ᠯᠦᠺ ᠲᠠᠪᠤ
ᠠᠩ᠋ᠬᠠᠨ ᠤ ᠱᠠᠪᠢ ᠨᠠᠷ
1 ᠨᠢᠭᠡᠨ ᠡᠳᠦᠷ ᠢᠰᠦ᠋ᠰ ᠭᠧᠨᠧᠰᠠᠷᠧᠲ ᠨᠠᠭᠤᠷ 6 ᠤᠨ ᠬᠥᠪᠡᠭᠡᠨ ᠳᠦ ᠵᠣᠭᠰᠣᠵᠤ ᠪᠠᠢᠪᠠ᠃ ᠣᠯᠠᠨ ᠬᠥᠮᠦᠨ ᠲᠡᠭᠦᠨ ᠡᠴᠡ ᠪᠤᠷᠬᠠᠨ ᠤ ᠦᠭᠡ ᠶᠢ ᠰᠣᠨᠣᠰᠴᠤ ᠲᠡᠭᠦᠨ ᠦ ᠵᠦᠭ ᠰᠢᠬᠠᠯᠴᠠᠵᠤ ᠪᠠᠢᠬᠤ ᠳᠤ᠂ 2 ᠲᠡᠷᠡ ᠪᠡᠷ ᠨᠠᠭᠤᠷ ᠤᠨ ᠬᠥᠪᠡᠭᠡᠨ ᠳᠠᠬᠢ ᠬᠣᠶᠠᠷ ᠵᠠᠪᠢ ᠶᠢ ᠣᠯᠵᠤ ᠦᠵᠡᠵᠡᠢ᠃ ᠵᠢᠭᠠᠰᠤᠴᠢᠳ ᠨᠢ ᠵᠠᠪᠢ ᠡᠴᠡ ᠪᠡᠨ ᠪᠠᠭᠤᠭᠠᠳ ᠲᠣᠣᠷ ᠢᠶᠠᠨ ᠤᠬᠢᠶᠠᠵᠤ ᠪᠠᠢᠯ᠎ᠠ᠃ 3 ᠨᠢᠭᠡ ᠵᠠᠪᠢ ᠨᠢ ᠰᠢᠮᠣᠨ ᠤ ᠬᠢ ᠪᠠᠢᠵᠠᠢ᠃ ᠢᠰᠦ᠋ᠰ ᠲᠡᠭᠦᠨ ᠦ ᠵᠠᠪᠢ ᠳᠡᠭᠡᠷ᠎ᠡ ᠭᠠᠷᠤᠭᠠᠳ ᠡᠷᠭᠢ ᠡᠴᠡ ᠵᠢᠭᠠᠬᠠᠨ ᠬᠣᠯᠠᠳᠠᠭᠤᠯᠬᠤ ᠶᠢ ᠭᠤᠶᠤᠭᠰᠠᠨ ᠢᠶᠠᠨ ᠰᠠᠭᠤᠵᠤ᠂ ᠵᠠᠪᠢ ᠳᠡᠭᠡᠷ᠎ᠡ ᠡᠴᠡ ᠣᠯᠠᠨ ᠬᠥᠮᠦᠨ ᠳᠦ ᠵᠢᠭᠠᠵᠤ ᠡᠬᠢᠯᠡᠯ᠎ᠡ᠃ 4 ᠢᠰᠦ᠋ᠰ ᠠᠢᠯᠠᠳᠴᠤ ᠳᠠᠭᠤᠰᠤᠭᠠᠳ᠂ ᠰᠢᠮᠣᠨ ᠳᠤ᠄ 《ᠭᠦᠨ ᠤᠷᠤᠭᠤ ᠶᠠᠪᠤᠵᠤ ᠲᠣᠣᠷ ᠢᠶᠠᠨ ᠬᠠᠶᠠ᠂ ᠵᠢᠭᠠᠰᠤ ᠪᠠᠷᠢ》 ᠭᠡᠬᠦ ᠳᠦ 5 ᠰᠢᠮᠣᠨ᠄ 《ᠪᠠᠭᠰᠢ ᠡ᠂ ᠪᠢᠳᠡ ᠰᠥᠨᠢᠵᠢᠨ ᠵᠦᠳᠡᠷᠡᠭᠡᠳ ᠶᠠᠭᠤ ᠴᠤ ᠣᠯᠣᠭᠰᠠᠨ ᠦᠭᠡᠢ᠂ ᠭᠡᠪᠡᠴᠦ ᠲᠠᠨ ᠤ ᠦᠭᠡ ᠪᠡᠷ ᠲᠣᠣᠷ ᠢᠶᠠᠨ ᠬᠠᠶᠠᠵᠤ ᠦᠵᠡᠶ᠎ᠡ ᠯᠠ ᠳᠠ》 ᠭᠡᠵᠦ ᠬᠠᠷᠢᠭᠤᠯᠪᠠ᠃ 6 ᠢᠩᠭᠢᠭᠡᠳ ᠲᠡᠳᠡ ᠮᠠᠰᠢ ᠣᠯᠠᠨ ᠵᠢᠭᠠᠰᠤ ᠪᠠᠷᠢᠭᠰᠠᠨ ᠳᠤ᠂ ᠲᠣᠣᠷ ᠨᠢ ᠤᠷᠠᠭᠳᠠᠵᠤ ᠡᠬᠢᠯᠡᠪᠡ᠃ 7 ᠲᠡᠭᠡᠭᠡᠳ ᠨᠥᠭᠥᠭᠡ ᠵᠠᠪᠢ ᠳᠡᠭᠡᠷᠡᠬᠢ ᠨᠥᠬᠥᠳ ᠢᠶᠡᠷ ᠢᠶᠠᠨ ᠲᠤᠰᠠᠯᠠᠭᠤᠯᠬᠤ ᠭᠡᠵᠦ ᠳᠠᠯᠠᠯᠬᠤ ᠳᠤ᠂ ᠲᠡᠳᠡ ᠢᠷᠡᠭᠡᠳ ᠬᠣᠶᠠᠷ ᠵᠠᠪᠢ ᠶᠢ ᠳᠦᠭᠦᠷᠭᠡᠪᠡ᠃ ᠵᠠᠪᠢ ᠨᠢ ᠵᠢᠪᠪᠦᠮᠡᠷ ᠪᠣᠯᠣᠯ᠎ᠠ᠃ 8 ᠰᠢᠮᠣᠨ ᠫᠧᠲ᠋ᠧᠷ ᠡᠭᠦᠨ ᠢ ᠬᠠᠷᠠᠭᠠᠳ᠂ ᠢᠰᠦ᠋ᠰ ᠤᠨ ᠡᠪᠦᠳᠦᠭ ᠳᠣᠣᠷ᠎ᠠ ᠡᠯᠢᠭᠡᠳᠡᠨ ᠤᠨᠠᠵᠤ᠄ 《ᠡᠵᠡᠨ ᠡ᠂ ᠪᠢ ᠨᠢᠭᠦᠯ ᠲᠡᠢ ᠬᠥᠮᠦᠨ ᠪᠠᠢᠨ᠎ᠠ᠂ ᠨᠠᠳᠠ ᠠᠴᠠ ᠬᠣᠯᠠᠳᠠᠭᠠᠴᠢ》 ᠭᠡᠯᠡ᠃ 9 ᠤᠴᠢᠷ ᠨᠢ ᠫᠧᠲ᠋ᠧᠷ ᠪᠣᠯᠣᠨ ᠲᠡᠭᠦᠨ ᠲᠡᠢ ᠬᠠᠮᠲᠤ ᠪᠠᠢᠭᠰᠠᠳ ᠪᠦᠭᠦᠳᠡᠭᠡᠷ ᠢᠶᠡᠨ ᠡᠢᠨ ᠬᠦ ᠵᠢᠭᠠᠰᠤ ᠪᠠᠷᠢᠭᠰᠠᠨ ᠳᠠᠭᠠᠨ ᠠᠶᠤᠨ ᠰᠣᠴᠢᠵᠠᠢ᠃ 10 ᠰᠢᠮᠣᠨ ᠲᠠᠢ ᠬᠣᠷᠰᠢᠭᠴᠢ ᠽᠧᠪᠧᠳᠠᠢ ᠶᠢᠨ ᠬᠣᠶᠠᠷ ᠬᠦᠦ ᠶᠠᠺᠣᠪ᠂ ᠶᠣᠬᠠᠨ ᠨᠠᠷ ᠴᠤ ᠭᠠᠢᠬᠠᠵᠤ ᠪᠠᠢᠯ᠎ᠠ᠃ ᠢᠰᠦ᠋ᠰ ᠰᠢᠮᠣᠨ ᠳᠤ᠄ 《ᠪᠦᠦ ᠠᠶᠤ︕ ᠡᠭᠦᠨ ᠡᠴᠡ ᠬᠣᠢᠰᠢ ᠴᠢ ᠬᠥᠮᠦᠨ ᠤᠯᠳᠠᠭ ᠪᠣᠯᠣᠨ᠎ᠠ》 ᠭᠡᠪᠡ᠃ 11 ᠲᠡᠳᠡ ᠵᠠᠪᠢ ᠪᠠᠨ ᠬᠥᠪᠡᠭᠡᠨ ᠳᠦ ᠬᠦᠷᠭᠡᠭᠡᠳ᠂ ᠪᠦᠬᠦᠨ ᠢᠶᠡᠨ ᠣᠷᠬᠢᠵᠤ ᠢᠰᠦ᠋ᠰ ᠢ ᠳᠠᠭᠠᠯ᠎ᠠ᠃
ᠤᠶᠠᠮᠠᠨ ᠡᠪᠡᠳᠴᠢᠲᠡᠨ ᠪᠠ ᠰᠠ ᠡᠪᠡᠳᠴᠢᠲᠡᠨ
12 ᠢᠰᠦ᠋ᠰ ᠨᠢᠭᠡᠨ ᠲᠣᠰᠬᠣᠨ ᠳᠤ ᠪᠠᠢᠬᠤ ᠳᠤ᠂ ᠥᠪᠴᠢ ᠪᠡᠶ᠎ᠡ ᠤᠶᠠᠮᠠᠨ 7 ᠡᠪᠡᠳᠴᠢᠨ ᠲᠡᠢ ᠨᠢᠭᠡ ᠬᠥᠮᠦᠨ ᠲᠡᠭᠦᠨ ᠢ ᠦᠵᠡᠭᠡᠳ ᠭᠠᠵᠠᠷ ᠲᠤ ᠨᠢᠭᠤᠷ ᠢᠶᠠᠨ ᠨᠠᠭᠠᠵᠤ᠄ 《ᠡᠵᠡᠨ ᠡ᠂ ᠲᠠ ᠬᠦᠰᠡᠳᠡᠭ ᠯᠠ ᠶᠤᠮ ᠪᠣᠯ ᠨᠠᠮᠠᠶᠢ ᠴᠡᠪᠡᠷᠰᠢᠭᠦᠯᠵᠦ ᠴᠢᠳᠠᠨ᠎ᠠ》 ᠭᠡᠵᠦ ᠭᠤᠶᠤᠯ᠎ᠠ᠃ 13 ᠢᠰᠦ᠋ᠰ ᠮᠤᠲᠤᠷ ᠢᠶᠠᠨ ᠰᠤᠩ᠋ᠭᠠᠨ ᠲᠡᠭᠦᠨ ᠳᠦ ᠬᠦᠷᠭᠡᠵᠦ᠄ 《ᠪᠢ ᠬᠦᠰᠡᠵᠦ ᠪᠠᠢᠨ᠎ᠠ᠂ ᠴᠡᠪᠡᠷᠰᠢ》 ᠭᠡᠬᠦ ᠳᠦ᠂ ᠥᠨᠥᠬᠢ ᠬᠥᠮᠦᠨ ᠦ ᠤᠶᠠᠮᠠᠨ ᠡᠪᠡᠳᠴᠢᠨ ᠲᠡᠷᠡ ᠳᠠᠷᠤᠢ ᠠᠷᠢᠯᠤᠯ᠎ᠠ᠃ 14 ᠢᠰᠦ᠋ᠰ ᠲᠡᠭᠦᠨ ᠳᠦ ᠵᠠᠬᠢᠵᠤ᠄ 《ᠡᠭᠦᠨ ᠢ ᠬᠡᠨ ᠳᠦ ᠴᠤ ᠪᠢᠲᠡᠭᠡᠢ ᠶᠠᠷᠢᠭᠠᠷᠠᠢ᠃ ᠬᠠᠷᠢᠨ ᠲᠠᠬᠢᠯᠴᠢ ᠳᠤ ᠣᠴᠢᠭᠠᠳ ᠪᠡᠶ᠎ᠡ ᠪᠡᠨ ᠦᠵᠡᠭᠦᠯᠵᠦ᠂ ᠴᠡᠪᠡᠷᠰᠢᠭᠰᠡᠨ ᠬᠥᠮᠦᠨ ᠦ ᠲᠤᠬᠠᠢ ᠮᠣᠰᠧ ᠶᠢᠨ ᠵᠠᠬᠢᠭᠰᠠᠨ ᠶᠣᠰᠣᠭᠠᠷ ᠡᠷᠭᠦᠯ ᠡᠷᠭᠦ᠂ ᠡᠢᠨ ᠬᠦ ᠴᠡᠪᠡᠷᠰᠢᠭᠰᠡᠨ ᠢᠶᠡᠨ ᠭᠡᠷᠡᠴᠢᠯᠡ》 ᠭᠡᠪᠡ᠃ 15 ᠢᠰᠦ᠋ᠰ ᠤᠨ ᠲᠤᠬᠠᠢ ᠶᠠᠷᠢᠶ᠎ᠠ ᠤᠯᠠᠮ ᠢᠶᠠᠷ ᠲᠠᠷᠬᠠᠵᠤ᠂ ᠮᠠᠰᠢ ᠣᠯᠠᠨ ᠬᠥᠮᠦᠨ ᠲᠡᠭᠦᠨ ᠦ ᠬᠢ ᠶᠢ ᠰᠣᠨᠣᠰᠬᠤ ᠪᠠ ᠡᠪᠡᠳᠴᠢᠨ ᠢᠶᠠᠨ ᠵᠠᠰᠠᠭᠤᠯᠬᠤ ᠭᠡᠵᠦ ᠴᠤᠭᠯᠠᠷᠠᠵᠤ ᠪᠠᠢᠯ᠎ᠠ᠃ 16 ᠬᠠᠷᠢᠨ ᠢᠰᠦ᠋ᠰ ᠡᠵᠡᠭᠦᠢ ᠭᠠᠵᠠᠷ ᠢᠶᠠᠷ ᠵᠠᠢᠯᠠᠵᠤ ᠳᠠᠭᠠᠳᠬᠠᠳᠠᠭ ᠪᠠᠢᠪᠠ᠃
17 ᠨᠢᠭᠡᠨ ᠡᠳᠦᠷ ᠢᠰᠦ᠋ᠰ ᠰᠤᠷᠭᠠᠯ ᠵᠢᠭᠠᠵᠤ ᠪᠠᠢᠬᠤ ᠳᠤ᠂ ᠹᠠᠷᠢᠰᠠᠢᠴᠤᠳ ᠪᠣᠯᠣᠨ ᠬᠠᠤᠯᠢ ᠶᠢᠨ ᠪᠠᠭᠰᠢ ᠨᠠᠷ ᠴᠤ ᠲᠡᠨᠳᠡ ᠰᠠᠭᠤᠵᠤ ᠪᠠᠢᠵᠠᠢ᠃ ᠲᠡᠳᠡ ᠭᠠᠯᠢᠯᠠᠶ᠎ᠠ᠂ ᠶᠦᠳᠠᠢ᠂ ᠶᠧᠷᠦ᠋ᠰᠠᠯᠧᠮ ᠤᠨ ᠲᠣᠰᠬᠣᠨ ᠪᠦᠷᠢ ᠡᠴᠡ ᠢᠷᠡᠭᠰᠡᠨ ᠠᠵᠢ᠃ ᠡᠪᠡᠳᠴᠢᠨ ᠡᠳᠡᠭᠡᠭᠡᠬᠦ ᠡᠵᠡᠨ ᠦ ᠬᠦᠴᠦ ᠢᠰᠦ᠋ᠰ ᠲᠠᠢ ᠬᠠᠮᠲᠤ ᠪᠠᠢᠯ᠎ᠠ᠃ 18 ᠲᠡᠭᠡᠲᠡᠯ᠎ᠡ ᠬᠡᠳᠦᠨ ᠡᠷ᠎ᠡ ᠨᠢᠭᠡᠨ ᠰᠠ ᠡᠪᠡᠳᠴᠢᠲᠡᠨ ᠢ ᠳᠡᠪᠢᠰᠬᠡᠷ ᠲᠡᠢ ᠨᠢ ᠠᠪᠴᠢᠷᠠᠪᠠ᠃ ᠲᠡᠳᠡ ᠡᠪᠡᠳᠴᠢᠲᠡᠨ ᠢ ᠢᠰᠦ᠋ᠰ ᠤᠨ ᠡᠮᠦᠨ᠎ᠡ ᠲᠠᠯᠪᠢᠬᠤ ᠪᠠᠷ ᠳᠣᠲᠣᠭᠰᠢ ᠣᠷᠣᠭᠤᠯᠬᠤ ᠭᠡᠰᠡᠨ ᠪᠣᠯᠪᠠᠴᠤ 19 ᠬᠥᠮᠦᠨ ᠣᠯᠠᠨ᠂ ᠣᠷᠣᠬᠤ ᠪᠣᠯᠣᠮᠵᠢ ᠦᠭᠡᠢ ᠪᠣᠯᠬᠣᠷ ᠳᠡᠭᠡᠪᠦᠷ ᠳᠡᠭᠡᠷ᠎ᠡ ᠭᠠᠷᠴᠤ᠂ ᠳᠡᠭᠡᠪᠦᠷ ᠦᠨ ᠨᠦᠬᠡ ᠪᠡᠷ ᠳᠡᠪᠢᠰᠬᠡᠷ ᠲᠡᠢ ᠨᠢ ᠣᠯᠠᠨ ᠤ ᠳᠤᠮᠳᠠ ᠢᠰᠦ᠋ᠰ ᠤᠨ ᠡᠮᠦᠨ᠎ᠡ ᠪᠠᠭᠤᠯᠭᠠᠪᠠ᠃ 20 ᠢᠰᠦ᠋ᠰ ᠲᠡᠳᠡᠨ ᠦ ᠢᠲᠡᠭᠡᠯ ᠢ ᠬᠠᠷᠠᠭᠠᠳ᠄ 《ᠠᠨᠳᠠ ᠮᠢᠨᠢ᠂ ᠭᠡᠮ ᠨᠢᠭᠦᠯ ᠴᠢᠨᠢ ᠠᠭᠤᠴᠢᠯᠠᠭᠲᠠᠯ᠎ᠠ》 ᠭᠡᠬᠦ ᠳᠦ᠂ 21 ᠬᠠᠤᠯᠢ ᠶᠢᠨ ᠪᠠᠭᠰᠢ ᠨᠠᠷ ᠪᠣᠯᠣᠨ ᠹᠠᠷᠢᠰᠠᠢᠴᠤᠳ᠄ 《ᠪᠤᠷᠬᠠᠨ ᠢ ᠳᠣᠷᠣᠮᠵᠢᠯᠠᠨ ᠶᠠᠷᠢᠵᠤ ᠪᠠᠢᠭ᠎ᠠ ᠡᠨᠡ ᠬᠥᠮᠦᠨ ᠴᠢᠨᠢ ᠬᠡᠨ ᠪᠤᠢ︖ ᠭᠠᠭᠴᠠ ᠬᠦ ᠪᠤᠷᠬᠠᠨ ᠠᠴᠠ ᠥᠭᠡᠷ᠎ᠡ ᠬᠡᠨ ᠭᠡᠮ ᠨᠢᠭᠦᠯ ᠢ ᠠᠭᠤᠴᠢᠯᠠᠵᠤ ᠴᠢᠳᠠᠬᠤ ᠪᠢᠯᠡ︖》 ᠭᠡᠵᠦ ᠳᠣᠲᠣᠷ᠎ᠠ ᠪᠠᠨ ᠪᠣᠳᠣᠵᠠᠭᠠᠵᠠᠢ᠃ 22 ᠢᠰᠦ᠋ᠰ ᠲᠡᠳᠡᠨ ᠦ ᠪᠣᠳᠣᠯ ᠢ ᠮᠡᠳᠡᠭᠡᠳ᠄ 《ᠲᠠ ᠨᠠᠷ ᠶᠠᠭᠠᠬᠢᠭᠠᠳ ᠳᠣᠲᠣᠷ᠎ᠠ ᠪᠠᠨ ᠲᠡᠭᠡᠵᠦ ᠪᠣᠳᠣᠵᠤ ᠪᠠᠢᠭ᠎ᠠ ᠪᠤᠢ︖ 23 〈ᠭᠡᠮ ᠨᠢᠭᠦᠯ ᠴᠢᠨᠢ ᠠᠭᠤᠴᠢᠯᠠᠭᠲᠠᠯ᠎ᠠ〉 ᠭᠡᠬᠦ᠂ ᠡᠰᠡᠬᠦᠯ᠎ᠡ 〈ᠪᠣᠰᠣᠭᠠᠳ ᠠᠯᠬᠤ〉 ᠭᠡᠬᠦ ᠶᠢᠨ ᠠᠯᠢ ᠨᠢ ᠠᠮᠠᠷᠬᠠᠨ ᠪᠤᠢ︖ 24 ᠬᠠᠷᠢᠨ ᠬᠥᠮᠦᠨ ᠦ ᠬᠦᠦ ᠭᠠᠵᠠᠷ ᠳᠡᠭᠡᠷ᠎ᠡ ᠭᠡᠮ ᠨᠢᠭᠦᠯ ᠢ ᠠᠭᠤᠴᠢᠯᠠᠬᠤ ᠡᠷᠬᠡ ᠮᠡᠳᠡᠯ ᠲᠡᠢ ᠶᠢ ᠲᠠ ᠨᠠᠷ ᠲᠤ ᠮᠡᠳᠡᠭᠦᠯᠬᠦ ᠶᠢᠨ ᠲᠤᠯᠠᠳᠠ᠁》 ᠭᠡᠳ᠂ ᠰᠠ ᠡᠪᠡᠳᠴᠢᠲᠡᠨ ᠳᠦ᠄ 《ᠴᠢᠮ᠎ᠠ ᠳᠤ ᠬᠡᠯᠡᠶ᠎ᠡ᠂ ᠪᠣᠰ︕ ᠳᠡᠪᠢᠰᠬᠡᠷ ᠢᠶᠡᠨ ᠠᠪᠤᠭᠠᠳ ᠭᠡᠷ ᠲᠡᠭᠡᠨ ᠬᠠᠷᠢ》 ᠭᠡᠪᠡ᠃ 25 ᠥᠨᠥᠬᠢ ᠬᠥᠮᠦᠨ ᠲᠡᠷᠡ ᠳᠠᠷᠤᠢ ᠣᠯᠠᠨ ᠤ ᠡᠮᠦᠨ᠎ᠡ ᠪᠣᠰᠴᠤ᠂ ᠬᠡᠪᠲᠡᠵᠦ ᠪᠠᠢᠭᠰᠠᠨ ᠳᠡᠪᠢᠰᠬᠡᠷ ᠢᠶᠡᠨ ᠠᠪᠤᠭᠠᠳ ᠪᠤᠷᠬᠠᠨ ᠢ ᠮᠠᠭᠲᠠᠭᠰᠠᠭᠠᠷ ᠭᠡᠷ ᠤᠷᠤᠭᠤ ᠪᠠᠨ ᠶᠠᠪᠤᠯ᠎ᠠ᠃ 26 ᠬᠥᠮᠦᠨ ᠪᠦᠬᠦᠨ ᠮᠡᠯᠡᠷᠡᠨ ᠭᠠᠢᠬᠠᠵᠤ᠂ ᠪᠤᠷᠬᠠᠨ ᠢ ᠠᠯᠳᠠᠷᠰᠢᠭᠤᠯᠤᠭᠰᠠᠨ ᠪᠥᠭᠡᠳ ᠶᠡᠬᠡᠳᠡ ᠠᠶᠤᠵᠤ᠄ 《ᠪᠢᠳᠡ ᠥᠨᠥᠳᠥᠷ ᠭᠠᠢᠬᠠᠯᠲᠠᠢ ᠵᠦᠢᠯᠡᠰ ᠢ ᠬᠠᠷᠠᠯ᠎ᠠ》 ᠭᠡᠵᠡᠭᠡᠪᠡ᠃
ᠯᠧᠸᠢ (ᠮᠠᠲ᠋ᠠᠢ) ᠶᠢ ᠳᠠᠭᠤᠳᠠᠭᠰᠠᠨ ᠨᠢ
27 ᠳᠠᠷᠠᠭ᠎ᠠ ᠨᠢ ᠢᠰᠦ᠋ᠰ ᠲᠡᠨᠳᠡ ᠡᠴᠡ ᠭᠠᠷᠴᠤ᠂ ᠯᠧᠸᠢ ᠭᠡᠬᠦ ᠭᠠᠢᠯᠢᠴᠢᠨ ᠤ ᠭᠠᠢᠯᠢ ᠶᠢᠨ ᠭᠠᠵᠠᠷ ᠲᠤ ᠰᠠᠭᠤᠭ᠎ᠠ ᠶᠢ ᠬᠠᠷᠠᠭᠠᠳ᠄ 《ᠨᠠᠮᠠᠶᠢ ᠳᠠᠭ᠎ᠠ》 ᠭᠡᠬᠦ ᠳᠦ᠂ 28 ᠲᠡᠷᠡ ᠪᠦᠬᠦᠨ ᠢᠶᠡᠨ ᠣᠷᠬᠢᠵᠤ ᠲᠡᠭᠦᠨ ᠢ ᠳᠠᠭᠠᠯ᠎ᠠ᠃
29 ᠯᠧᠸᠢ ᠢᠰᠦ᠋ᠰ ᠲᠤ ᠵᠣᠷᠢᠭᠤᠯᠤᠨ ᠭᠡᠷ ᠲᠡᠭᠡᠨ ᠶᠡᠬᠡ ᠳᠠᠢᠯᠠᠯᠭ᠎ᠠ ᠬᠢᠬᠦ ᠳᠦ᠂ ᠣᠯᠠᠨ ᠭᠠᠢᠯᠢᠴᠢᠨ ᠪᠣᠯᠣᠨ ᠥᠭᠡᠷ᠎ᠡ ᠮᠠᠰᠢ ᠣᠯᠠᠨ ᠬᠥᠮᠦᠨ ᠲᠡᠳᠡᠨ ᠲᠡᠢ ᠬᠠᠮᠲᠤ ᠬᠣᠭᠣᠯᠠᠯᠠᠵᠤ ᠪᠠᠢᠯ᠎ᠠ᠃ 30 ᠹᠠᠷᠢᠰᠠᠢᠴᠤᠳ ᠪᠣᠯᠣᠨ ᠲᠡᠳᠡᠨ ᠦ ᠬᠠᠤᠯᠢ ᠶᠢᠨ ᠪᠠᠭᠰᠢ ᠨᠠᠷ ᠢᠰᠦ᠋ᠰ ᠤᠨ ᠱᠠᠪᠢ ᠨᠠᠷ ᠲᠤ ᠳᠤᠷ᠎ᠠ ᠦᠭᠡᠶᠢᠴᠡᠨ᠄ 《ᠲᠠ ᠨᠠᠷ ᠴᠢᠨᠢ ᠶᠠᠭᠠᠬᠢᠭᠠᠳ ᠭᠠᠢᠯᠢᠴᠢᠳ ᠪᠣᠯᠣᠨ 〈ᠨᠢᠭᠦᠯᠲᠡᠳ〉 ᠲᠠᠢ ᠬᠠᠮᠲᠤ ᠢᠳᠡᠵᠦ ᠤᠤᠭᠤᠳᠠᠭ ᠶᠤᠮ ᠪᠤᠢ︖》 ᠭᠡᠵᠦ ᠬᠡᠯᠡᠬᠦ ᠳᠦ᠂ 31 ᠢᠰᠦ᠋ᠰ ᠲᠡᠳᠡᠨ ᠳᠦ᠄ 《ᠡᠷᠡᠭᠦᠯ ᠬᠥᠮᠦᠨ ᠳᠦ ᠡᠮᠴᠢ ᠬᠡᠷᠡᠭ ᠦᠭᠡᠢ᠂ ᠡᠪᠡᠳᠴᠢᠨ ᠲᠡᠢ ᠬᠥᠮᠦᠨ ᠳᠦ ᠬᠡᠷᠡᠭ ᠲᠡᠢ᠃ 32 ᠪᠢ ᠵᠥᠪᠲᠡᠨ ᠢ ᠪᠢᠰᠢ᠂ ᠬᠠᠷᠢᠨ 〈ᠨᠢᠭᠦᠯᠲᠡᠳ〉 ᠢ ᠳᠠᠭᠤᠳᠠᠵᠤ ᠭᠡᠮᠰᠢᠭᠦᠯᠬᠦ ᠪᠡᠷ ᠢᠷᠡᠭᠰᠡᠨ ᠶᠤᠮ》 ᠭᠡᠪᠡ᠃
33 ᠲᠡᠳᠡ ᠢᠰᠦ᠋ᠰ ᠲᠤ᠄ 《ᠶᠣᠬᠠᠨ ᠤ ᠱᠠᠪᠢ ᠨᠠᠷ ᠣᠯᠠᠨᠲᠠ ᠪᠠᠴᠠᠭ ᠪᠠᠷᠢᠵᠤ ᠳᠠᠭᠠᠳᠬᠠᠳᠠᠭ᠂ ᠹᠠᠷᠢᠰᠠᠢᠴᠤᠳ ᠤᠨ ᠱᠠᠪᠢ ᠨᠠᠷ ᠴᠤ ᠮᠥᠨ ᠠᠳᠠᠯᠢ ᠪᠠᠢᠲᠠᠯ᠎ᠠ ᠲᠠᠨ ᠤ ᠱᠠᠪᠢ ᠨᠠᠷ ᠢᠳᠡᠵᠦ ᠤᠤᠭᠤᠵᠤ ᠯᠠ ᠪᠠᠢᠳᠠᠭ》 ᠭᠡᠵᠦ ᠬᠡᠯᠡᠬᠦ ᠳᠦ᠂ 34 ᠢᠰᠦ᠋ᠰ᠄ 《ᠬᠤᠷᠢᠮ ᠤᠨ ᠵᠣᠴᠢᠳ ᠰᠢᠨ᠎ᠡ ᠬᠦᠷᠭᠡᠨ ᠲᠡᠢ ᠪᠡᠨ ᠬᠠᠮᠲᠤ ᠪᠠᠢᠬᠤ ᠵᠠᠭᠤᠷ᠎ᠠ ᠲᠡᠳᠡᠨ ᠢ ᠪᠠᠴᠠᠭ ᠪᠠᠷᠢᠭᠤᠯᠵᠤ ᠪᠣᠯᠣᠨ᠎ᠠ ᠤᠤ︖ 35 ᠬᠠᠷᠢᠨ ᠰᠢᠨ᠎ᠡ ᠬᠦᠷᠭᠡᠨ ᠲᠡᠳᠡᠨ ᠡᠴᠡ ᠠᠪᠠᠴᠢᠭᠳᠠᠬᠤ ᠡᠳᠦᠷ ᠤᠳ ᠢᠷᠡᠨ᠎ᠡ᠃ ᠲᠡᠷᠡ ᠦᠶ᠎ᠡ ᠳᠦ ᠲᠡᠳᠡ ᠪᠠᠴᠠᠭ ᠪᠠᠷᠢᠬᠤ ᠪᠣᠯᠣᠨ᠎ᠠ》 ᠭᠡᠪᠡ᠃ 36 ᠲᠡᠭᠡᠭᠡᠳ ᠲᠡᠷᠡ ᠪᠠᠰᠠ ᠦᠯᠢᠭᠡᠷᠯᠡᠯ ᠢᠶᠡᠷ᠄ 《ᠰᠢᠨ᠎ᠡ ᠬᠤᠪᠴᠠᠰᠤᠨ ᠠᠴᠠ ᠤᠷᠠᠵᠤ ᠠᠪᠤᠭᠠᠳ ᠬᠠᠭᠤᠴᠢᠨ ᠬᠤᠪᠴᠠᠰᠤ ᠪᠠᠨ ᠨᠥᠬᠥᠬᠦ ᠬᠥᠮᠦᠨ ᠪᠠᠢᠬᠤ ᠦᠭᠡᠢ᠂ ᠲᠡᠭᠡᠪᠡᠯ ᠰᠢᠨ᠎ᠡ ᠬᠤᠪᠴᠠᠰᠤ ᠪᠠᠨ ᠤᠷᠠᠬᠤ ᠪᠠᠷ ᠪᠠᠷᠠᠬᠤ ᠦᠭᠡᠢ᠂ ᠰᠢᠨ᠎ᠡ ᠨᠥᠬᠥᠭᠡᠰᠦ ᠨᠢ ᠴᠤ ᠬᠠᠭᠤᠴᠢᠨ ᠬᠤᠪᠴᠠᠰᠤ ᠲᠠᠢ ᠵᠣᠬᠢᠷᠠᠬᠤ ᠦᠭᠡᠢ ᠶᠤᠮ᠃ 37 ᠮᠥᠨ ᠬᠡᠨ ᠴᠤ ᠰᠢᠨ᠎ᠡ ᠦᠵᠦᠮ ᠦᠨ ᠳᠠᠷᠠᠰᠤ ᠶᠢ ᠬᠠᠭᠤᠴᠢᠨ ᠲᠤᠯᠤᠮ ᠳᠤ ᠬᠢᠳᠡᠭ ᠦᠭᠡᠢ᠃ ᠲᠡᠭᠡᠪᠡᠯ ᠰᠢᠨ᠎ᠡ ᠳᠠᠷᠠᠰᠤ ᠲᠤᠯᠤᠮ ᠢ ᠬᠠᠭ᠎ᠠ ᠲᠠᠯᠪᠢᠵᠤ᠂ ᠳᠠᠷᠠᠰᠤ ᠨᠢ ᠠᠰᠬᠠᠭᠳᠠᠬᠤ ᠪᠥᠭᠡᠳ ᠲᠤᠯᠤᠮ ᠴᠤ ᠤᠷᠠᠭᠳᠠᠬᠤ ᠪᠣᠯᠣᠨ᠎ᠠ᠃ 38 ᠰᠢᠨ᠎ᠡ ᠦᠵᠦᠮ ᠦᠨ ᠳᠠᠷᠠᠰᠤ ᠶᠢ ᠰᠢᠨ᠎ᠡ ᠲᠤᠯᠤᠮ ᠳᠤ ᠯᠠ ᠬᠢᠬᠦ ᠶᠣᠰᠣᠲᠠᠢ᠃ 39 ᠬᠠᠭᠤᠴᠢᠨ ᠦᠵᠦᠮ ᠦᠨ ᠳᠠᠷᠠᠰᠤ ᠤᠤᠭᠤᠭᠰᠠᠨ ᠬᠥᠮᠦᠨ ᠪᠣᠯᠭᠠᠨ ᠰᠢᠨ᠎ᠡ ᠳᠠᠷᠠᠰᠤ ᠬᠦᠰᠡᠳᠡᠭ ᠦᠭᠡᠢ᠂ ᠬᠠᠷᠢᠨ 〈ᠬᠠᠭᠤᠴᠢᠨ ᠨᠢ ᠰᠠᠢᠨ〉 ᠭᠡᠵᠦ ᠬᠡᠯᠡᠨ᠎ᠡ》 ᠭᠡᠪᠡ᠃