1 2 3 4 5 6 7 8 9 10 11 12 13 14 15 16 17 18 19 20 21 22 23 24


ᠶᠣᠱᠦ᠋ᠶ᠎ᠠ ᠠᠷᠪᠠ
 ᠨᠠᠷᠠ ᠲᠣᠭᠲᠠᠭᠰᠠᠨ ᠡᠳᠦᠷ

1 ᠶᠣᠱᠦ᠋ᠶ᠎ᠠ ᠠᠢ ᠶᠢ ᠡᠵᠡᠯᠡᠵᠦ ᠠᠪᠤᠭᠠᠳ᠂ ᠲᠡᠭᠦᠨ ᠢ ᠪᠦᠷᠢᠮᠦᠰᠦᠨ ᠤᠰᠠᠳᠬᠠᠭᠰᠠᠨ ᠪᠥᠭᠡᠳ ᠶᠧᠷᠢᠺᠣ ᠪᠣᠯᠣᠨ ᠲᠡᠭᠦᠨ ᠦ ᠬᠠᠭᠠᠨ ᠳᠤ ᠦᠢᠯᠡᠳᠦᠭᠰᠡᠨ ᠲᠡᠢ ᠪᠡᠨ ᠠᠳᠠᠯᠢ ᠪᠠᠷ ᠠᠢ ᠪᠣᠯᠣᠨ ᠲᠡᠭᠦᠨ ᠦ ᠬᠠᠭᠠᠨ ᠳᠤ ᠲᠡᠢᠨ ᠬᠦ ᠦᠢᠯᠡᠳᠦᠭᠰᠡᠨ ᠢ᠂ ᠮᠥᠨ ᠭᠢᠪᠧᠶᠣᠨ ᠤ ᠰᠠᠭᠤᠭᠠᠯᠢᠴᠢᠳ ᠢᠰᠷᠧᠯ ᠲᠠᠢ ᠨᠠᠢᠷᠠᠮᠳᠠᠵᠤ᠂ ᠲᠡᠳᠡᠨ ᠦ ᠳᠤᠮᠳᠠ ᠰᠠᠭᠤᠵᠤ ᠪᠠᠢᠭ᠎ᠠ ᠶᠢ ᠶᠧᠷᠦ᠋ᠰᠠᠯᠧᠮ ᠤᠨ ᠬᠠᠭᠠᠨ ᠠᠳᠣᠨᠢ ᠽᠧᠳᠧᠺ ᠰᠣᠨᠣᠰᠣᠭᠠᠳ 2 ᠶᠡᠬᠡᠳᠡ ᠠᠶᠤᠪᠠ᠃ ᠦᠨᠡᠨ ᠳᠡᠭᠡᠨ ᠭᠢᠪᠧᠶᠣᠨ ᠪᠣᠯ ᠬᠠᠭᠠᠨ ᠤ ᠬᠣᠲᠠ ᠨᠤᠭᠤᠳ ᠤᠨ ᠠᠳᠠᠯᠢ ᠠᠤᠭ᠎ᠠ ᠲᠣᠮᠣ ᠬᠣᠲᠠ ᠪᠥᠭᠡᠳ ᠠᠢ ᠠᠴᠠ ᠴᠤ ᠲᠣᠮᠣ᠂ ᠡᠷᠡᠴᠦᠳ ᠨᠢ ᠴᠤ ᠪᠦᠭᠦᠳᠡᠭᠡᠷ ᠬᠦᠴᠦᠲᠡᠢ ᠶᠤᠮ᠃ 3 ᠡᠢᠮᠦ ᠡᠴᠡ ᠶᠧᠷᠦ᠋ᠰᠠᠯᠧᠮ ᠤᠨ ᠬᠠᠭᠠᠨ ᠠᠳᠣᠨᠢ ᠽᠧᠳᠧᠺ ᠨᠢ ᠾᠧᠪᠷᠣᠨ ᠤ ᠬᠠᠭᠠᠨ ᠬᠣᠬᠠᠮ᠂ ᠶᠠᠷᠮᠦ᠋ᠲ ᠤᠨ ᠬᠠᠭᠠᠨ ᠫᠢᠷᠠᠮ᠂ ᠯᠠᠺᠢᠱ ᠤᠨ ᠬᠠᠭᠠᠨ ᠶᠠᠹᠢᠶ᠎ᠠ ᠪᠣᠯᠣᠨ ᠡᠭᠯᠣᠨ ᠤ ᠬᠠᠭᠠᠨ ᠳ᠋ᠧᠪᠢᠷ ᠨᠠᠷ ᠲᠤ ᠬᠡᠯᠡ ᠶᠠᠪᠤᠭᠤᠯᠵᠤ᠄ 4 《ᠨᠠᠰᠢ ᠢᠷᠡᠵᠦ ᠨᠠᠳᠠ ᠳᠤ ᠲᠤᠰᠠᠯᠠᠭᠠᠴᠢ᠂ ᠬᠠᠮᠲᠤ ᠪᠠᠷ ᠭᠢᠪᠧᠶᠣᠨ ᠢ ᠴᠣᠬᠢᠵᠠᠭᠠᠶ᠎ᠠ᠃ ᠲᠡᠳᠡ ᠶᠣᠱᠦ᠋ᠶ᠎ᠠ ᠪᠣᠯᠣᠨ ᠢᠰᠷᠧᠯᠴᠦᠳ ᠲᠡᠢ ᠨᠠᠢᠷᠠᠮᠳᠠᠭᠰᠠᠨ ᠪᠠᠢᠨ᠎ᠠ》 ᠭᠡᠪᠡ᠃ 5 ᠢᠩᠭᠢᠭᠡᠳ ᠠᠮᠣᠷᠢᠴᠤᠳ ᠤᠨ ᠲᠠᠪᠤᠨ ᠬᠠᠭᠠᠨ᠂ ᠲᠤᠬᠠᠢᠯᠠᠪᠠᠯ ᠶᠧᠷᠦ᠋ᠰᠠᠯᠧᠮ᠂ ᠾᠧᠪᠷᠣᠨ᠂ ᠶᠠᠷᠮᠦ᠋ᠲ᠂ ᠯᠠᠺᠢᠱ᠂ ᠡᠭᠯᠣᠨ ᠤ ᠬᠠᠭᠠᠳ ᠬᠠᠮᠲᠤᠷᠠᠨ ᠴᠤᠭᠯᠠᠷᠠᠵᠤ᠂ ᠬᠠᠮᠤᠭ ᠴᠡᠷᠢᠭ ᠲᠠᠢ ᠪᠠᠨ ᠭᠠᠷᠴᠤ ᠢᠷᠡᠭᠡᠳ ᠭᠢᠪᠧᠶᠣᠨ ᠤ ᠬᠠᠷᠠᠯᠳᠤᠭ᠎ᠠ ᠪᠠᠢᠷᠢᠯᠠᠨ ᠲᠡᠷᠡ ᠬᠣᠲᠠ ᠶᠢ ᠳᠠᠭᠠᠷᠢᠪᠠ᠃

6 ᠭᠢᠪᠧᠶᠣᠨᠴᠤᠳ ᠭᠢᠯᠭᠠᠯ ᠤᠨ ᠬᠤᠸᠠᠷᠠᠨ ᠳᠤ ᠪᠤᠢ ᠶᠣᠱᠦ᠋ᠶ᠎ᠠ ᠳᠤ ᠬᠡᠯᠡ ᠢᠯᠡᠭᠡᠵᠦ᠄ 《ᠲᠠ ᠵᠠᠷᠤᠴᠠ ᠨᠠᠷ ᠢᠶᠠᠨ ᠬᠠᠶᠠᠭᠠᠨ ᠳᠤᠨᠢ ᠪᠦᠦ ᠬᠠᠶᠠᠭᠠᠴᠢ᠃ ᠳᠠᠷᠤᠢᠬᠠᠨ ᠳᠡᠭᠡᠭᠰᠢ ᠭᠠᠷᠴᠤ ᠢᠷᠡᠭᠡᠳ ᠪᠢᠳᠡᠨ ᠢ ᠠᠪᠤᠷᠠᠨ ᠲᠤᠰᠠᠯᠠᠭᠠᠴᠢ᠂ ᠠᠭᠤᠯᠠᠷᠬᠠᠭ ᠨᠤᠲᠤᠭ ᠲᠠᠢ ᠠᠮᠣᠷᠢᠴᠤᠳ ᠤᠨ ᠪᠦᠬᠦ ᠬᠠᠭᠠᠳ ᠪᠢᠳᠡᠨ ᠦ ᠡᠰᠡᠷᠭᠦ ᠬᠠᠮᠲᠤᠷᠠᠨ ᠴᠤᠭᠯᠠᠷᠠᠵᠤ ᠪᠠᠢᠨ᠎ᠠ》 ᠭᠡᠬᠦ ᠳᠦ᠂ 7 ᠶᠣᠱᠦ᠋ᠶ᠎ᠠ ᠪᠦᠬᠦ ᠴᠡᠷᠢᠭ ᠪᠣᠯᠣᠨ ᠪᠦᠬᠦ ᠰᠢᠯᠢᠳᠡᠭ ᠳᠠᠢᠴᠢᠳ ᠲᠠᠢ ᠪᠠᠨ ᠭᠢᠯᠭᠠᠯ ᠠᠴᠠ ᠥᠭᠰᠥᠨ ᠬᠥᠳᠡᠯᠪᠡ᠃ 8 ᠶᠣᠬᠣᠸᠠ ᠶᠣᠱᠦ᠋ᠶ᠎ᠠ ᠳᠤ ᠠᠢᠯᠠᠳᠤᠨ᠄ 《ᠲᠡᠭᠦᠨ ᠡᠴᠡ ᠪᠦᠦ ᠠᠶᠤ᠃ ᠲᠡᠳᠡᠨ ᠢ ᠪᠢ ᠴᠢᠨᠦ ᠭᠠᠷ ᠲᠤ ᠲᠤᠰᠢᠶᠠᠭᠰᠠᠨ᠃ ᠲᠡᠳᠡᠨ ᠦ ᠭᠠᠭᠴᠠ ᠨᠢ ᠴᠤ ᠴᠢᠨᠦ ᠡᠮᠦᠨ᠎ᠡ ᠵᠣᠭᠰᠣᠵᠤ ᠴᠢᠳᠠᠬᠤ ᠦᠭᠡᠢ》 ᠭᠡᠪᠡ᠃ 9 ᠶᠣᠱᠦ᠋ᠶ᠎ᠠ ᠰᠥᠨᠢᠵᠢᠨ ᠭᠢᠯᠭᠠᠯ ᠠᠴᠠ ᠥᠭᠰᠥᠨ ᠶᠠᠪᠤᠭᠰᠠᠭᠠᠷ᠂ ᠲᠡᠳᠡᠨ ᠳᠡᠭᠡᠷ᠎ᠡ ᠰᠣᠴᠢᠮᠠᠭ ᠬᠦᠷᠪᠡ᠃ 10 ᠶᠣᠬᠣᠸᠠ ᠲᠡᠳᠡᠨ ᠢ ᠢᠰᠷᠧᠯ ᠤᠨ ᠡᠮᠦᠨ᠎ᠡ ᠪᠠᠯᠮᠠᠭᠳᠠᠭᠤᠯᠤᠭᠰᠠᠨ ᠳᠤ᠂ ᠢᠰᠷᠧᠯ ᠲᠡᠳᠡᠨ ᠢ ᠭᠢᠪᠧᠶᠣᠨ ᠳᠤ ᠦᠢ ᠣᠯᠠᠨ ᠢᠶᠠᠷ ᠰᠥᠨᠥᠭᠡᠭᠰᠡᠨ ᠪᠥᠭᠡᠳ ᠪᠧᠲ ᠾᠣᠷᠣᠨ ᠤᠷᠤᠭᠤ ᠥᠭᠰᠥᠭᠰᠡᠨ ᠵᠠᠮ ᠢᠶᠠᠷ ᠠᠽᠧᠺᠠ ᠪᠣᠯᠣᠨ ᠮᠠᠺᠧᠳᠠ ᠬᠦᠷᠲᠡᠯ᠎ᠡ ᠨᠡᠬᠡᠵᠦ ᠲᠡᠳᠡᠨ ᠢ ᠴᠣᠬᠢᠵᠠᠢ᠃ 11 ᠲᠡᠳᠡ ᠢᠰᠷᠧᠯᠴᠦᠳ ᠦᠨ ᠡᠮᠦᠨ᠎ᠡ ᠵᠢᠭᠤᠲᠠᠵᠤ᠂ ᠪᠧᠲ ᠾᠣᠷᠣᠨ ᠤ ᠵᠠᠮ ᠢᠶᠠᠷ ᠠᠽᠧᠺᠠ ᠲᠡᠰᠢ ᠤᠷᠤᠭᠤᠳᠠᠵᠤ ᠪᠠᠢᠬᠤ ᠳᠤᠨᠢ᠂ ᠶᠣᠬᠣᠸᠠ ᠲᠡᠳᠡᠨ ᠦ ᠳᠡᠭᠡᠷ᠎ᠡ ᠲᠩᠷᠢ ᠡᠴᠡ ᠲᠣᠮᠣ ᠲᠣᠮᠣ ᠴᠢᠯᠠᠭᠤ ᠬᠢᠭᠡᠳ ᠴᠢᠯᠠᠭᠤᠨ ᠮᠥᠨᠳᠥᠷ ᠪᠠᠭᠤᠯᠭᠠᠵᠤ ᠲᠡᠳᠡᠨ ᠢ ᠰᠥᠨᠥᠭᠡᠵᠡᠢ᠃ ᠲᠡᠢᠨ ᠬᠦ ᠴᠢᠯᠠᠭᠤᠨ ᠮᠥᠨᠳᠥᠷ ᠲᠦ ᠦᠬᠦᠭᠰᠡᠳ ᠨᠢ ᠢᠰᠷᠧᠯᠴᠦᠳ ᠦᠨ ᠢᠯᠳᠦᠨ ᠳᠦ ᠠᠯᠠᠭᠳᠠᠭᠰᠠᠳ ᠠᠴᠠ ᠣᠯᠠᠨ ᠪᠠᠢᠯ᠎ᠠ᠃

12 ᠶᠣᠬᠣᠸᠠ ᠢᠰᠷᠧᠯᠴᠦᠳ ᠲᠦ ᠠᠮᠣᠷᠢᠴᠤᠳ ᠢ ᠲᠤᠰᠢᠶᠠᠭᠰᠠᠨ ᠲᠡᠷᠡ ᠡᠳᠦᠷ ᠶᠣᠱᠦ᠋ᠶ᠎ᠠ ᠢᠰᠷᠧᠯᠴᠦᠳ ᠦᠨ ᠨᠢᠳᠦᠨ ᠡᠮᠦᠨ᠎ᠡ ᠶᠣᠬᠣᠸᠠ ᠳᠤ ᠬᠠᠨᠳᠤᠨ᠄ 《ᠨᠠᠷᠠ ᠡ᠂ ᠭᠢᠪᠧᠶᠣᠨ ᠳᠡᠭᠡᠷ᠎ᠡ ᠰᠠᠷᠠ ᠡ᠂ ᠠᠶᠠᠯᠣᠨ ᠤ ᠬᠥᠨᠳᠡᠢ ᠳᠡᠭᠡᠷ᠎ᠡ ᠲᠣᠭᠲᠠᠭᠠᠴᠢ》 ᠭᠡᠰᠡᠨ ᠳᠦ᠂
13 ᠠᠷᠠᠳ ᠣᠯᠠᠨ ᠳᠠᠢᠰᠤᠨ ᠠᠴᠠ ᠪᠠᠨ ᠥᠰᠢᠶ᠎ᠡ ᠪᠡᠨ ᠠᠪᠲᠠᠯ᠎ᠠ ᠨᠠᠷᠠ ᠲᠣᠭᠲᠠᠵᠤ ᠰᠠᠷᠠ ᠵᠣᠭᠰᠣᠪᠠ᠃ ᠡᠢᠨ ᠬᠦ ᠶᠠᠱᠠᠷ ᠤᠨ ᠨᠣᠮ ᠳᠤ 《ᠨᠠᠷᠠ ᠲᠩᠷᠢ ᠶᠢᠨ ᠭᠣᠣᠯ ᠳᠤ ᠵᠣᠭᠰᠣᠵᠤ᠂ ᠪᠦᠲᠦᠨ ᠡᠳᠦᠷ ᠦᠨ ᠲᠤᠷᠰᠢ ᠵᠢᠷᠭᠠᠬᠤ ᠪᠠᠷ ᠶᠠᠭᠠᠷᠠᠭ᠎ᠠ ᠦᠭᠡᠢ》 ᠭᠡᠵᠦ ᠪᠢᠴᠢᠭᠳᠡᠭᠰᠡᠨ ᠪᠢᠰᠢ ᠤᠤ︖

14 ᠶᠣᠬᠣᠸᠠ ᠨᠢᠭᠡ ᠬᠥᠮᠦᠨ ᠦ ᠳᠠᠭᠤ ᠶᠢ ᠲᠡᠷᠡ ᠡᠳᠦᠷ ᠮᠡᠲᠦ ᠲᠡᠭᠡᠵᠦ ᠰᠣᠨᠣᠰᠣᠭᠰᠠᠨ ᠨᠢ ᠡᠭᠦᠨ ᠡᠴᠡ ᠤᠷᠢᠳᠤ ᠴᠤ᠂ ᠡᠭᠦᠨ ᠡᠴᠡ ᠬᠣᠢᠰᠢ ᠴᠤ ᠪᠠᠢᠭᠰᠠᠨ ᠦᠭᠡᠢ᠃ ᠦᠨᠡᠬᠡᠷ ᠶᠣᠬᠣᠸᠠ ᠢᠰᠷᠧᠯ ᠤᠨ ᠲᠥᠯᠥᠭᠡ ᠳᠠᠢᠲᠤᠭᠰᠠᠨ ᠶᠤᠮ︕

15 ᠶᠣᠱᠦ᠋ᠶ᠎ᠠ ᠪᠦᠬᠦ ᠢᠰᠷᠧᠯ ᠲᠠᠢ ᠬᠠᠮᠲᠤ ᠭᠢᠯᠭᠠᠯ ᠳᠠᠬᠢ ᠬᠤᠸᠠᠷᠠᠨ ᠤᠷᠤᠭᠤ ᠪᠠᠨ ᠪᠤᠴᠠᠭᠰᠠᠨ ᠪᠠᠢᠨ᠎ᠠ᠃
 ᠺᠠᠨᠠᠨ ᠤ ᠲᠠᠪᠤᠨ ᠬᠠᠭᠠᠨ ᠤ ᠲᠡᠭᠦᠰᠬᠡᠯ

16 ᠨᠥᠭᠥᠭᠡ ᠲᠠᠪᠤᠨ ᠬᠠᠭᠠᠨ ᠵᠢᠭᠤᠲᠠᠭᠠᠳ ᠮᠠᠺᠧᠳᠠ ᠶᠢᠨ ᠠᠭᠤᠢ ᠳᠤ ᠨᠢᠭᠤᠭᠳᠠᠭᠰᠠᠨ ᠪᠠᠢᠵᠠᠢ᠃ 17 ᠮᠠᠺᠧᠳᠠ ᠶᠢᠨ ᠠᠭᠤᠢ ᠳᠤ ᠨᠢᠭᠤᠭᠳᠠᠵᠤ ᠪᠠᠢᠭ᠎ᠠ ᠲᠠᠪᠤᠨ ᠬᠠᠭᠠᠨ ᠣᠯᠳᠠᠭᠰᠠᠨ ᠭᠡᠵᠦ ᠬᠡᠨ ᠨᠢᠭᠡ ᠨᠢ ᠶᠣᠱᠦ᠋ᠶ᠎ᠠ ᠳᠤ ᠳᠤᠭᠤᠯᠭᠠᠭᠰᠠᠨ ᠳᠤ᠄ 18 ᠶᠣᠱᠦ᠋ᠶ᠎ᠠ᠄ 《ᠲᠣᠮᠣ ᠴᠢᠯᠠᠭᠤ ᠨᠤᠭᠤᠳ ᠢ ᠥᠩᠬᠥᠷᠢᠭᠦᠯᠦᠨ ᠠᠭᠤᠢ ᠶᠢᠨ ᠠᠮᠠ ᠶᠢ ᠬᠠᠭᠠᠵᠤ᠂ ᠳᠡᠷᠭᠡᠳᠡ ᠨᠢ ᠬᠠᠷᠠᠭᠤᠯ ᠲᠠᠯᠪᠢ᠂ 19 ᠬᠠᠷᠢᠨ ᠲᠠ ᠨᠠᠷ ᠰᠠᠭᠠᠲᠠᠯ ᠦᠭᠡᠢ ᠪᠠᠷ ᠳᠠᠢᠰᠤᠨ ᠢᠶᠠᠨ ᠬᠥᠭᠡᠭᠡᠵᠦ᠂ ᠠᠷᠤ ᠠᠴᠠ ᠨᠢ ᠴᠣᠬᠢ᠂ ᠲᠡᠳᠡᠨ ᠢ ᠬᠣᠲᠠ ᠨᠤᠭᠤᠳ ᠲᠤᠨᠢ ᠪᠦᠦ ᠣᠷᠣᠭᠤᠯ᠂ ᠲᠠ ᠨᠠᠷ ᠤᠨ ᠪᠤᠷᠬᠠᠨ ᠶᠣᠬᠣᠸᠠ ᠲᠡᠳᠡᠨ ᠢ ᠭᠠᠷ ᠲᠤ ᠴᠢᠨᠢ ᠲᠤᠰᠢᠶᠠᠭᠰᠠᠨ ᠶᠤᠮ》 ᠭᠡᠯ᠎ᠡ᠃

20 ᠲᠡᠢᠨ ᠬᠦ ᠶᠣᠱᠦ᠋ᠶ᠎ᠠ ᠪᠣᠯᠣᠨ ᠢᠰᠷᠧᠯᠴᠦᠳ ᠲᠡᠳᠡᠨ ᠢ ᠬᠢᠶᠠᠷᠠᠲᠠᠯ᠎ᠠ ᠰᠥᠨᠥᠭᠡᠵᠦ ᠪᠠᠷᠤᠭ ᠤᠰᠠᠳᠬᠠᠵᠠᠢ᠃ ᠬᠠᠷᠢᠨ ᠠᠮᠢᠳᠤ ᠦᠯᠡᠳᠡᠭᠰᠡᠳ ᠨᠢ ᠪᠡᠬᠢᠯᠡᠭᠳᠡᠭᠰᠡᠨ ᠬᠣᠲᠠ ᠨᠤᠭᠤᠳ ᠲᠠᠭᠠᠨ ᠣᠷᠣᠪᠠ᠃ 21 ᠪᠦᠬᠦ ᠴᠡᠷᠢᠭ ᠮᠠᠺᠧᠳᠠ ᠳᠠᠬᠢ ᠬᠤᠸᠠᠷᠠᠨ ᠳᠤ ᠪᠠᠢᠭ᠎ᠠ ᠶᠣᠱᠦ᠋ᠶ᠎ᠠ ᠤᠷᠤᠭᠤ ᠠᠮᠤᠷ ᠲᠠᠢᠪᠤᠩ ᠪᠤᠴᠠᠵᠤ ᠢᠷᠡᠭᠰᠡᠨ ᠪᠠᠢᠨ᠎ᠠ᠃ ᠢᠰᠷᠧᠯ ᠤᠨ ᠥᠭᠡᠳᠡ ᠡᠴᠡ ᠬᠡᠯᠡ ᠠᠮᠠ ᠪᠠᠨ ᠪᠢᠯᠡᠭᠦᠳᠡᠬᠦ ᠬᠥᠮᠦᠨ ᠨᠢᠭᠡ ᠴᠤ ᠠᠯᠠᠭ᠎ᠠ ᠪᠣᠯᠵᠠᠢ᠃

22 ᠶᠣᠱᠦ᠋ᠶ᠎ᠠ᠄ 《ᠠᠭᠤᠢ ᠶᠢᠨ ᠠᠮᠠ ᠶᠢ ᠣᠩ᠋ᠭᠣᠢᠯᠭᠠᠵᠤ᠂ ᠲᠠᠪᠤᠨ ᠬᠠᠭᠠᠨ ᠢ ᠨᠠᠳᠠ ᠤᠷᠤᠭᠤ ᠠᠪᠴᠢᠷᠠ》 ᠭᠡᠬᠦ ᠳᠦ᠂ 23 ᠲᠡᠳᠡ ᠠᠭᠤᠢ ᠠᠴᠠ ᠶᠧᠷᠦ᠋ᠰᠠᠯᠧᠮ᠂ ᠾᠧᠪᠷᠣᠨ᠂ ᠶᠠᠷᠮᠦ᠋ᠲ᠂ ᠯᠠᠺᠢᠱ᠂ ᠡᠭᠯᠣᠨ ᠤ ᠲᠠᠪᠤᠨ ᠬᠠᠭᠠᠨ ᠢ ᠲᠡᠭᠦᠨ ᠤᠷᠤᠭᠤ ᠠᠪᠴᠢᠷᠠᠪᠠ᠃ 24 ᠲᠡᠳᠡ ᠬᠠᠭᠠᠳ ᠢ ᠭᠠᠷᠭᠠᠨ ᠶᠣᠱᠦ᠋ᠶ᠎ᠠ ᠳᠤ ᠠᠪᠴᠢᠷᠠᠬᠤ ᠳᠤ᠂ ᠶᠣᠱᠦ᠋ᠶ᠎ᠠ ᠪᠦᠬᠦ ᠢᠰᠷᠧᠯ ᠢ ᠳᠠᠭᠤᠳᠠᠪᠠ᠃ ᠶᠣᠱᠦ᠋ᠶ᠎ᠠ ᠥᠪᠡᠷ ᠲᠡᠢ ᠨᠢ ᠬᠠᠮᠲᠤ ᠶᠠᠪᠤᠭᠰᠠᠨ ᠴᠡᠷᠢᠭ ᠤᠨ ᠵᠠᠩᠵᠤᠨ ᠨᠠᠷ ᠲᠤ᠄ 《ᠣᠢᠷᠠᠲᠤᠨ ᠢᠷᠡᠵᠦ ᠡᠳᠡᠭᠡᠷ ᠬᠠᠭᠠᠨ ᠤ ᠬᠦᠵᠦᠭᠦᠨ ᠳᠡᠭᠡᠷ᠎ᠡ ᠬᠥᠯ ᠢᠶᠡᠨ ᠲᠠᠯᠪᠢ》 ᠭᠡᠬᠦ ᠳᠦ᠂ ᠲᠡᠳᠡ ᠣᠢᠷᠠᠲᠤᠨ ᠢᠷᠡᠵᠦ᠂ ᠲᠡᠳᠡᠭᠡᠷ ᠬᠠᠭᠠᠨ ᠤ ᠬᠦᠵᠦᠭᠦᠨ ᠳᠡᠭᠡᠷ᠎ᠡ ᠬᠥᠯ ᠢᠶᠡᠨ ᠲᠠᠯᠪᠢᠯ᠎ᠠ᠃ 25 ᠶᠣᠱᠦ᠋ᠶ᠎ᠠ ᠲᠡᠳᠡᠨ ᠳᠦ᠄ 《ᠪᠦᠦ ᠠᠶᠤ᠂ ᠪᠦᠦ ᠰᠢᠨᠲᠠᠷᠠ᠃ ᠲᠤᠤᠱᠲᠠᠢ ᠪᠥᠭᠡᠳ ᠵᠣᠷᠢᠭᠲᠠᠢ ᠪᠠᠢ᠃ ᠲᠠ ᠨᠠᠷ ᠲᠠᠢ ᠳᠠᠢᠲᠤᠬᠤ ᠪᠦᠬᠦ ᠳᠠᠢᠰᠤᠨ ᠢ ᠴᠢᠨᠢ ᠶᠣᠬᠣᠸᠠ ᠢᠩᠭᠢᠬᠦ ᠪᠣᠯᠣᠨ᠎ᠠ》 ᠭᠡᠵᠦ ᠬᠡᠯᠡᠭᠰᠡᠨ ᠦ ᠳᠠᠷᠠᠭ᠎ᠠ᠂ 26 ᠲᠡᠳᠡᠨ ᠢ ᠴᠣᠬᠢᠨ ᠠᠯᠠᠵᠤ᠂ ᠲᠠᠪᠤᠨ ᠮᠣᠳᠣᠨ ᠠᠴᠠ ᠳᠡᠭᠦᠵᠢᠯᠡᠪᠡ᠃ ᠲᠡᠳᠡ ᠣᠷᠣᠢ ᠪᠣᠯᠲᠠᠯ᠎ᠠ ᠮᠣᠳᠣᠨ ᠳᠤ ᠡᠯᠭᠦᠭᠡᠰᠦᠲᠡᠢ ᠪᠠᠢᠯ᠎ᠠ᠃ 27 ᠨᠠᠷᠠ ᠵᠢᠷᠭᠠᠬᠤ ᠴᠠᠭ ᠪᠣᠯᠬᠤ ᠳᠤ᠂ ᠶᠣᠱᠦ᠋ᠶ᠎ᠠ ᠵᠠᠷᠯᠢᠭ ᠭᠠᠷᠭᠠᠨ ᠲᠡᠳᠡᠨ ᠢ ᠮᠣᠳᠣᠨ ᠠᠴᠠ ᠪᠠᠭᠤᠯᠭᠠᠵᠤ᠂ ᠨᠢᠭᠤᠭᠳᠠᠵᠤ ᠪᠠᠢᠭᠰᠠᠨ ᠠᠭᠤᠢ ᠳᠤᠨᠢ ᠬᠠᠶᠠᠭᠤᠯᠪᠠ᠃ ᠠᠭᠤᠢ ᠶᠢᠨ ᠠᠮᠠᠨ ᠳᠤ ᠲᠣᠮᠣ ᠴᠢᠯᠠᠭᠤ ᠨᠤᠭᠤᠳ ᠢ ᠲᠠᠯᠪᠢᠭᠰᠠᠨ ᠨᠢ ᠥᠨᠥ ᠬᠦᠷᠲᠡᠯ᠎ᠡ ᠪᠤᠢ᠃
 ᠡᠮᠦᠨᠡᠲᠦ ᠺᠠᠨᠠᠨ ᠢ ᠡᠵᠡᠯᠡᠪᠡ

28 ᠲᠡᠷᠡ ᠡᠳᠦᠷ ᠶᠣᠱᠦ᠋ᠶ᠎ᠠ ᠮᠠᠺᠧᠳᠠ ᠶᠢ ᠡᠵᠡᠯᠡᠨ ᠠᠪᠴᠤ᠂ ᠲᠡᠷᠡ ᠬᠣᠲᠠ ᠶᠢᠨ ᠬᠢᠨ ᠢ ᠬᠠᠭᠠᠨ ᠲᠠᠢ ᠨᠢ ᠬᠠᠮᠲᠤ ᠢᠯᠳᠦᠨ ᠦ ᠢᠷ ᠢᠶᠠᠷ ᠴᠣᠬᠢᠨ᠂ ᠲᠡᠭᠦᠨ ᠦ ᠳᠣᠲᠣᠷᠠᠬᠢ ᠠᠮᠢ ᠲᠠᠢ ᠪᠦᠭᠦᠳᠡ ᠶᠢ ᠬᠦᠢᠰᠦ ᠲᠡᠮᠲᠡᠷᠢᠵᠦ᠂ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ᠃ ᠲᠡᠷᠡ ᠶᠧᠷᠢᠺᠣ ᠶᠢᠨ ᠬᠠᠭᠠᠨ ᠳᠤ ᠦᠢᠯᠡᠳᠦᠭᠰᠡᠨ ᠲᠡᠢ ᠪᠡᠨ ᠠᠳᠠᠯᠢ ᠮᠠᠺᠧᠳᠠ ᠶᠢᠨ ᠬᠠᠭᠠᠨ ᠳᠤ ᠲᠡᠢᠨ ᠬᠦ ᠦᠢᠯᠡᠳᠴᠡᠢ᠃

29 ᠲᠡᠭᠡᠭᠡᠳ ᠶᠣᠱᠦ᠋ᠶ᠎ᠠ ᠪᠦᠬᠦ ᠢᠰᠷᠧᠯ ᠲᠠᠢ ᠬᠠᠮᠲᠤ ᠮᠠᠺᠧᠳᠠ ᠠᠴᠠ ᠯᠢᠪᠨᠠ ᠤᠷᠤᠭᠤ ᠶᠠᠪᠤᠵᠤ᠂ ᠯᠢᠪᠨᠠᠴᠤᠳ ᠲᠠᠢ ᠪᠠᠢᠯᠳᠤᠪᠠ᠃ 30 ᠶᠣᠬᠣᠸᠠ ᠲᠡᠷᠡ ᠬᠣᠲᠠ ᠶᠢ ᠴᠤ ᠬᠠᠭᠠᠨ ᠲᠠᠢ ᠨᠢ ᠬᠠᠮᠲᠤ ᠢᠰᠷᠧᠯ ᠤᠨ ᠭᠠᠷ ᠲᠤ ᠲᠤᠰᠢᠶᠠᠭᠰᠠᠨ ᠳᠤ᠂ ᠶᠣᠱᠦ᠋ᠶ᠎ᠠ ᠲᠡᠷᠡ ᠬᠣᠲᠠ ᠶᠢ ᠲᠡᠭᠦᠨ ᠦ ᠳᠣᠲᠣᠷᠠᠬᠢ ᠠᠮᠢ ᠲᠠᠢ ᠪᠦᠬᠦᠨ ᠲᠡᠢ ᠨᠢ ᠬᠠᠮᠲᠤ ᠢᠯᠳᠦᠨ ᠦ ᠢᠷ ᠢᠶᠠᠷ ᠴᠣᠬᠢᠵᠤ᠂ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ᠃ ᠲᠡᠷᠡ ᠶᠧᠷᠢᠺᠣ ᠶᠢᠨ ᠬᠠᠭᠠᠨ ᠳᠤ ᠦᠢᠯᠡᠳᠦᠭᠰᠡᠨ ᠲᠡᠢ ᠪᠡᠨ ᠠᠳᠠᠯᠢ ᠪᠠᠷ ᠡᠨᠡ ᠬᠣᠲᠠ ᠶᠢᠨ ᠬᠠᠭᠠᠨ ᠳᠤ ᠴᠤ ᠲᠡᠢᠨ ᠬᠦ ᠦᠢᠯᠡᠳᠪᠡ᠃

31 ᠲᠡᠭᠡᠭᠡᠳ ᠶᠣᠱᠦ᠋ᠶ᠎ᠠ ᠪᠦᠬᠦ ᠢᠰᠷᠧᠯ ᠲᠠᠢ ᠬᠠᠮᠲᠤ ᠯᠢᠪᠨᠠ ᠠᠴᠠ ᠯᠠᠺᠢᠱ ᠤᠷᠤᠭᠤ ᠶᠠᠪᠤᠵᠤ᠂ ᠳᠡᠷᠭᠡᠳᠡ ᠨᠢ ᠪᠠᠭᠤᠳᠠᠯᠯᠠᠭᠠᠳ ᠲᠡᠷᠡ ᠬᠣᠲᠠ ᠶᠢ ᠳᠠᠭᠠᠷᠢᠪᠠ᠃ 32 ᠶᠣᠬᠣᠸᠠ ᠯᠠᠺᠢᠱ ᠢ ᠢᠰᠷᠧᠯ ᠤᠨ ᠭᠠᠷ ᠲᠤ ᠲᠤᠰᠢᠶᠠᠭᠰᠠᠨ ᠳᠤ᠂ ᠶᠣᠱᠦ᠋ᠶ᠎ᠠ ᠲᠡᠭᠦᠨ ᠢ ᠬᠣᠶᠠᠳᠠᠬᠢ ᠡᠳᠦᠷ ᠨᠢ ᠡᠵᠡᠯᠡᠨ ᠠᠪᠴᠤ᠂ ᠲᠡᠷᠡ ᠬᠣᠲᠠ ᠶᠢ ᠲᠡᠭᠦᠨ ᠦ ᠳᠣᠲᠣᠷᠠᠬᠢ ᠠᠮᠢ ᠲᠠᠢ ᠪᠦᠭᠦᠳᠡ ᠲᠠᠢ ᠨᠢ ᠬᠠᠮᠲᠤ ᠯᠢᠪᠨᠠ ᠳᠤ ᠦᠢᠯᠡᠳᠦᠭᠰᠡᠨ ᠲᠡᠢ ᠪᠡᠨ ᠠᠳᠠᠯᠢ ᠪᠠᠷ ᠢᠯᠳᠦᠨ ᠦ ᠢᠷ ᠢᠶᠠᠷ ᠴᠣᠬᠢᠪᠠ᠃

33 ᠲᠡᠷᠡ ᠦᠶ᠎ᠡ ᠳᠦ ᠭᠧᠽᠧᠷ ᠤᠨ ᠬᠠᠭᠠᠨ ᠬᠣᠷᠠᠮ ᠯᠠᠺᠢᠱ ᠲᠤ ᠲᠤᠰᠠᠯᠠᠬᠤ ᠪᠠᠷ ᠢᠷᠡᠭᠰᠡᠨ ᠪᠣᠯᠪᠠᠴᠤ ᠶᠣᠱᠦ᠋ᠶ᠎ᠠ ᠲᠡᠭᠦᠨ ᠢ ᠴᠡᠷᠢᠭ ᠲᠠᠢ ᠨᠢ ᠬᠠᠮᠲᠤ ᠴᠣᠬᠢᠵᠤ᠂ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ᠃

34 ᠲᠡᠭᠡᠭᠡᠳ ᠶᠣᠱᠦ᠋ᠶ᠎ᠠ ᠪᠦᠬᠦ ᠢᠰᠷᠧᠯ ᠲᠠᠢ ᠬᠠᠮᠲᠤ ᠯᠠᠺᠢᠱ ᠡᠴᠡ ᠡᠭᠯᠣᠨ ᠤᠷᠤᠭᠤ ᠶᠠᠪᠤᠵᠤ᠂ ᠳᠡᠷᠭᠡᠳᠡ ᠨᠢ ᠪᠠᠭᠤᠳᠠᠯᠯᠠᠭᠠᠳ ᠲᠡᠷᠡ ᠬᠣᠲᠠ ᠶᠢ ᠳᠠᠭᠠᠷᠢᠪᠠ᠃ 35 ᠲᠡᠳᠡ ᠲᠤᠰ ᠬᠣᠲᠠ ᠶᠢ ᠲᠡᠷᠡ ᠡᠳᠦᠷ ᠲᠡᠭᠡᠨ ᠡᠵᠡᠯᠡᠨ ᠠᠪᠴᠤ᠂ ᠢᠯᠳᠦᠨ ᠦ ᠢᠷ ᠢᠶᠠᠷ ᠴᠣᠬᠢᠵᠤ᠂ ᠯᠠᠺᠢᠱ ᠲᠤ ᠦᠢᠯᠡᠳᠦᠭᠰᠡᠨ ᠲᠡᠢ ᠪᠡᠨ ᠠᠳᠠᠯᠢ ᠪᠠᠷ ᠬᠣᠲᠠ ᠶᠢᠨ ᠳᠣᠲᠣᠷᠠᠬᠢ ᠠᠮᠢ ᠲᠠᠢ ᠪᠦᠭᠦᠳᠡ ᠶᠢ ᠬᠦᠢᠰᠦ ᠲᠡᠮᠲᠡᠷᠢᠪᠡ᠃

36 ᠲᠡᠭᠡᠭᠡᠳ ᠶᠣᠱᠦ᠋ᠶ᠎ᠠ ᠪᠦᠬᠦ ᠢᠰᠷᠧᠯ ᠲᠠᠢ ᠬᠠᠮᠲᠤ ᠡᠭᠯᠣᠨ ᠠᠴᠠ ᠾᠧᠪᠷᠣᠨ ᠤᠷᠤᠭᠤ ᠣᠴᠢᠵᠤ᠂ ᠲᠡᠭᠦᠨ ᠦ ᠡᠰᠡᠷᠭᠦ ᠳᠠᠢᠲᠤᠪᠠ᠃ 37 ᠲᠡᠳᠡ ᠬᠣᠲᠠ ᠶᠢ ᠡᠵᠡᠯᠡᠨ ᠠᠪᠴᠤ᠂ ᠲᠡᠷᠡ ᠬᠣᠲᠠ ᠶᠢ ᠲᠡᠭᠦᠨ ᠦ ᠬᠠᠭᠠᠨ᠂ ᠪᠦᠬᠦ ᠲᠣᠰᠬᠣᠨ ᠪᠣᠯᠣᠨ ᠲᠡᠳᠡᠭᠡᠷ ᠦᠨ ᠳᠣᠲᠣᠷᠠᠬᠢ ᠠᠮᠢ ᠲᠠᠢ ᠪᠦᠬᠦᠨ ᠲᠡᠢ ᠨᠢ ᠬᠠᠮᠲᠤ ᠢᠯᠳᠦᠨ ᠦ ᠢᠷ ᠢᠶᠠᠷ ᠴᠣᠬᠢᠵᠤ᠂ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ᠃ ᠲᠡᠳᠡ ᠡᠭᠯᠣᠨ ᠳᠤ ᠦᠢᠯᠡᠳᠦᠭᠰᠡᠨ ᠲᠡᠢ ᠪᠡᠨ ᠠᠳᠠᠯᠢ ᠪᠠᠷ ᠲᠡᠷᠡ ᠬᠣᠲᠠ ᠶᠢ ᠲᠡᠭᠦᠨ ᠦ ᠳᠣᠲᠣᠷᠠᠬᠢ ᠪᠦᠭᠦᠳᠡ ᠲᠠᠢ ᠨᠢ ᠬᠠᠮᠲᠤ ᠬᠦᠢᠰᠦ ᠲᠡᠮᠲᠡᠷᠢᠪᠡ᠃

38 ᠲᠡᠭᠡᠭᠡᠳ ᠶᠣᠱᠦ᠋ᠶ᠎ᠠ ᠪᠦᠬᠦ ᠢᠰᠷᠧᠯ ᠲᠠᠢ ᠬᠠᠮᠲᠤ ᠳ᠋ᠧᠪᠢᠷ ᠤᠷᠤᠭᠤ ᠪᠤᠴᠠᠵᠤ᠂ ᠲᠡᠭᠦᠨ ᠦ ᠡᠰᠡᠷᠭᠦ ᠳᠠᠢᠲᠤᠪᠠ᠃ 39 ᠲᠡᠳᠡ ᠬᠣᠲᠠ ᠶᠢ ᠡᠵᠡᠯᠡᠨ ᠠᠪᠴᠤ᠂ ᠬᠠᠭᠠᠨ ᠪᠣᠯᠣᠨ ᠪᠦᠬᠦ ᠲᠣᠰᠬᠣᠨ ᠤ ᠬᠢᠨ ᠢ ᠢᠯᠳᠦᠨ ᠦ ᠢᠷ ᠢᠶᠠᠷ ᠴᠣᠬᠢᠨ᠂ ᠲᠡᠭᠦᠨ ᠦ ᠳᠣᠲᠣᠷᠠᠬᠢ ᠠᠮᠢ ᠲᠠᠢ ᠪᠦᠭᠦᠳᠡ ᠶᠢ ᠬᠦᠢᠰᠦ ᠲᠡᠮᠲᠡᠷᠢᠵᠦ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ᠃ ᠲᠡᠳᠡ ᠾᠧᠪᠷᠣᠨ᠂ ᠯᠢᠪᠨᠠ ᠪᠣᠯᠣᠨ ᠲᠡᠭᠦᠨ ᠦ ᠬᠠᠭᠠᠨ ᠳᠤ ᠦᠢᠯᠡᠳᠦᠭᠰᠡᠨ ᠲᠡᠢ ᠪᠡᠨ ᠠᠳᠠᠯᠢ ᠪᠠᠷ ᠳ᠋ᠧᠪᠢᠷ ᠪᠣᠯᠣᠨ ᠲᠡᠭᠦᠨ ᠦ ᠬᠠᠭᠠᠨ ᠳᠤ ᠮᠥᠨ ᠲᠡᠢᠨ ᠬᠦ ᠦᠢᠯᠡᠳᠪᠡ᠃

40 ᠡᠢᠨ ᠬᠦ ᠶᠣᠱᠦ᠋ᠶ᠎ᠠ ᠠᠭᠤᠯᠠᠷᠬᠠᠭ ᠨᠤᠲᠤᠭ᠂ ᠡᠮᠦᠨᠡᠲᠦ ᠪᠦᠰᠡ᠂ ᠥᠷᠥᠨ᠎ᠡ ᠶᠢᠨ ᠳᠣᠪᠣ ᠲᠣᠯᠣᠭᠠᠳ᠂ ᠮᠥᠨ ᠠᠭᠤᠯᠠ ᠶᠢᠨ ᠨᠠᠯᠠᠤ ᠪᠡᠯ ᠵᠡᠷᠭᠡ ᠪᠦᠬᠦ ᠨᠤᠲᠤᠭ ᠤᠨ ᠬᠢᠨ ᠢ ᠬᠠᠭᠠᠳ ᠲᠠᠢ ᠨᠢ ᠬᠠᠮᠲᠤ ᠪᠤᠲᠠ ᠴᠣᠬᠢᠵᠤ᠂ ᠨᠢᠭᠡ ᠶᠢ ᠨᠢ ᠴᠤ ᠠᠮᠢᠳᠤ ᠦᠯᠡᠳᠡᠭᠡᠭᠰᠡᠨ ᠦᠭᠡᠢ᠂ ᠢᠰᠷᠧᠯ ᠤᠨ ᠪᠤᠷᠬᠠᠨ ᠶᠣᠬᠣᠸᠠ ᠶᠢᠨ ᠲᠤᠰᠢᠶᠠᠭᠰᠠᠨ ᠶᠣᠰᠣᠭᠠᠷ ᠲᠡᠷᠡ ᠠᠮᠢᠰᠬᠤᠯ ᠲᠠᠢ ᠪᠦᠬᠦᠨ ᠢ ᠨᠢ ᠬᠦᠢᠰᠦ ᠲᠡᠮᠲᠡᠷᠢᠪᠡ᠃ 41 ᠶᠣᠱᠦ᠋ᠶ᠎ᠠ ᠺᠠᠳᠧᠱ ᠪᠠᠷᠨᠧᠶ᠎ᠠ ᠠᠴᠠ ᠭᠠᠽᠠ ᠬᠦᠷᠲᠡᠯ᠎ᠡ᠂ ᠮᠥᠨ ᠭᠣᠱᠧᠨ ᠤ ᠪᠦᠬᠦ ᠨᠤᠲᠤᠭ ᠢᠶᠠᠷ ᠳᠠᠭᠠᠷᠢᠨ ᠭᠢᠪᠧᠶᠣᠨ ᠬᠦᠷᠲᠡᠯ᠎ᠡ ᠳᠣᠪᠲᠣᠯᠵᠤ ᠴᠣᠬᠢᠭᠰᠠᠨ ᠪᠠᠢᠯ᠎ᠠ᠃ 42 ᠢᠰᠷᠧᠯ ᠤᠨ ᠪᠤᠷᠬᠠᠨ ᠶᠣᠬᠣᠸᠠ ᠢᠰᠷᠧᠯ ᠤᠨ ᠲᠥᠯᠥᠭᠡ ᠳᠠᠢᠲᠤᠳᠠᠭ ᠪᠠᠢᠭᠰᠠᠨ ᠲᠤᠯᠠ ᠶᠣᠱᠦ᠋ᠶ᠎ᠠ ᠲᠡᠳᠡᠭᠡᠷ ᠪᠦᠬᠦ ᠬᠠᠭᠠᠨ ᠪᠣᠯᠣᠨ ᠲᠡᠳᠡᠨ ᠦ ᠨᠤᠲᠤᠭ ᠢ ᠨᠢᠭᠡ ᠯᠠ ᠳᠣᠣᠷ᠎ᠠ ᠡᠵᠡᠯᠡᠪᠡ᠃ 43 ᠶᠣᠱᠦ᠋ᠶ᠎ᠠ ᠪᠦᠬᠦ ᠢᠰᠷᠧᠯ ᠤᠨ ᠬᠠᠮᠲᠤ ᠭᠢᠯᠭᠠᠯ ᠳᠠᠬᠢ ᠬᠤᠸᠠᠷᠠᠨ ᠤᠷᠤᠭᠤ ᠪᠠᠨ ᠪᠤᠴᠠᠯ᠎ᠠ᠃