1 2 3 4 5 6 7 8 9 10 11 12 13 14 15 16 17 18 19 20 21 22 23 24


ᠯᠦᠺ ᠠᠷᠪᠠᠨ ᠲᠠᠪᠤ
 ᠠᠯᠳᠠᠭᠳᠠᠭᠰᠠᠨ ᠭᠠᠭᠴᠠ ᠬᠣᠨᠢ

1 ᠭᠠᠢᠯᠢᠴᠢᠳ ᠪᠠ ᠨᠢᠭᠦᠯᠲᠡᠳ ᠴᠥᠮ ᠢᠶᠡᠷ ᠢᠶᠠᠨ ᠢᠰᠦ᠋ᠰ ᠤᠨ ᠶᠠᠷᠢᠬᠤ ᠶᠢ ᠰᠣᠨᠣᠰᠬᠤ ᠪᠠᠷ ᠳᠡᠷᠭᠡᠳᠡ ᠨᠢ ᠴᠤᠭᠯᠠᠷᠠᠵᠤ ᠪᠠᠢᠪᠠ᠃ 2 ᠹᠠᠷᠢᠰᠠᠢᠴᠤᠳ ᠪᠠ ᠪᠢᠴᠢᠭᠲᠡᠳ᠄ 《ᠡᠨᠡ ᠬᠥᠮᠦᠨ ᠨᠢᠭᠦᠯᠲᠡᠨ ᠢ ᠬᠦᠯᠢᠶᠡᠨ ᠠᠪᠴᠤ ᠬᠠᠮᠲᠤ ᠪᠠᠷ ᠬᠣᠭᠣᠯᠠᠯᠠᠵᠤ ᠪᠠᠢᠨ᠎ᠠ》 ᠭᠡᠵᠦ ᠳᠦᠳᠦᠨᠡᠯᠴᠡᠪᠡ᠃

3 ᠢᠰᠦ᠋ᠰ ᠲᠡᠳᠡᠨ ᠳᠦ ᠦᠯᠢᠭᠡᠷᠯᠡᠯ ᠢᠶᠡᠷ᠄ 4 《ᠲᠠ ᠨᠠᠷ ᠤᠨ ᠬᠡᠨ ᠨᠢᠭᠡ ᠨᠢ ᠵᠠᠭᠤᠨ ᠬᠣᠨᠢ ᠲᠠᠢ ᠪᠠᠢᠭᠠᠳ ᠨᠢᠭᠡ ᠶᠢ ᠨᠢ ᠠᠯᠳᠠᠪᠠᠯ ᠶᠡᠷᠡ ᠶᠢᠰᠦᠨ ᠬᠣᠨᠢ ᠪᠠᠨ ᠪᠡᠯᠴᠢᠭᠡᠷ ᠲᠤᠨᠢ ᠦᠯᠡᠳᠡᠭᠡᠵᠦ ᠨᠥᠭᠥᠭᠡ ᠬᠣᠨᠢ ᠪᠠᠨ ᠣᠯᠲᠠᠯ᠎ᠠ ᠪᠠᠨ ᠬᠥᠭᠡᠭᠡᠴᠡᠯᠳᠦᠬᠦ ᠪᠢᠰᠢ ᠤᠤ︖ 5 ᠣᠯᠴᠢᠬᠠᠪᠠᠯ ᠪᠠᠶᠠᠷ ᠲᠠᠢ ᠮᠥᠷᠥᠯᠡᠭᠡᠳ 6 ᠭᠡᠷ ᠲᠡᠭᠡᠨ ᠬᠠᠷᠢᠵᠤ᠂ ᠨᠠᠢᠵᠠ ᠨᠠᠷ ᠪᠣᠯᠣᠨ ᠬᠥᠷᠰᠢ ᠨᠦᠭᠦᠳ ᠢᠶᠡᠨ ᠴᠤᠭᠯᠠᠭᠤᠯᠤᠨ᠄ 〈ᠬᠠᠮᠲᠤ ᠪᠠᠶᠠᠷᠯᠠᠵᠠᠭᠠᠶ᠎ᠠ︕ ᠪᠢ ᠠᠯᠳᠠᠭᠰᠠᠨ ᠬᠣᠨᠢ ᠪᠠᠨ ᠣᠯᠴᠢᠬᠠᠯ᠎ᠠ〉 ᠭᠡᠬᠦ ᠪᠣᠯᠣᠨ᠎ᠠ᠃ 7 ᠪᠢ ᠲᠠ ᠨᠠᠷ ᠲᠤ ᠬᠡᠯᠡᠶ᠎ᠡ᠃ ᠡᠭᠦᠨ ᠲᠡᠢ ᠠᠳᠠᠯᠢ ᠪᠠᠷ ᠭᠡᠮᠰᠢᠬᠦ ᠬᠡᠷᠡᠭ ᠦᠭᠡᠢ ᠶᠡᠷᠡ ᠶᠢᠰᠦᠨ ᠵᠥᠪᠲᠦ ᠬᠥᠮᠦᠨ ᠢ ᠪᠣᠳᠣᠪᠠᠯ᠂ ᠭᠡᠮᠰᠢᠭ᠍ᠴᠢ ᠭᠠᠭᠴᠠ ᠨᠢᠭᠦᠯᠲᠡᠨ ᠦ ᠤᠴᠢᠷ ᠲᠤ ᠲᠩᠷᠢ ᠳᠡᠭᠡᠷ᠎ᠡ ᠢᠯᠡᠭᠦᠦ ᠪᠠᠶᠠᠷ ᠪᠣᠯᠣᠨ᠎ᠠ᠃
 ᠠᠯᠳᠠᠭᠳᠠᠭᠰᠠᠨ ᠮᠥᠩᠭᠥᠨ ᠵᠣᠭᠣᠰ

8 ᠨᠢᠭᠡᠨ ᠡᠮᠡᠭᠲᠡᠢ ᠳᠦ ᠠᠷᠪᠠᠨ ᠮᠥᠩᠭᠥᠨ ᠵᠣᠭᠣᠰ 19 ᠪᠠᠢᠵᠠᠢ᠃ ᠬᠡᠷᠪᠡ ᠨᠢᠭᠡ ᠶᠢ ᠨᠢ ᠠᠯᠳᠠᠴᠢᠬᠠᠪᠠᠯ᠂ ᠳ᠋ᠧᠩ ᠢᠶᠠᠨ ᠠᠰᠠᠭᠠᠵᠤ ᠭᠡᠷ ᠢᠶᠡᠨ ᠱᠦᠭᠦᠷᠳᠡᠵᠦ᠂ ᠣᠯᠲᠠᠯ᠎ᠠ ᠪᠠᠨ ᠨᠢᠮᠪᠠᠢ ᠡᠷᠢᠬᠦ ᠦᠭᠡᠢ ᠤᠤ︖ 9 ᠣᠯᠴᠢᠬᠠᠪᠠᠯ᠂ ᠨᠠᠢᠵᠠ ᠨᠠᠷ ᠪᠣᠯᠣᠨ ᠬᠥᠷᠰᠢ ᠨᠦᠭᠦᠳ ᠢᠶᠡᠨ ᠴᠤᠭᠯᠠᠭᠤᠯᠤᠭᠠᠳ᠄ 〈ᠬᠠᠮᠲᠤ ᠪᠠᠶᠠᠷᠯᠠᠵᠠᠭᠠᠶ᠎ᠠ︕ ᠪᠢ ᠠᠯᠳᠠᠭᠰᠠᠨ ᠵᠣᠭᠣᠰ ᠢᠶᠠᠨ ᠣᠯᠴᠢᠬᠠᠯ᠎ᠠ〉 ᠭᠡᠬᠦ ᠪᠣᠯᠣᠨ᠎ᠠ᠃ 10 ᠪᠢ ᠲᠠ ᠨᠠᠷ ᠲᠤ ᠬᠡᠯᠡᠶ᠎ᠡ᠃ ᠡᠭᠦᠨ ᠲᠡᠢ ᠠᠳᠠᠯᠢ ᠪᠠᠷ ᠨᠢᠭᠡ ᠨᠢᠭᠦᠯᠲᠡᠨ ᠭᠡᠮᠰᠢᠪᠡᠯ᠂ ᠪᠤᠷᠬᠠᠨ ᠤ ᠡᠯᠴᠢᠳ ᠤᠨ ᠡᠮᠦᠨ᠎ᠡ ᠪᠠᠶᠠᠷ ᠪᠣᠯᠳᠠᠭ ᠶᠤᠮ》 ᠭᠡᠪᠡ᠃
 ᠲᠠᠩ᠋ᠬᠠᠢ ᠬᠦᠦ ᠶᠢᠨ ᠦᠯᠢᠭᠡᠷᠯᠡᠯ

11 ᠢᠰᠦ᠋ᠰ ᠪᠠᠰᠠ᠄ 《ᠨᠢᠭᠡ ᠬᠥᠮᠦᠨ ᠬᠣᠶᠠᠷ ᠬᠦᠦ ᠲᠠᠢ ᠪᠠᠢᠵᠠᠢ᠃ 12 ᠪᠠᠭ᠎ᠠ ᠬᠦᠦ ᠨᠢ ᠡᠴᠢᠭᠡ ᠳᠡᠭᠡᠨ᠄ 〈ᠠᠪᠤ ᠡ᠂ ᠥᠮᠴᠢ ᠡᠴᠡ ᠪᠡᠨ ᠮᠢᠨᠦ ᠬᠤᠪᠢ ᠶᠢ ᠥᠭᠭᠥᠭᠡᠴᠢ〉 ᠭᠡᠰᠡᠨ ᠳᠦ᠂ ᠡᠴᠢᠭᠡ ᠨᠢ ᠬᠥᠷᠥᠩᠭᠡ ᠪᠡᠨ ᠬᠤᠪᠢᠶᠠᠵᠤ ᠥᠭᠪᠡ᠃ 13 ᠬᠡᠳᠦᠨ ᠬᠣᠨᠣᠭ ᠤᠨ ᠳᠠᠷᠠᠭ᠎ᠠ᠂ ᠪᠠᠭ᠎ᠠ ᠬᠦᠦ ᠨᠢ ᠬᠠᠮᠤᠭ ᠶᠠᠭᠤᠮ᠎ᠠ ᠪᠠᠨ ᠴᠤᠭᠯᠠᠭᠤᠯᠤᠨ ᠠᠯᠤᠰ ᠨᠤᠲᠤᠭ ᠤᠷᠤᠭᠤ ᠶᠠᠪᠤᠵᠠᠢ᠃ ᠲᠡᠷᠡ ᠲᠡᠨᠳᠡ ᠲᠠᠩ᠋ᠬᠠᠢ ᠠᠮᠢᠳᠤᠷᠠᠵᠤ ᠥᠮᠴᠢ ᠪᠠᠨ ᠦᠷᠡᠪᠡ᠃ 14 ᠲᠡᠢᠨ ᠬᠦ ᠪᠠᠢᠭᠰᠠᠨ ᠪᠦᠬᠦᠨ ᠢᠶᠡᠨ ᠪᠠᠷᠠᠲᠠᠯ᠎ᠠ ᠲᠡᠷᠡ ᠨᠤᠲᠤᠭ ᠳᠠᠶᠠᠭᠠᠷ ᠶᠡᠬᠡ ᠥᠯᠥᠰᠬᠥᠯᠡᠩ ᠪᠣᠯᠵᠠᠢ᠃ ᠲᠡᠷᠡ ᠭᠠᠴᠢᠭᠳᠠᠭᠠᠳ 15 ᠲᠡᠷᠡ ᠨᠤᠲᠤᠭ ᠤᠨ ᠨᠢᠭᠡᠨ ᠢᠷᠭᠡᠨ ᠦ ᠳᠦ ᠬᠦᠷᠴᠦ ᠬᠥᠯᠥᠰᠥᠯᠡᠭᠳᠡᠪᠡ᠃ ᠴᠠᠭᠠᠲᠤᠬᠢ ᠨᠢ ᠲᠡᠭᠦᠨ ᠢ ᠲᠠᠷᠢᠶᠠᠨ ᠳᠡᠭᠡᠷ᠎ᠡ ᠶᠠᠪᠤᠭᠤᠯᠵᠤ ᠭᠠᠬᠠᠢ ᠲᠡᠵᠢᠭᠡᠯᠭᠡᠵᠡᠢ᠃ 16 ᠲᠡᠷᠡ ᠭᠠᠬᠠᠢ ᠲᠡᠵᠢᠭᠡᠳᠡᠭ ᠪᠤᠷᠴᠠᠭ ᠢᠶᠠᠷ ᠴᠤ ᠭᠡᠰᠡᠨ ᠥᠯ ᠵᠠᠯᠭᠠᠬᠤ ᠶᠤᠮᠰᠠᠨ ᠭᠡᠵᠦ ᠬᠦᠰᠡᠭᠰᠡᠨ ᠪᠣᠯᠪᠠᠴᠤ ᠥᠭᠭᠥᠭᠰᠡᠨ ᠬᠥᠮᠦᠨ ᠠᠯᠠᠭ᠎ᠠ ᠪᠠᠢᠯ᠎ᠠ᠃ 17 ᠲᠡᠭᠡᠭᠡᠳ ᠲᠡᠷᠡ ᠤᠬᠠᠭᠠᠷᠠᠵᠤ᠂ ᠡᠴᠢᠭᠡ ᠶᠢᠨ ᠮᠢᠨᠢ ᠲᠡᠢᠮᠦ ᠣᠯᠠᠨ ᠬᠥᠯᠥᠰᠥᠨ ᠦ ᠬᠥᠮᠦᠨ ᠬᠦᠨᠡᠰᠦ ᠬᠣᠭᠣᠯᠠ ᠪᠠᠷ ᠡᠯᠪᠡᠭ ᠪᠠᠢᠬᠤ ᠳᠤ ᠪᠢ ᠬᠠᠷᠢᠨ ᠡ᠊ᠨᠳᠡ ᠥᠯᠪᠡᠷᠴᠦ ᠦᠬᠦᠬᠦ ᠨᠢ ᠡ᠃ 18 ᠣᠳᠣ ᠪᠢ ᠭᠠᠷᠴᠤ ᠡᠴᠢᠭᠡ ᠳᠡᠭᠡᠨ ᠣᠴᠢᠭᠠᠳ᠄ 〈ᠠᠪᠤ ᠡ᠂ ᠪᠢ ᠲᠩᠷᠢ ᠪᠠ ᠲᠠᠨ ᠤ ᠡᠮᠦᠨ᠎ᠡ ᠨᠢᠭᠦᠯ ᠦᠢᠯᠡᠳᠴᠡᠢ᠃ 19 ᠪᠢ ᠠᠬᠢᠭᠠᠳ ᠲᠠᠨ ᠤ ᠬᠦᠦ ᠭᠡᠭᠳᠡᠵᠦ ᠵᠣᠬᠢᠬᠤ ᠦᠭᠡᠢ᠂ ᠲᠠ ᠨᠠᠮᠠᠶᠢ ᠬᠥᠯᠥᠰᠥᠨ ᠦ ᠬᠥᠮᠦᠨ ᠢᠶᠡᠨ ᠪᠣᠯᠭᠠᠭᠠᠴᠢ ᠭᠡᠵᠦ ᠬᠡᠯᠡᠶ᠎ᠡ〉 ᠬᠡᠮᠡᠨ ᠪᠣᠳᠣᠭᠠᠳ 20 ᠲᠡᠷᠡ ᠭᠠᠷᠴᠤ᠂ ᠠᠪᠤ ᠤᠷᠤᠭᠤ ᠪᠠᠨ ᠶᠠᠪᠤᠵᠠᠢ᠃ ᠬᠠᠷᠢᠨ ᠡᠴᠢᠭᠡ ᠨᠢ ᠲᠡᠭᠦᠨ ᠦ ᠠᠢᠰᠤᠢ ᠶᠢ ᠬᠣᠯᠠ ᠠᠴᠠ ᠬᠠᠷᠠᠭᠠᠳ ᠥᠷᠥ ᠡᠪᠡᠳᠦᠨ ᠭᠦᠶᠦᠵᠦ ᠬᠦᠷᠦᠭᠡᠳ ᠬᠦᠵᠦᠭᠦᠦ ᠪᠡᠷ ᠨᠢ ᠲᠡᠪᠡᠷᠢᠵᠦ ᠦᠨᠦᠰᠪᠡ᠃ 21 ᠬᠦᠦ ᠨᠢ᠄ 〈ᠠᠪᠤ ᠡ᠂ ᠪᠢ ᠲᠩᠷᠢ ᠪᠠ ᠲᠠᠨ ᠤ ᠡᠮᠦᠨ᠎ᠡ ᠨᠢᠭᠦᠯ ᠦᠢᠯᠡᠳᠴᠡᠢ᠃ ᠪᠢ ᠠᠬᠢᠭᠠᠳ ᠲᠠᠨ ᠤ ᠬᠦᠦ ᠭᠡᠭᠳᠡᠵᠦ ᠵᠣᠬᠢᠬᠤ ᠦᠭᠡᠢ ᠪᠢᠯᠡ〉 ᠭᠡᠰᠡᠨ ᠳᠦ᠂ 22 ᠡᠴᠢᠭᠡ ᠨᠢ ᠵᠠᠷᠤᠴᠠ ᠨᠠᠷ ᠲᠠᠭᠠᠨ᠄ 〈ᠬᠤᠷᠳᠤᠬᠠᠨ ᠬᠠᠮᠤᠭ ᠤᠨ ᠰᠠᠢᠨ ᠳᠡᠪᠡᠯ ᠠᠪᠴᠢᠷᠠᠵᠤ ᠲᠡᠭᠦᠨ ᠳᠦ ᠡᠮᠦᠰᠬᠡ᠃ ᠬᠤᠷᠤᠭᠤᠨ ᠳᠤᠨᠢ ᠪᠥᠭᠡᠵᠢ ᠵᠡᠭᠦᠯᠭᠡᠵᠦ᠂ ᠬᠥᠯ ᠳᠦᠨᠢ ᠱᠠᠬᠠᠢ ᠡᠮᠦᠰᠬᠡ᠃ 23 ᠪᠠᠰᠠ ᠲᠠᠷᠭᠤᠨ ᠲᠤᠭᠤᠯ ᠠᠪᠴᠢᠷᠠᠵᠤ ᠨᠢᠲᠤᠯ᠂ ᠬᠠᠮᠲᠤ ᠢᠳᠡᠵᠦ ᠨᠠᠢᠷᠯᠠᠶ᠎ᠠ᠃ 24 ᠡᠨᠡ ᠬᠦᠦ ᠮᠠᠨᠢ ᠦᠬᠦᠭᠡᠳ ᠠᠮᠢᠯᠠᠵᠤ᠂ ᠠᠯᠳᠠᠭᠳᠠᠭᠠᠳ ᠣᠯᠳᠠᠵᠠᠢ〉 ᠭᠡᠪᠡ᠃ ᠲᠡᠳᠡ ᠨᠠᠢᠷᠯᠠᠵᠤ ᠡᠬᠢᠯᠡᠪᠡ᠃

25 ᠲᠡᠭᠡᠬᠦ ᠳᠦ᠂ ᠤᠤᠭᠠᠨ ᠬᠦᠦ ᠨᠢ ᠲᠠᠷᠢᠶᠠᠨ ᠳᠡᠭᠡᠷ᠎ᠡ ᠪᠡᠨ ᠪᠠᠢᠵᠠᠢ᠃ ᠲᠡᠷᠡ ᠪᠤᠴᠠᠵᠤ ᠭᠡᠷ ᠲᠡᠭᠡᠨ ᠣᠢᠷᠠᠲᠤᠵᠤ ᠢᠷᠡᠬᠦ ᠳᠡᠭᠡᠨ᠂ ᠬᠥᠭᠵᠢᠮ ᠪᠥᠵᠢᠭ ᠦᠨ ᠴᠢᠮᠡᠭᠡ ᠶᠢ ᠰᠣᠨᠣᠰᠣᠭᠠᠳ᠂ 26 ᠵᠠᠷᠤᠴᠠ ᠨᠠᠷ ᠤᠨ ᠢᠶᠠᠨ ᠨᠢᠭᠡ ᠶᠢ ᠳᠠᠭᠤᠳᠠᠵᠤ ᠶᠠᠭᠤ ᠪᠣᠯᠵᠤ ᠪᠠᠢᠬᠤ ᠶᠢ ᠠᠰᠠᠭᠤᠵᠠᠢ᠃ 27 ᠵᠠᠷᠤᠴᠠ ᠨᠢ᠄ 〈ᠳᠡᠭᠦᠦ ᠴᠢᠨᠢ ᠬᠠᠷᠢᠵᠤ ᠢᠷᠡᠭᠰᠡᠨ᠂ ᠠᠪᠤ ᠴᠢᠨᠢ ᠡᠷᠡᠭᠦᠯ ᠮᠡᠨᠳᠦ ᠪᠡᠷ ᠢᠷᠡᠭᠰᠡᠨ ᠲᠡᠭᠦᠨ ᠢ ᠤᠭᠳᠤᠵᠤ ᠲᠠᠷᠭᠤᠨ ᠲᠤᠭᠤᠯ ᠨᠢᠳᠤᠯᠤᠭᠤᠯᠪᠠ〉 ᠭᠡᠵᠦ ᠬᠡᠯᠡᠭᠰᠡᠨ ᠳᠦ᠂ 28 ᠠᠬ᠎ᠠ ᠨᠢ ᠠᠭᠤᠷᠯᠠᠭᠠᠳ ᠭᠡᠷ ᠲᠡᠭᠡᠨ ᠣᠷᠣᠬᠤ ᠦᠭᠡᠢ ᠪᠠᠢᠯ᠎ᠠ᠃ ᠠᠪᠤ ᠨᠢ ᠭᠠᠷᠴᠤ ᠢᠷᠡᠭᠡᠳ ᠲᠡᠭᠦᠨ ᠢ ᠠᠷᠭᠠᠳᠠᠭᠰᠠᠨ ᠳᠤ᠂ 29 ᠲᠡᠷᠡ᠄ 〈ᠬᠠᠷᠠ ᠳᠠ᠂ ᠪᠢ ᠡᠴᠢᠨᠡᠨ ᠵᠢᠯ ᠲᠠᠨ ᠳᠤ ᠵᠠᠷᠤᠭᠳᠠᠯ᠎ᠠ᠂ ᠲᠠᠨ ᠤ ᠵᠠᠷᠯᠢᠭ ᠢ ᠪᠢ ᠶᠡᠷᠦ ᠵᠥᠷᠢᠴᠡᠭᠡ ᠦᠭᠡᠢ᠃ ᠭᠡᠪᠡᠴᠦ ᠲᠠ ᠨᠠᠳᠠ ᠳᠤ᠄ 〈ᠨᠥᠬᠥᠳ ᠲᠡᠢ ᠪᠡᠨ ᠨᠠᠢᠷᠯᠠ〉 ᠭᠡᠵᠦ ᠭᠠᠭᠴᠠ ᠢᠰᠢᠭᠡ ᠴᠤ ᠥᠭᠴᠦ ᠪᠠᠢᠭ᠎ᠠ ᠦᠭᠡᠢ᠃ 30 ᠬᠠᠷᠢᠨ ᠬᠥᠷᠥᠩᠭᠡ ᠶᠢ ᠴᠢᠨᠢ ᠶᠠᠩ᠋ᠬᠠᠨ ᠨᠤᠭᠤᠳ ᠲᠠᠢ ᠨᠡᠢᠯᠡᠵᠦ ᠢᠳᠡᠴᠢᠭᠡᠭᠰᠡᠨ ᠡᠨᠡ ᠬᠦᠦ ᠪᠡᠨ ᠢᠷᠡᠬᠦ ᠳᠦ᠂ ᠲᠡᠭᠦᠨ ᠦ ᠲᠥᠯᠥᠭᠡ ᠲᠠᠷᠭᠤᠨ ᠲᠤᠭᠤᠯ ᠨᠢᠲᠤᠯᠵᠤ ᠥᠭᠭᠥᠭᠰᠡᠨ ᠶᠤᠮ ᠪᠠᠢᠨ᠎ᠠ〉 ᠭᠡᠬᠦ ᠳᠦ᠂ 31 ᠡᠴᠢᠭᠡ ᠨᠢ᠄ 〈ᠮᠢᠨᠦ ᠬᠦᠦ᠂ ᠴᠢ ᠨᠠᠳᠠ ᠲᠠᠢ ᠦᠷᠭᠦᠯᠵᠢ ᠬᠠᠮᠲᠤ ᠪᠠᠢᠳᠠᠭ᠂ ᠮᠢᠨᠦ ᠶᠠᠭᠤᠮ᠎ᠠ ᠪᠦᠬᠦᠨ ᠴᠢᠨᠦᠬᠢ ᠰᠢᠦ ᠳᠠ᠃ 32 ᠬᠠᠷᠢᠨ ᠡᠨᠡ ᠳᠡᠭᠦᠦ ᠴᠢᠨᠢ ᠦᠬᠦᠭᠡᠳ ᠠᠮᠢᠯᠠᠵᠤ᠂ ᠠᠯᠳᠠᠭᠳᠠᠭᠠᠳ ᠣᠯᠳᠠᠭᠰᠠᠨ ᠲᠤᠯᠠ ᠪᠢᠳᠡ ᠨᠠᠢᠷᠯᠠᠬᠤ ᠤᠴᠢᠷ ᠲᠠᠢ〉》 ᠭᠡᠵᠡᠢ᠃