1 2 3 4 5 6 7 8 9 10 11 12 13 14 15 16 17 18 19 20 21 22 23 24


ᠯᠦᠺ ᠨᠢᠭᠡ

1 ᠪᠢᠳᠡᠨ ᠦ ᠳᠤᠮᠳᠠ ᠪᠡᠶᠡᠯᠡᠭᠰᠡᠨ ᠦᠢᠯᠡ ᠶᠠᠪᠤᠳᠠᠯ ᠤᠨ ᠲᠤᠬᠠᠢ 2 ᠠᠩ᠋ᠬᠠᠨ ᠠᠴᠠ ᠪᠠᠨ ᠦᠭᠡ ᠶᠢ ᠨᠢᠳᠦ ᠪᠡᠷ ᠢᠶᠠᠨ ᠬᠠᠷᠠᠭᠰᠠᠨ᠂ ᠵᠠᠷᠤᠴᠠ ᠨᠢ ᠪᠣᠯᠣᠭᠰᠠᠨ ᠬᠥᠮᠦᠰ ᠦᠨ ᠪᠢᠳᠡᠨ ᠳᠦ ᠤᠯᠠᠮᠵᠢᠯᠠᠭᠰᠠᠨ ᠶᠣᠰᠣᠭᠠᠷ ᠲᠡᠦᠬᠡ ᠶᠢ ᠡᠮᠬᠢᠳᠬᠡᠬᠦ ᠳᠦ ᠣᠷᠣᠯᠴᠠᠭᠰᠠᠨ ᠬᠥᠮᠦᠨ ᠣᠯᠠᠨ ᠪᠤᠢ᠃ 3 ᠪᠢ ᠴᠤ ᠡᠨᠡ ᠪᠦᠬᠦᠨ ᠢ ᠡᠬᠢᠨ ᠡᠴᠡ ᠨᠢ ᠨᠢᠭᠲᠠᠯᠠᠨ ᠰᠤᠳᠤᠯᠤᠭᠰᠠᠨ ᠲᠤᠯᠠ ᠡᠷᠬᠢᠮ ᠬᠦᠨᠳᠦᠲᠦ ᠲᠧᠣᠹᠢᠯ ᠲᠠᠨ ᠳᠤ ᠳᠡᠰ ᠳᠠᠷᠠᠭᠠᠯᠠᠨ ᠪᠢᠴᠢᠶ᠎ᠡ ᠭᠡᠵᠦ ᠪᠣᠳᠣᠪᠠ᠃ 4 ᠰᠤᠷᠭᠠᠭᠳᠠᠭᠰᠠᠨ ᠵᠦᠢᠯᠡᠰ ᠦᠨ ᠭᠠᠷᠴᠠᠭ᠎ᠠ ᠦᠭᠡᠢ ᠦᠨᠡᠨ ᠭᠡᠳᠡᠭ ᠢ ᠡᠭᠦᠨ ᠢᠶᠡᠷ ᠲᠠ ᠮᠡᠳᠡᠬᠦ ᠪᠣᠯᠣᠨ᠎ᠠ᠃
 ᠶᠣᠬᠠᠨ ᠮᠡᠨᠳᠦᠯᠡᠬᠦ ᠮᠡᠳᠡᠭᠡ

5 ᠶᠦᠳᠠᠢ ᠶᠢᠨ ᠬᠠᠭᠠᠨ ᠾᠧᠷᠣᠳ᠋ ᠤᠨ ᠦᠶ᠎ᠡ ᠳᠦ᠂ ᠠᠪᠢᠶᠠ ᠶᠢᠨ ᠪᠦᠯᠦᠭ ᠲᠦ ᠽᠠᠺᠠᠷᠢᠶ᠎ᠠ ᠭᠡᠳᠡᠭ ᠨᠢᠭᠡᠨ ᠲᠠᠬᠢᠯᠴᠢ ᠪᠠᠢᠵᠠᠢ᠃ ᠡᠬᠡᠨᠡᠷ ᠨᠢ ᠠᠷᠣᠨ ᠤ ᠦᠷ᠎ᠡ ᠤᠳᠤᠮ ᠪᠥᠭᠡᠳ ᠧᠯᠢᠰᠠᠪᠧᠲ ᠭᠡᠳᠡᠭ᠃ 6 ᠲᠡᠳᠡ ᠬᠣᠶᠠᠭᠤᠯᠠ ᠪᠠᠨ ᠡᠵᠡᠨ ᠦ ᠠᠯᠢᠪᠠ ᠵᠠᠷᠯᠢᠭ ᠪᠠ ᠳᠦᠷᠢᠮ ᠢ ᠥ ᠰᠡᠪ ᠦᠭᠡᠢ ᠳᠠᠭᠠᠵᠤ ᠪᠤᠷᠬᠠᠨ ᠤ ᠡᠮᠦᠨ᠎ᠡ ᠵᠥᠪ ᠪᠠᠢᠵᠠᠢ᠃ 7 ᠧᠯᠢᠰᠠᠪᠧᠲ ᠬᠡᠭᠦᠰᠡᠷ ᠲᠤᠯᠠ ᠲᠡᠳᠡ ᠦᠷ᠎ᠡ ᠬᠡᠦᠬᠡᠳ ᠦᠭᠡᠢ᠂ ᠬᠣᠶᠠᠭᠤᠯᠠ ᠪᠠᠨ ᠨᠠᠰᠤ ᠠᠬᠢᠵᠠᠢ᠃

8 ᠨᠢᠭᠡᠨ ᠡᠳᠦᠷ ᠽᠠᠺᠠᠷᠢᠶ᠎ᠠ ᠡᠭᠡᠯᠵᠢ ᠶᠢᠨ ᠢᠶᠠᠨ ᠶᠣᠰᠣᠭᠠᠷ ᠪᠤᠷᠬᠠᠨ ᠤ ᠡᠮᠦᠨ᠎ᠡ ᠲᠠᠬᠢᠯᠴᠢ ᠶᠢᠨ ᠠᠯᠪᠠ ᠭᠦᠢᠴᠡᠳᠬᠡᠬᠦ ᠪᠣᠯᠵᠠᠢ᠃ 9 ᠲᠠᠬᠢᠯᠴᠢ ᠶᠢᠨ ᠵᠠᠩᠰᠢᠯ ᠢᠶᠠᠷ ᠰᠢᠪᠠᠭ᠎ᠠ ᠰᠤᠭᠤᠯᠤᠭᠰᠠᠨ ᠳᠤ᠂ ᠲᠡᠷᠡ ᠪᠡᠷ ᠡᠵᠡᠨ ᠦ ᠥᠷᠭᠥᠭᠡᠨ ᠳᠦ ᠣᠷᠣᠵᠤ ᠬᠦᠵᠢ ᠰᠢᠲᠠᠭᠠᠬᠤ ᠪᠠᠷ ᠰᠣᠩ᠋ᠭᠣᠭᠳᠠᠪᠠ᠃ 10 ᠬᠦᠵᠢ ᠰᠢᠲᠠᠭᠠᠵᠤ ᠪᠠᠢᠬᠤ ᠴᠠᠭ ᠲᠤ ᠣᠯᠠᠨ ᠠᠷᠠᠳ ᠭᠠᠳᠠᠨ᠎ᠠ ᠳᠠᠭᠠᠳᠬᠠᠵᠤ ᠪᠠᠢᠯ᠎ᠠ᠃ 11 ᠲᠡᠭᠡᠲᠡᠯ᠎ᠡ ᠡᠵᠡᠨ ᠦ ᠡᠯᠴᠢ ᠬᠦᠵᠢ ᠶᠢᠨ ᠰᠢᠷᠡᠭᠡᠨ ᠦ ᠪᠠᠷᠠᠭᠤᠨ ᠲᠠᠯ᠎ᠠ ᠳᠤ ᠵᠣᠭᠰᠣᠵᠤ ᠪᠠᠢᠭ᠎ᠠ ᠨᠢ ᠽᠠᠺᠠᠷᠢᠶ᠎ᠠ ᠳᠤ ᠦᠵᠡᠭᠳᠡᠪᠡ᠃ 12 ᠽᠠᠺᠠᠷᠢᠶ᠎ᠠ ᠲᠡᠭᠦᠨ ᠢ ᠬᠠᠷᠠᠭᠠᠳ ᠪᠠᠯᠢᠳᠠᠵᠤ᠂ ᠠᠢᠳᠠᠰ ᠢᠶᠠᠷ ᠳᠦᠭᠦᠷᠴᠡᠢ᠃ 13 ᠲᠩᠷᠢ ᠡᠯᠴᠢ ᠲᠡᠭᠦᠨ ᠳᠦ᠄ 《ᠪᠦᠦ ᠠᠶᠤ᠂ ᠽᠠᠺᠠᠷᠢᠶ᠎ᠠ ᠡ᠂ ᠳᠠᠭᠠᠳᠬᠠᠨ ᠭᠤᠶᠤᠭᠰᠠᠨ ᠢ ᠴᠢᠨᠢ ᠡᠵᠡᠨ ᠰᠣᠨᠣᠰᠣᠭᠰᠠᠨ ᠪᠥᠭᠡᠳ ᠡᠬᠡᠨᠡᠷ ᠧᠯᠢᠰᠠᠪᠧᠲ ᠴᠢᠨᠢ ᠴᠢᠮ᠎ᠠ ᠳᠤ ᠬᠦᠦ ᠲᠥᠷᠥᠭᠦᠯᠦᠨ᠎ᠡ᠃ ᠴᠢ ᠲᠡᠭᠦᠨ ᠢ ᠶᠣᠬᠠᠨ ᠭᠡᠵᠦ ᠨᠡᠷᠡᠯᠡ᠃ 14 ᠴᠢ ᠪᠠᠶᠠᠷ ᠵᠢᠷᠭᠠᠯ ᠲᠠᠢ ᠪᠣᠯᠵᠤ᠂ ᠣᠯᠠᠨ ᠬᠥᠮᠦᠨ ᠴᠤ ᠲᠡᠭᠦᠨ ᠦ ᠲᠥᠷᠥᠭᠰᠡᠨ ᠳᠦ ᠪᠠᠶᠠᠷᠯᠠᠨ᠎ᠠ᠃ 15 ᠤᠴᠢᠷ ᠨᠢ᠂ ᠲᠡᠷᠡ ᠡᠵᠡᠨ ᠦ ᠡᠮᠦᠨ᠎ᠡ ᠠᠭᠤᠤ ᠪᠣᠯᠣᠨ᠎ᠠ᠃ ᠲᠡᠷᠡ ᠳᠠᠷᠠᠰᠤ ᠴᠤ᠂ ᠠᠷᠢᠬᠢ ᠴᠤ ᠶᠡᠷᠦ ᠤᠤᠭᠤᠬᠤ ᠦᠭᠡᠢ᠃ ᠡᠬᠡ ᠶᠢᠨ ᠢᠶᠠᠨ ᠬᠡᠪᠡᠯᠢ ᠳᠤ ᠪᠠᠢᠬᠤ ᠠᠴᠠ ᠪᠠᠨ ᠠᠷᠢᠭᠤᠨ ᠰᠦᠨᠡᠰᠦ ᠪᠡᠷ ᠳᠦᠭᠦᠷᠴᠦ᠂ 16 ᠣᠯᠠᠨ ᠢᠰᠷᠧᠯᠴᠦᠳ ᠢ ᠪᠤᠷᠬᠠᠨ ᠡᠵᠡᠨ ᠤᠷᠤᠭᠤ ᠨᠢ ᠡᠷᠭᠢᠭᠦᠯᠬᠦ ᠪᠣᠯᠣᠨ᠎ᠠ᠃ 17 ᠲᠡᠷᠡ ᠪᠠᠰᠠ ᠧᠯᠢᠶ᠎ᠠ ᠶᠢᠨ ᠰᠦᠨᠡᠰᠦ ᠪᠠ ᠬᠦᠴᠦ ᠪᠡᠷ ᠡᠵᠡᠨ ᠦ ᠡᠮᠦᠨ᠎ᠡ ᠶᠠᠪᠤᠵᠤ ᠡᠴᠢᠭᠡ ᠶᠢᠨ ᠰᠡᠳᠬᠢᠯ ᠢ ᠬᠡᠦᠬᠡᠳ ᠤᠳ ᠤᠷᠤᠭᠤ᠂ ᠰᠥᠷᠭᠡᠦ ᠬᠥᠮᠦᠰ ᠢ ᠵᠥᠪᠲᠦ ᠬᠥᠮᠦᠰ ᠦᠨ ᠮᠡᠷᠭᠡᠨ ᠤᠬᠠᠭᠠᠨ ᠤᠷᠤᠭᠤ ᠬᠠᠨᠳᠤᠭᠤᠯᠵᠤ᠂ ᠪᠡᠯᠡᠳᠬᠡᠯ ᠲᠡᠢ ᠠᠷᠠᠳ ᠲᠦᠮᠡᠨ ᠢ ᠡᠵᠡᠨ ᠦ ᠲᠥᠯᠥᠭᠡ ᠪᠡᠯᠡᠨ ᠪᠣᠯᠭᠠᠨ᠎ᠠ》 ᠭᠡᠪᠡ᠃ 18 ᠽᠠᠺᠠᠷᠢᠶ᠎ᠠ ᠲᠩᠷᠢ ᠡᠯᠴᠢ ᠳᠤ᠄ 《ᠪᠢ ᠡᠭᠦᠨ ᠢ ᠶᠠᠭᠠᠬᠢᠵᠤ ᠮᠡᠳᠡᠬᠦ ᠪᠢᠯᠡ︖ ᠪᠢ ᠥᠲᠡᠯᠵᠦ᠂ ᠡᠬᠡᠨᠡᠷ ᠮᠢᠨᠢ ᠴᠤ ᠨᠠᠰᠤ ᠠᠬᠢᠭᠰᠠᠨ ᠰᠢᠦ ᠳᠠ》 ᠭᠡᠬᠦ ᠳᠦ᠂ 19 ᠲᠩᠷᠢ ᠡᠯᠴᠢ ᠬᠠᠷᠢᠭᠤ ᠳᠤᠨᠢ᠄ 《ᠪᠢ ᠪᠣᠯ ᠪᠤᠷᠬᠠᠨ ᠤ ᠡᠮᠦᠨ᠎ᠡ ᠵᠣᠭᠰᠣᠭᠴᠢ ᠭᠠᠪᠷᠢᠶᠧᠯ ᠮᠥᠨ᠃ ᠴᠢᠮ᠎ᠠ ᠳᠤ ᠡᠳᠡᠭᠡᠷ ᠪᠠᠶᠠᠷ ᠤᠨ ᠮᠡᠳᠡᠭᠡ ᠶᠢ ᠳᠠᠮᠵᠢᠭᠤᠯᠬᠤ ᠪᠠᠷ ᠢᠯᠡᠭᠡᠭᠳᠡᠭᠰᠡᠨ ᠶᠤᠮ᠃ 20 ᠠᠩ᠋ᠬᠠᠷᠤᠭᠲᠤᠨ᠂ ᠡᠳᠡᠭᠡᠷ ᠶᠠᠪᠤᠳᠠᠯ ᠪᠡᠶᠡᠯᠡᠭᠳᠡᠲᠡᠯ᠎ᠡ ᠴᠢ ᠬᠡᠯᠡ ᠦᠭᠡᠢ ᠪᠣᠯᠵᠤ ᠶᠠᠷᠢᠵᠤ ᠴᠢᠳᠠᠬᠤ ᠦᠭᠡᠢ ᠪᠣᠯᠣᠨ᠎ᠠ᠃ ᠤᠴᠢᠷ ᠨᠢ᠂ ᠴᠢ ᠮᠢᠨᠦ ᠦᠭᠡᠨ ᠳᠦ ᠢᠲᠡᠭᠡᠭᠰᠡᠨ ᠦᠭᠡᠢ᠃ ᠬᠠᠷᠢᠨ ᠴᠠᠭ ᠨᠢ ᠪᠣᠯᠪᠠᠯ ᠮᠢᠨᠦ ᠦᠭᠡ ᠪᠡᠶᠡᠯᠡᠭᠳᠡᠨ᠎ᠡ》 ᠭᠡᠪᠡ᠃

21 ᠽᠠᠺᠠᠷᠢᠶ᠎ᠠ ᠶᠢ ᠬᠦᠯᠢᠶᠡᠵᠦ ᠪᠠᠢᠭᠰᠠᠨ ᠠᠷᠠᠳ ᠤᠳ ᠥᠷᠭᠥᠭᠡᠨ ᠳᠣᠲᠣᠷ᠎ᠠ ᠤᠳᠠᠭᠰᠠᠨ ᠳᠤᠨᠢ ᠭᠠᠢᠬᠠᠵᠠᠭᠠᠵᠤ ᠪᠠᠢᠯ᠎ᠠ᠃ 22 ᠲᠡᠷᠡ ᠭᠠᠷᠴᠤ ᠢᠷᠡᠭᠡᠳ ᠦᠭᠡ ᠶᠠᠷᠢᠵᠤ ᠴᠢᠳᠠᠭᠰᠠᠨ ᠦᠭᠡᠢ ᠪᠣᠯᠬᠣᠷ ᠬᠥᠮᠦᠰ ᠲᠡᠭᠦᠨ ᠢ ᠥᠷᠭᠥᠭᠡᠨ ᠳᠣᠲᠣᠷ᠎ᠠ ᠦᠵᠡᠭᠳᠡᠯ ᠦᠵᠡᠭᠰᠡᠨ ᠶᠤᠮ ᠪᠠᠢᠨ᠎ᠠ ᠭᠡᠵᠦ ᠣᠢᠯᠠᠭᠠᠪᠠ᠃ ᠽᠠᠺᠠᠷᠢᠶ᠎ᠠ ᠳᠣᠬᠢᠵᠤ ᠵᠢᠭᠠᠨ᠂ ᠬᠡᠯᠡ ᠦᠭᠡᠢ ᠪᠠᠢᠭᠰᠠᠭᠠᠷ 23 ᠦᠢᠯᠡᠴᠢᠯᠡᠯ ᠦᠨ ᠬᠤᠭᠤᠴᠠᠭ᠎ᠠ ᠪᠠᠨ ᠳᠠᠭᠤᠰᠬᠠᠭᠠᠳ ᠭᠡᠷ ᠲᠡᠭᠡᠨ ᠬᠠᠷᠢᠪᠠ᠃

24 ᠲᠡᠷᠡ ᠦᠶ᠎ᠡ ᠡᠴᠡ ᠬᠣᠢᠰᠢ᠂ ᠡᠬᠡᠨᠡᠷ ᠧᠯᠢᠰᠠᠪᠧᠲ ᠨᠢ ᠵᠢᠷᠮᠦᠰᠦᠯᠡᠵᠦ ᠲᠠᠪᠤᠨ ᠰᠠᠷ᠎ᠠ ᠶᠢᠨ ᠲᠤᠷᠰᠢ ᠬᠥᠮᠦᠨ ᠦ ᠨᠢᠳᠦᠨ ᠡᠴᠡ ᠳᠠᠯᠳᠠ ᠪᠠᠢᠵᠠᠢ᠃ 25 ᠲᠡᠷᠡ᠄ 《ᠡᠵᠡᠨ ᠨᠠᠮᠠᠶᠢ ᠲᠠᠭᠠᠯᠠᠨ ᠬᠠᠷᠠᠵᠤ ᠮᠢᠨᠦ ᠲᠥᠯᠥᠭᠡ ᠡᠨᠡ ᠦᠶ᠎ᠡ ᠳᠦ ᠡᠢᠨ ᠬᠦ ᠦᠢᠯᠡᠳᠦᠭᠡᠳ ᠢᠴᠢᠭᠦᠷᠢ ᠶᠢ ᠮᠢᠨᠢ ᠬᠥᠮᠦᠰ ᠦᠨ ᠳᠤᠮᠳᠠ ᠠᠴᠠ ᠠᠷᠢᠯᠭᠠᠵᠠᠢ》 ᠭᠡᠪᠡ᠃
 ᠢᠰᠦ᠋ᠰ ᠮᠡᠨᠳᠦᠯᠡᠬᠦ ᠮᠡᠳᠡᠭᠡ

26 ᠵᠢᠷᠭᠤᠳᠤᠭᠠᠷ ᠰᠠᠷ᠎ᠠ ᠳᠤ᠂ ᠪᠤᠷᠬᠠᠨ ᠡᠯᠴᠢ ᠭᠠᠪᠷᠢᠶᠧᠯ ᠢᠶᠠᠨ ᠭᠠᠯᠢᠯᠠᠶ᠎ᠠ ᠶᠢᠨ ᠨᠠᠽᠠᠷᠧᠲ ᠭᠡᠳᠡᠭ ᠲᠣᠰᠬᠣᠨ ᠳᠠᠬᠢ 27 ᠳ᠋ᠠᠸᠢᠳ᠋ ᠤᠨ ᠤᠳᠤᠮ ᠤᠨ ᠶᠣᠰᠧᠹ ᠭᠡᠳᠡᠭ ᠡᠷ᠎ᠡ ᠲᠠᠢ ᠰᠦᠢ ᠲᠠᠯᠪᠢᠭᠰᠠᠨ ᠨᠢᠭᠡᠨ ᠣᠩ᠋ᠭᠣᠨ ᠥᠬᠢᠨ ᠤᠷᠤᠭᠤ ᠢᠯᠡᠭᠡᠵᠡᠢ᠃ ᠲᠡᠭᠦᠨ ᠦ ᠨᠡᠷ᠎ᠡ ᠶᠢ ᠮᠠᠷᠢᠶᠠ ᠭᠡᠳᠡᠭ ᠪᠠᠢᠯ᠎ᠠ᠃ 28 ᠲᠩᠷᠢ ᠡᠯᠴᠢ ᠲᠡᠭᠦᠨ ᠤᠷᠤᠭᠤ ᠢᠷᠡᠭᠡᠳ᠄ 《ᠠᠮᠤᠷ ᠪᠠᠢᠨ᠎ᠠ ᠤᠤ︖ ᠢᠪᠡᠭᠡᠭᠳᠡᠭᠴᠢ ᠡ᠂ ᠡᠵᠡᠨ ᠴᠢᠮ᠎ᠠ ᠲᠠᠢ ᠬᠠᠮᠲᠤ ᠪᠠᠢᠨ᠎ᠠ》 ᠭᠡᠪᠡ᠃ 29 ᠮᠠᠷᠢᠶᠠ ᠡᠨᠡ ᠦᠭᠡᠨ ᠳᠦ ᠶᠡᠬᠡᠳᠡ ᠪᠠᠯᠢᠳᠠᠵᠤ᠂ ᠡᠨᠡ ᠮᠡᠨᠳᠦᠴᠢᠯᠡᠭᠡ ᠶᠢᠨ ᠤᠴᠢᠷ ᠢ ᠲᠤᠩ᠋ᠭᠠᠵᠤ ᠪᠠᠢᠲᠠᠯ᠎ᠠ 30 ᠲᠩᠷᠢ ᠡᠯᠴᠢ ᠲᠡᠭᠦᠨ ᠳᠦ᠄ 《ᠪᠦᠦ ᠠᠶᠤ᠂ ᠮᠠᠷᠢᠶᠠ ᠡ᠂ ᠴᠢ ᠪᠤᠷᠬᠠᠨ ᠤ ᠲᠠᠭᠠᠯᠠᠯ ᠢ ᠣᠯᠵᠠᠢ᠃ 31 ᠠᠩ᠋ᠬᠠᠷᠤᠭᠲᠤᠨ᠂ ᠴᠢ ᠵᠢᠷᠮᠦᠰᠦᠯᠡᠵᠦ ᠬᠦᠦ ᠲᠥᠷᠥᠭᠦᠯᠦᠨ᠎ᠡ᠃ ᠲᠡᠭᠦᠨ ᠢ ᠢᠰᠦ᠋ᠰ ᠭᠡᠵᠦ ᠨᠡᠷᠡᠯᠡ᠃ 32 ᠲᠡᠷᠡ ᠠᠭᠤᠤ ᠪᠣᠯᠬᠤ ᠪᠥᠭᠡᠳ ᠳᠡᠭᠡᠳᠦ ᠶᠢᠨ ᠳᠡᠭᠡᠳᠦ ᠨᠢᠭᠡᠨ ᠦ ᠬᠦᠦ ᠭᠡᠵᠦ ᠳᠠᠭᠤᠳᠠᠭᠳᠠᠨ᠎ᠠ᠃ ᠡᠵᠡᠨ ᠪᠤᠷᠬᠠᠨ ᠲᠡᠭᠦᠨ ᠳᠦ ᠡᠪᠦᠭᠡ ᠳᠡᠭᠡᠳᠦᠰ ᠳ᠋ᠠᠸᠢᠳ᠋ ᠤᠨ ᠬᠢᠨᠢ ᠰᠡᠨᠲᠢ ᠶᠢ ᠰᠣᠶᠣᠷᠬᠠᠬᠤ ᠪᠣᠯᠣᠨ᠎ᠠ᠃ 33 ᠲᠡᠷᠡ ᠶᠠᠺᠣᠪ ᠤᠨ ᠭᠡᠷ ᠢ ᠡᠭᠦᠷᠢᠳᠡ ᠬᠠᠭᠠᠨᠴᠢᠯᠠᠬᠤ ᠪᠥᠭᠡᠳ ᠲᠡᠭᠦᠨ ᠦ ᠬᠠᠭᠠᠨᠴᠢᠯᠠᠯ ᠲᠡᠭᠦᠰᠬᠡᠯ ᠦᠭᠡᠢ》 ᠭᠡᠰᠡᠨ ᠳᠦ᠂ 34 ᠮᠠᠷᠢᠶᠠ ᠲᠩᠷᠢ ᠡᠯᠴᠢ ᠳᠤ᠄ 《ᠪᠢ ᠣᠩ᠋ᠭᠣᠨ ᠪᠠᠢᠲᠠᠯ᠎ᠠ ᠡᠢᠮᠦ ᠶᠠᠪᠤᠳᠠᠯ ᠶᠠᠭᠠᠬᠢᠵᠤ ᠪᠣᠯᠬᠤ ᠪᠢᠯᠡ︖》 ᠭᠡᠯ᠎ᠡ᠃ 35 ᠲᠩᠷᠢ ᠡᠯᠴᠢ᠄ 《ᠠᠷᠢᠭᠤᠨ ᠰᠦᠨᠡᠰᠦ ᠴᠢᠮ᠎ᠠ ᠳᠡᠭᠡᠷ᠎ᠡ ᠪᠠᠭᠤᠵᠤ᠂ 〈ᠳᠡᠭᠡᠳᠦ ᠶᠢᠨ ᠳᠡᠭᠡᠳᠦ〉 ᠶᠢᠨ ᠬᠦᠴᠦ ᠴᠢᠮᠠᠶᠢ ᠪᠦᠷᠬᠦᠨ᠎ᠡ᠃ ᠲᠡᠢᠮᠦ ᠡᠴᠡ ᠮᠡᠨᠳᠦᠯᠡᠬᠦ ᠠᠷᠢᠭᠤᠨ ᠨᠢᠭᠡᠨ ᠨᠢ ᠪᠤᠷᠬᠠᠨ ᠤ ᠬᠦᠦ ᠭᠡᠵᠦ ᠳᠠᠭᠤᠳᠠᠭᠳᠠᠬᠤ ᠪᠣᠯᠣᠨ᠎ᠠ᠃ 36 ᠴᠢᠨᠦ ᠰᠠᠳᠤᠨ ᠧᠯᠢᠰᠠᠪᠧᠲ ᠴᠤ ᠬᠡᠭᠦᠰᠡᠷ ᠭᠡᠭᠳᠡᠵᠦ ᠪᠠᠢᠭᠰᠠᠨ ᠢᠶᠠᠨ ᠥᠲᠡᠯᠦᠭᠡ ᠨᠠᠰᠤᠨ ᠳᠠᠭᠠᠨ ᠬᠦᠦ ᠵᠢᠷᠮᠦᠰᠦᠯᠡᠵᠦ᠂ ᠣᠳᠣ ᠵᠢᠷᠭᠤᠭᠠᠨ ᠰᠠᠷ᠎ᠠ ᠲᠠᠢ ᠪᠣᠯᠣᠭᠰᠠᠨ᠃ 37 ᠪᠤᠷᠬᠠᠨ ᠳᠤ ᠪᠣᠯᠣᠰᠢ ᠦᠭᠡᠢ ᠵᠦᠢᠯ ᠭᠡᠵᠦ ᠪᠠᠢᠳᠠᠭ ᠦᠭᠡᠢ》 ᠭᠡᠵᠦ ᠬᠡᠯᠡᠪᠡ᠃ 38 ᠮᠠᠷᠢᠶᠠ᠄ 《ᠪᠢ ᠪᠣᠯ ᠡᠵᠡᠨ ᠦ ᠰᠢᠪᠡᠭᠴᠢᠨ᠂ ᠲᠠᠨ ᠤ ᠥᠭᠦᠯᠡᠭᠰᠡᠨ ᠢᠶᠡᠷ ᠪᠣᠯᠬᠤ ᠪᠣᠯᠲᠤᠭᠠᠢ》 ᠭᠡᠬᠦ ᠳᠦ᠂ ᠲᠩᠷᠢ ᠡᠯᠴᠢ ᠰᠠᠯᠵᠤ ᠣᠳᠪᠠ᠃
 ᠮᠠᠷᠢᠶᠠ ᠧᠯᠢᠰᠠᠪᠧᠲ ᠤᠨ ᠳᠤ ᠣᠴᠢᠭᠰᠠᠨ ᠨᠢ

39 ᠲᠡᠷᠡ ᠦᠶ᠎ᠡ ᠳᠦ᠂ ᠮᠠᠷᠢᠶᠠ ᠭᠠᠷᠤᠭᠠᠳ ᠠᠭᠤᠯᠠᠷᠬᠠᠭ ᠨᠤᠲᠤᠭ ᠤᠨ ᠶᠦᠳᠠ 1 ᠲᠣᠰᠬᠣᠨ ᠤᠷᠤᠭᠤ ᠶᠠᠭᠠᠷᠠᠯᠲᠠᠢᠬᠠᠨ ᠶᠠᠪᠤᠵᠤ 40 ᠽᠠᠺᠠᠷᠢᠶ᠎ᠠ ᠶᠢᠨ ᠳᠤ ᠣᠷᠣᠵᠤ ᠧᠯᠢᠰᠠᠪᠧᠲ ᠲᠠᠢ ᠮᠡᠨᠳᠦᠴᠢᠯᠡᠪᠡ᠃ 41 ᠧᠯᠢᠰᠠᠪᠧᠲ ᠮᠠᠷᠢᠶᠠ ᠶᠢᠨ ᠮᠡᠨᠳᠦᠴᠢᠯᠡᠯ ᠢ ᠰᠣᠨᠣᠰᠲᠠᠯ᠎ᠠ ᠬᠡᠪᠡᠯᠢ ᠳᠠᠬᠢ ᠬᠡᠦᠬᠡᠳ ᠨᠢ ᠣᠭᠵᠣᠮ ᠬᠥᠳᠡᠯᠪᠡ᠃ ᠧᠯᠢᠰᠠᠪᠧᠲ ᠠᠷᠢᠭᠤᠨ ᠰᠦᠨᠡᠰᠦ ᠪᠡᠷ ᠳᠦᠭᠦᠷᠴᠦ 42 ᠴᠢᠩᠭ᠍᠎ᠠ ᠳᠠᠭᠤ ᠪᠠᠷ᠄ 《ᠡᠮᠡᠭᠲᠡᠢᠴᠦᠳ ᠦᠨ ᠳᠤᠮᠳᠠ ᠴᠢ ᠪᠤᠶᠠᠨ ᠲᠠᠢ᠂ ᠬᠡᠪᠡᠯᠢ ᠳᠠᠬᠢ ᠦᠷ᠎ᠡ ᠴᠢᠨᠢ ᠴᠤ ᠪᠤᠶᠠᠨ ᠲᠠᠢ᠂ 43 ᠡᠵᠡᠨ ᠦ ᠮᠢᠨᠢ ᠡᠬᠡ ᠨᠠᠳᠠ ᠳᠡᠭᠡᠷ᠎ᠡ ᠢᠷᠡᠵᠦ ᠶᠠᠭᠠᠬᠢᠨ ᠪᠣᠯᠬᠤ ᠪᠢᠯᠡ︖ 44 ᠮᠡᠨᠳᠦ ᠶᠢᠨ ᠳᠠᠭᠤ ᠴᠢᠨᠢ ᠮᠢᠨᠦ ᠴᠢᠬᠢᠨ᠎ᠡ ᠬᠦᠷᠦᠮᠡᠭᠴᠡ ᠬᠡᠪᠡᠯᠢ ᠳᠠᠬᠢ ᠬᠡᠦᠬᠡᠳ ᠮᠢᠨᠢ ᠪᠠᠶᠠᠰᠤᠨ ᠲᠡᠭᠡᠪᠡ᠃ 45 ᠢᠲᠡᠭᠡᠭᠰᠡᠨ ᠡᠮᠡᠭᠲᠡᠢ ᠨᠢ ᠪᠤᠶᠠᠨ ᠲᠠᠢ᠂ ᠤᠴᠢᠷ ᠨᠢ᠂ ᠡᠵᠡᠨ ᠦ ᠲᠡᠭᠦᠨ ᠳᠦ ᠬᠡᠯᠡᠭᠰᠡᠨ ᠦᠭᠡ ᠪᠡᠶᠡᠯᠡᠭᠳᠡᠨ᠎ᠡ》 ᠭᠡᠪᠡ᠃
 ᠮᠠᠷᠢᠶᠠ ᠶᠢᠨ ᠮᠠᠭᠲᠠᠭᠠᠯ

46 ᠮᠠᠷᠢᠶᠠ᠄ 《ᠰᠡᠳᠬᠢᠯ ᠮᠢᠨᠢ ᠡᠵᠡᠨ ᠢ ᠳᠡᠭᠡᠳᠦᠯᠡᠨ᠎ᠡ᠃
47 ᠰᠦᠨᠡᠰᠦ ᠮᠢᠨᠢ ᠠᠪᠤᠷᠠᠭᠴᠢ ᠪᠤᠷᠬᠠᠨ᠎ᠠ ᠪᠠᠶᠠᠰᠤᠨ᠎ᠠ᠃
48 ᠲᠡᠷᠡ ᠪᠡᠷ ᠰᠢᠪᠡᠭᠴᠢᠨ ᠤ ᠪᠠᠨ ᠳᠣᠣᠷᠠᠳᠤ ᠪᠠᠢᠳᠠᠯ ᠢ ᠲᠣᠯᠢᠯᠠᠵᠤ ᠲᠡᠢᠨ ᠬᠦ ᠡᠳᠦᠭᠡ ᠡᠴᠡ ᠬᠠᠮᠤᠭ ᠦᠶ᠎ᠡ ᠶᠢᠨ ᠬᠢᠨ ᠨᠠᠮᠠᠶᠢ ᠪᠤᠶᠠᠨ ᠲᠠᠢ ᠭᠡᠬᠦ ᠪᠣᠯᠣᠨ᠎ᠠ᠃
49 ᠠᠭᠤᠤ ᠦᠢᠯᠡᠰ ᠢ ᠬᠦᠴᠦᠲᠡᠨ ᠮᠢᠨᠢ ᠨᠠᠳᠠ ᠳᠤ ᠪᠦᠲᠦᠭᠡᠭᠰᠡᠨ ᠪᠢᠯᠡ ᠠᠯᠳᠠᠷ ᠨᠡᠷ᠎ᠡ ᠨᠢ ᠡᠢᠮᠦ ᠡᠴᠡ ᠠᠷᠢᠭᠤᠨ ᠬᠡᠮᠡᠬᠦ ᠪᠦᠯᠦᠭᠡ᠃
50 ᠦᠶ᠎ᠡ ᠶᠢᠨ ᠦᠶ᠎ᠡ ᠳᠦ ᠡᠨᠡᠷᠢᠯ ᠨᠢ ᠥᠪᠡᠷ ᠡᠴᠡ ᠨᠢ ᠡᠮᠢᠶᠡᠭᠰᠡᠳ ᠲᠦ ᠲᠠᠷᠬᠠᠨ᠎ᠠ᠃
51 ᠥᠪᠡᠷ ᠦᠨ ᠢᠶᠠᠨ ᠮᠤᠲᠤᠷ ᠢᠶᠠᠷ ᠬᠦᠴᠦ ᠪᠡᠨ ᠲᠡᠷᠡ ᠦᠵᠡᠭᠦᠯᠦᠭᠡᠳ ᠥᠷᠥ ᠵᠢᠷᠦᠬᠡᠨ ᠳᠡᠭᠡᠨ ᠣᠮᠣᠷᠬᠠᠭᠴᠢᠳ ᠢ ᠦᠯᠳᠡᠵᠦ ᠲᠠᠷᠬᠠᠭᠠᠨ᠎ᠠ
52 ᠨᠣᠶᠠᠷᠬᠠᠭᠰᠠᠳ ᠢ ᠲᠡᠷᠡ ᠰᠠᠭᠤᠷᠢᠨ ᠠᠴᠠ ᠨᠢ ᠪᠠᠭᠤᠯᠭᠠᠵᠤ ᠨᠣᠮᠣᠢ ᠳᠣᠣᠷᠠᠳᠤᠰ ᠢ ᠡᠷᠭᠦᠮᠵᠢᠯᠡᠪᠡ᠃
53 ᠥᠯᠥᠨ ᠪᠠᠢᠭᠰᠠᠳ ᠢ ᠰᠠᠢᠨ ᠵᠦᠢᠯ ᠢᠶᠠᠷ ᠴᠠᠳᠬᠠᠵᠤ᠂ ᠣᠯᠠᠨ ᠪᠠᠶᠠᠴᠤᠤᠯ ᠢ ᠬᠠᠷᠢᠨ ᠬᠣᠭᠣᠰᠣᠨ ᠪᠤᠴᠠᠭᠠᠪᠠ᠃
54 ᠥᠪᠡᠷ ᠦᠨ ᠵᠠᠷᠤᠴᠠ ᠢᠰᠷᠧᠯ ᠢ ᠲᠡᠷᠡ ᠥᠷᠥᠰᠢᠶᠡᠯ ᠡᠨᠡᠷᠢᠯ ᠢᠶᠠᠷ ᠢᠶᠠᠨ ᠲᠡᠳᠬᠦᠪᠡ
55 ᠡᠪᠦᠭᠡᠳ ᠲᠦ ᠮᠢᠨᠢ ᠠᠢᠯᠠᠳᠤᠭᠰᠠᠨ ᠶᠣᠰᠣᠭᠠᠷ ᠠᠪᠷᠠᠬᠠᠮ ᠪᠣᠯᠣᠨ ᠦᠷ᠎ᠡ ᠤᠳᠤᠮ ᠢ ᠨᠢ ᠴᠤ ᠡᠭᠦᠷᠢᠳᠡ ᠡᠨᠡᠷᠢᠬᠦ ᠪᠡᠨ ᠡᠰᠡ ᠮᠠᠷᠲᠠᠪᠠ》 ᠭᠡᠵᠡᠢ᠃
 ᠶᠣᠬᠠᠨ ᠲᠥᠷᠥᠭᠰᠡᠨ ᠨᠢ

56 ᠮᠠᠷᠢᠶᠠ ᠧᠯᠢᠰᠠᠪᠧᠲ ᠲᠠᠢ ᠭᠤᠷᠪᠠᠨ ᠰᠠᠷ᠎ᠠ ᠬᠢᠷᠢᠲᠡᠢ ᠬᠠᠮᠲᠤ ᠪᠠᠢᠭᠠᠳ ᠭᠡᠷ ᠲᠡᠭᠡᠨ ᠬᠠᠷᠢᠪᠠ᠃

57 ᠧᠯᠢᠰᠠᠪᠧᠲ ᠤᠨ ᠨᠢᠷᠠᠢᠯᠠᠬᠤ ᠴᠠᠭ ᠪᠣᠯᠵᠤ ᠬᠦᠦ ᠲᠥᠷᠥᠵᠡᠢ᠃ 58 ᠡᠵᠡᠨ ᠲᠡᠭᠦᠨ ᠳᠦ ᠠᠭᠤᠤ ᠥᠷᠥᠰᠢᠶᠡᠯ ᠢᠶᠡᠨ ᠦᠵᠡᠭᠦᠯᠦᠭᠰᠡᠨ ᠢ ᠬᠥᠷᠰᠢ ᠨᠦᠭᠦᠳ ᠪᠠ ᠲᠥᠷᠥᠯ ᠰᠠᠳᠤᠨ ᠨᠢ ᠳᠤᠭᠤᠯᠤᠭᠠᠳ ᠧᠯᠢᠰᠠᠪᠧᠲ ᠤᠨ ᠬᠠᠮᠲᠤ ᠪᠠᠶᠠᠷᠯᠠᠵᠠᠭᠠᠪᠠ᠃

59 ᠨᠠᠢ᠌ᠮᠠᠳᠠᠬᠢ ᠡᠳᠦᠷ ᠨᠢ ᠪᠣᠯᠣᠭᠰᠠᠨ ᠳᠤ᠂ ᠲᠡᠳᠡ ᠬᠡᠦᠬᠡᠳ ᠦᠨ ᠬᠥᠪᠴᠢᠷᠬᠡᠢ ᠶᠢ ᠬᠥᠨᠳᠡᠬᠦ ᠪᠡᠷ ᠢᠷᠡᠭᠡᠳ ᠲᠡᠭᠦᠨ ᠢ ᠡᠴᠢᠭᠡ ᠶᠢᠨ ᠬᠢᠨᠢ ᠨᠡᠷ᠎ᠡ ᠪᠡᠷ ᠽᠠᠺᠠᠷᠢᠶ᠎ᠠ ᠬᠡᠮᠡᠨ ᠨᠡᠷᠡᠯᠡᠬᠦ ᠭᠡᠵᠦ ᠪᠠᠢᠲᠠᠯ᠎ᠠ 60 ᠡᠬᠡ ᠨᠢ᠄ 《ᠦᠭᠡᠢ᠂ ᠶᠣᠬᠠᠨ ᠭᠡᠵᠦ ᠨᠡᠷᠡᠯᠡᠬᠦ ᠶᠣᠰᠣᠲᠠᠢ》 ᠭᠡᠪᠡ᠃ 61 ᠲᠡᠳᠡ᠄ 《ᠲᠥᠷᠥᠯ ᠰᠠᠳᠤᠨ ᠤ ᠴᠢᠨᠢ ᠳᠣᠲᠣᠷ᠎ᠠ ᠡᠢᠮᠦ ᠨᠡᠷ᠎ᠡ ᠲᠠᠢ ᠬᠥᠮᠦᠨ ᠪᠠᠢᠬᠤ ᠦᠭᠡᠢ ᠰᠢᠦ ᠳᠠ》 ᠭᠡᠳ ᠡᠴᠢᠭᠡ ᠡᠴᠡ ᠨᠢ 62 ᠶᠠᠮᠠᠷ ᠨᠡᠷ᠎ᠡ ᠥᠭᠬᠦ ᠶᠢ ᠨᠢ ᠳᠣᠬᠢᠶ᠎ᠠ ᠪᠠᠷ ᠠᠰᠠᠭᠤᠵᠠᠢ᠃ 63 ᠽᠠᠺᠠᠷᠢᠶ᠎ᠠ ᠰᠠᠮᠪᠠᠷ᠎ᠠ ᠠᠪᠴᠢᠷᠠᠭᠤᠯᠤᠭᠠᠳ᠄ 《ᠲᠡᠭᠦᠨ ᠦ ᠨᠡᠷ᠎ᠡ ᠪᠣᠯ ᠶᠣᠬᠠᠨ》 ᠭᠡᠵᠦ ᠪᠢᠴᠢᠭᠰᠡᠨ ᠳᠦ ᠪᠦᠭᠦᠳᠡᠭᠡᠷ ᠭᠠᠢᠬᠠᠵᠠᠭᠠᠪᠠ᠃ 64 ᠲᠡᠭᠡᠲᠡᠯ᠎ᠡ ᠲᠡᠭᠦᠨ ᠦ ᠠᠮᠠ ᠨᠡᠭᠡᠭᠡᠭᠳᠡᠨ ᠬᠡᠯᠡ ᠨᠢ ᠲᠠᠯᠪᠢᠭᠳᠠᠵᠤ᠂ ᠪᠤᠷᠬᠠᠨ ᠢ ᠮᠠᠭᠲᠠᠨ ᠶᠠᠷᠢᠵᠤ ᠡᠬᠢᠯᠡᠪᠡ᠃ 65 ᠬᠥᠷᠰᠢ ᠰᠠᠭᠠᠬᠠᠯᠲᠠ ᠨᠢ ᠴᠥᠮ ᠢᠶᠡᠷ ᠢᠶᠠᠨ ᠠᠶᠤᠭᠰᠠᠨ ᠪᠥᠭᠡᠳ ᠶᠦᠳᠠᠢ ᠶᠢᠨ ᠠᠭᠤᠯᠠᠷᠬᠠᠭ ᠨᠤᠲᠤᠭ ᠳᠠᠶᠠᠭᠠᠷ ᠬᠥᠮᠦᠰ ᠡᠨᠡ ᠪᠦᠬᠦᠨ ᠦ ᠲᠤᠬᠠᠢ ᠶᠠᠷᠢᠬᠤ ᠪᠣᠯᠵᠠᠢ᠃ 66 ᠰᠣᠨᠣᠰᠣᠭᠰᠠᠨ ᠪᠦᠬᠦᠨ ᠡᠭᠦᠨ ᠢ ᠰᠠᠨᠠᠭᠠᠨ ᠳᠠᠭᠠᠨ ᠠᠪᠴᠤ᠄ 《ᠡᠨᠡ ᠬᠡᠦᠬᠡᠳ ᠬᠣᠵᠢᠮ ᠶᠠᠭᠤ ᠪᠣᠯᠬᠤ ᠪᠣᠯ︖》 ᠭᠡᠵᠡᠭᠡᠵᠦ ᠪᠠᠢᠯ᠎ᠠ᠃ ᠤᠤᠯ ᠨᠢ ᠡᠵᠡᠨ ᠦ ᠮᠤᠲᠤᠷ ᠲᠡᠭᠦᠨ ᠲᠡᠢ ᠬᠠᠮᠲᠤ ᠪᠠᠢᠵᠠᠢ᠃
 ᠽᠠᠺᠠᠷᠢᠶ᠎ᠠ ᠡᠰᠢ ᠦᠵᠡᠭᠦᠯᠦᠭᠰᠡᠨ ᠨᠢ
67 ᠡᠴᠢᠭᠡ ᠽᠠᠺᠠᠷᠢᠶ᠎ᠠ ᠨᠢ ᠠᠷᠢᠭᠤᠨ ᠰᠦᠨᠡᠰᠦ ᠪᠡᠷ ᠳᠦᠭᠦᠷᠴᠦ ᠡᠰᠢ ᠦᠵᠡᠭᠦᠯᠦᠨ᠄
68 《ᠢᠰᠷᠧᠯ ᠤᠨ ᠪᠤᠷᠬᠠᠨ ᠡᠵᠡᠨ ᠮᠠᠭᠲᠠᠭᠳᠠᠬᠤ ᠪᠣᠯᠲᠤᠭᠠᠢ︕ ᠲᠡᠷᠡ ᠵᠠᠯᠠᠷᠠᠨ ᠢᠷᠡᠭᠡᠳ ᠠᠷᠠᠳ ᠲᠦᠮᠡᠨ ᠢᠶᠡᠨ ᠵᠣᠯᠢᠶᠠᠰᠤᠯᠠᠵᠤ ᠠᠪᠤᠭᠰᠠᠨ᠃
69 ᠲᠡᠷᠡ ᠵᠠᠷᠤᠴᠠ ᠳ᠋ᠠᠸᠢᠳ᠋ ᠤᠨ ᠢᠶᠠᠨ ᠭᠡᠷ ᠲᠦ ᠪᠢᠳᠡᠨ ᠦ ᠲᠥᠯᠥᠭᠡ ᠠᠪᠤᠷᠠᠯ ᠤᠨ ᠡᠪᠡᠷ ᠢᠶᠡᠨ 2 ᠪᠣᠰᠬᠠᠵᠤ
70 ᠥᠨᠢ ᠡᠷᠲᠡᠨ ᠡᠴᠡ ᠠᠷᠢᠭᠤᠨ ᠡᠰᠢ ᠦᠵᠡᠭᠦᠯᠦᠭᠴᠢᠳ ᠤᠨ ᠢᠶᠠᠨ ᠠᠮᠠ ᠪᠠᠷ ᠠᠢᠯᠠᠳᠤᠭᠰᠠᠨ ᠢᠶᠠᠨ ᠢᠩᠭᠢᠵᠦ ᠪᠡᠶᠡᠯᠡᠭᠦᠯᠪᠡ᠃
71 ᠡᠢᠨ ᠬᠦ ᠡᠵᠡᠨ ᠳᠠᠢᠰᠤᠨ ᠨᠤᠭᠤᠳ ᠪᠠ ᠵᠠᠨᠤᠭᠰᠠᠳ ᠤᠨ ᠮᠠᠨᠢ ᠰᠠᠪᠠᠷ ᠠᠴᠠ ᠪᠢᠳᠡᠨ ᠢ ᠠᠪᠤᠷᠠᠵᠤ
72 ᠡᠴᠢᠭᠡ ᠡᠪᠦᠭᠡᠳ ᠲᠦ ᠮᠢᠨᠢ ᠠᠮᠠᠯᠠᠭᠰᠠᠨ ᠥᠷᠥᠰᠢᠶᠡᠯ ᠢᠶᠡᠨ ᠦᠵᠡᠭᠦᠯᠵᠡᠢ ᠲᠡᠷᠡ ᠪᠡᠷ ᠥᠪᠡᠷ ᠦᠨ ᠠᠷᠢᠭᠤᠨ ᠭᠡᠷ᠎ᠡ
73 ᠳᠡᠭᠡᠳᠦᠰ ᠠᠪᠷᠠᠬᠠᠮ ᠳᠤ ᠮᠢᠨᠢ ᠥᠭᠭᠥᠭᠰᠡᠨ ᠲᠠᠩ᠋ᠭᠠᠷᠢᠭ ᠢᠶᠠᠨ ᠮᠠᠷᠲᠠᠭᠰᠠᠨ ᠦᠭᠡᠢ᠃
74 ᠡᠢᠨ ᠬᠦ ᠪᠢᠳᠡ ᠳᠠᠢᠰᠤᠨ ᠤ ᠭᠠᠷ ᠠᠴᠠ ᠭᠡᠲᠦᠯᠭᠡᠭᠳᠡᠵᠦ᠂ ᠠᠢᠳᠠᠰ ᠦᠭᠡᠢ ᠪᠣᠯᠣᠭᠠᠳ
75 ᠲᠡᠭᠦᠨ ᠦ ᠡᠮᠦᠨ᠎ᠡ ᠠᠷᠢᠭᠤᠨ ᠬᠢᠭᠡᠳ ᠰᠢᠳᠤᠷᠭᠤ ᠪᠠᠷ ᠨᠠᠰᠤᠨ ᠲᠤᠷᠰᠢᠳᠠ ᠦᠢᠯᠡᠴᠢᠯᠡᠨ᠎ᠡ᠃
76 ᠢᠩᠭᠢᠭᠡᠳ ᠬᠦᠦ ᠮᠢᠨᠢ ᠴᠢ ᠡᠰᠢ ᠦᠵᠡᠭᠦᠯᠦᠭᠴᠢᠳ ᠤᠨ ᠬᠠᠮᠤᠭ ᠤᠨ ᠳᠡᠭᠡᠳᠦ ᠭᠡᠵᠦ ᠳᠠᠭᠤᠳᠠᠭᠳᠠᠨ᠎ᠠ ᠡᠵᠡᠨ ᠦ ᠡᠮᠦᠨ᠎ᠡ ᠶᠠᠪᠤᠵᠤ᠂ ᠵᠠᠮ ᠢ ᠨᠢ ᠪᠡᠯᠡᠳᠬᠡᠬᠦ ᠶᠢᠨ ᠤᠴᠢᠷ ᠡᠨᠡ ᠪᠢᠯᠡ᠃
77 ᠠᠷᠠᠳ ᠲᠦᠮᠡᠨ ᠳᠦᠨᠢ ᠭᠡᠮ ᠨᠢᠭᠦᠯ ᠢᠶᠡᠨ ᠠᠭᠤᠴᠢᠯᠠᠭᠤᠯᠤᠨ ᠠᠪᠤᠷᠠᠭᠳᠠᠬᠤ ᠶᠢ ᠮᠡᠳᠡᠭᠦᠯᠦᠨ᠎ᠡ᠃
78 ᠪᠢᠳᠡᠨ ᠦ ᠪᠤᠷᠬᠠᠨ ᠤ ᠡᠨᠡᠷᠢᠩᠭᠦᠢ ᠥᠷᠥᠰᠢᠶᠡᠯ ᠢᠶᠡᠷ ᠮᠠᠨᠳᠤᠬᠤ ᠨᠠᠷᠠ ᠲᠩᠷᠢ ᠡᠴᠡ ᠪᠢᠳᠡᠨ ᠦ ᠳᠡᠭᠡᠷ᠎ᠡ ᠵᠠᠯᠠᠷᠠᠨ ᠢᠷᠡᠵᠦ
79 ᠦᠬᠦᠯ ᠦᠨ ᠰᠡᠭᠦᠳᠡᠷ ᠪᠠ ᠬᠠᠷᠠᠩ᠋ᠭᠤᠢ ᠳᠤ ᠰᠠᠭᠤᠭᠰᠠᠳ ᠢ ᠭᠡᠷᠡᠯᠲᠦᠭᠦᠯᠵᠦ ᠥᠪᠡᠷᠰᠡᠳ ᠦᠨ ᠮᠠᠨᠢ ᠬᠥᠯ ᠢ ᠡᠩᠬᠡ ᠲᠠᠢᠪᠤᠩ ᠤᠨ ᠵᠠᠮ ᠤᠷᠤᠭᠤ ᠴᠢᠭᠯᠡᠭᠦᠯᠦᠨ᠎ᠡ》 ᠭᠡᠪᠡ᠃

80 ᠲᠡᠷᠡ ᠬᠡᠦᠬᠡᠳ ᠥᠰᠥᠭᠰᠡᠭᠡᠷ᠂ ᠤᠬᠠᠭᠠᠨ ᠰᠠᠨᠠᠭ᠎ᠠ ᠪᠠᠷ ᠬᠦᠴᠦᠷᠬᠡᠭ ᠪᠣᠯᠵᠠᠢ᠃ ᠲᠡᠷᠡ ᠢᠰᠷᠧᠯᠴᠦᠳ ᠲᠦ ᠢᠯᠡᠷᠡᠬᠦ ᠡᠳᠦᠷ ᠢᠶᠡᠨ ᠬᠦᠷᠲᠡᠯ᠎ᠡ ᠴᠥᠯ ᠳᠤ ᠰᠠᠭᠤᠪᠠ᠃