪᠣᠯᠣᠭᠠᠳ ᠥᠨᠥ ᠬᠦᠷᠲᠡᠯ᠎ᠡ ᠡᠹᠷᠠᠢᠮᠴᠤᠳ ᠤᠨ ᠳᠤᠮᠳᠠ ᠠᠮᠢᠳᠤᠷᠠᠭᠰᠠᠭᠠᠷ ᠪᠠᠢᠨ᠎ᠠ᠃