1 2 3 4 5 6 7 8 9 10 11 12 13 14 15 16 17 18 19 20 21 22 23 24


ᠯᠦᠺ ᠠᠷᠪᠠ ᠶᠢᠰᠦ
 ᠭᠠᠢᠯᠢᠴᠢᠨ ᠽᠠᠺᠠᠬᠠᠢ ᠥᠭᠡᠷᠡᠴᠢᠯᠡᠭᠳᠡᠭᠰᠡᠨ ᠨᠢ

1 ᠢᠰᠦ᠋ᠰ ᠶᠧᠷᠢᠺᠣ ᠳᠤ ᠣᠷᠣᠭᠠᠳ ᠲᠡᠷᠡᠭᠦᠷ ᠥᠩᠭᠡᠷᠡᠬᠦ ᠦᠶ᠎ᠡ ᠳᠦ᠂ 2 ᠠᠩ᠋ᠬᠠᠷᠤᠭᠲᠤᠨ᠂ ᠭᠠᠢᠯᠢᠴᠢᠳ ᠤᠨ ᠳᠠᠷᠤᠭ᠎ᠠ ᠽᠠᠺᠠᠬᠠᠢ ᠭᠡᠳᠡᠭ ᠨᠡᠷ᠎ᠡ ᠲᠠᠢ ᠪᠠᠶᠠᠨ ᠬᠥᠮᠦᠨ 3 ᠢᠰᠦ᠋ᠰ ᠭᠡᠵᠦ ᠶᠠᠮᠠᠷ ᠬᠥᠮᠦᠨ ᠪᠣᠯᠬᠤ ᠶᠢ ᠬᠠᠷᠠᠬᠤ ᠭᠡᠰᠡᠨ ᠪᠣᠯᠪᠠᠴᠤ ᠬᠥᠮᠦᠨ ᠣᠯᠠᠨ᠂ ᠪᠡᠶ᠎ᠡ ᠨᠢ ᠪᠣᠭᠣᠨᠢᠬᠠᠨ ᠪᠣᠯᠬᠣᠷ ᠴᠢᠳᠠᠭᠰᠠᠨ ᠦᠭᠡᠢ᠃ 4 ᠡᠢᠮᠦ ᠡᠴᠡ ᠲᠡᠷᠡ ᠢᠰᠦ᠋ᠰ ᠢ ᠬᠠᠷᠠᠬᠤ ᠪᠠᠷ ᠲᠦᠷᠦᠭᠦᠯᠡᠨ ᠭᠦᠶᠦᠵᠦ᠂ ᠢᠯᠠᠮ᠎ᠠ ᠶᠢᠨ ᠮᠣᠳᠣᠨ ᠳᠡᠭᠡᠷ᠎ᠡ ᠠᠪᠠᠷᠢᠨ ᠭᠠᠷᠪᠠ᠃ ᠢᠰᠦ᠋ᠰ ᠲᠡᠷᠡᠭᠦᠷ ᠥᠩᠭᠡᠷᠡᠬᠦ ᠶᠤᠮ᠃ 5 ᠢᠰᠦ᠋ᠰ ᠲᠡᠨᠳᠡ ᠬᠦᠷᠦᠭᠡᠳ ᠳᠡᠭᠡᠭᠰᠢ ᠬᠠᠷᠠᠵᠤ᠄ 《ᠽᠠᠺᠠᠬᠠᠢ ᠡ᠂ ᠪᠤᠰᠢᠭᠤᠬᠠᠨ ᠪᠠᠭᠤᠭᠠᠳ ᠢᠷ᠎ᠡ︕ ᠥᠨᠥᠳᠥᠷ ᠪᠢ ᠲᠠᠨ ᠤ ᠳᠤ ᠪᠠᠭᠤᠳᠠᠯᠯᠠᠬᠤ ᠶᠣᠰᠣᠲᠠᠢ》 ᠭᠡᠰᠡᠨ ᠳᠦ᠂ 6 ᠲᠡᠷᠡ ᠪᠤᠰᠢᠭᠤᠬᠠᠨ ᠪᠠᠭᠤᠵᠤ ᠢᠷᠡᠭᠡᠳ ᠢᠰᠦ᠋ᠰ ᠢ ᠪᠠᠶᠠᠷ ᠲᠠᠢ ᠪᠠᠷ ᠤᠭᠲᠤᠨ ᠠᠪᠤᠯ᠎ᠠ᠃ 7 ᠪᠦᠬᠦ ᠬᠥᠮᠦᠨ ᠡᠭᠦᠨ ᠢ ᠦᠵᠡᠭᠡᠳ᠄ 《ᠲᠡᠷᠡ ᠨᠢᠭᠦᠯᠲᠦ ᠬᠥᠮᠦᠨ ᠦ ᠳᠦ ᠬᠣᠨᠣᠭᠯᠠᠬᠤ ᠪᠠᠷ ᠣᠷᠣᠯ᠎ᠠ》 ᠭᠡᠵᠦ ᠳᠦᠳᠦᠨᠡᠯᠳᠦᠪᠡ᠃ 8 ᠭᠡᠪᠡᠴᠦ ᠽᠠᠺᠠᠬᠠᠢ ᠪᠣᠰᠴᠤ ᠡᠵᠡᠨ ᠳᠦ᠄ 《ᠬᠠᠷᠠᠭᠠᠴᠢ᠂ ᠡᠵᠡᠨ ᠡ᠂ ᠪᠢ ᠬᠥᠷᠥᠩᠭᠡ ᠶᠢᠨ ᠢᠶᠠᠨ ᠬᠠᠭᠠᠰ ᠢ ᠶᠠᠳᠠᠭᠤᠰ ᠲᠤ ᠥᠭᠭᠥᠶ᠎ᠡ᠃ ᠬᠡᠷᠪᠡ ᠬᠥᠮᠦᠨ ᠢ ᠮᠡᠬᠡᠯᠡᠵᠦ ᠣᠯᠣᠭᠰᠠᠨ ᠠᠰᠢᠭ ᠪᠠᠢᠪᠠᠯ ᠪᠢ ᠳᠥᠷᠪᠡᠨ ᠳᠠᠬᠢᠨ ᠪᠤᠴᠠᠭᠠᠵᠤ ᠥᠭᠭᠥᠶ᠎ᠡ》 ᠭᠡᠰᠡᠨ ᠳᠦ᠂ 9 ᠢᠰᠦ᠋ᠰ ᠲᠡᠭᠦᠨ ᠳᠦ᠄ 《ᠥᠨᠥᠳᠥᠷ ᠡᠨᠡ ᠠᠢᠯ ᠳᠤ ᠠᠪᠤᠷᠠᠯ ᠢᠷᠡᠯ᠎ᠡ᠃ ᠤᠴᠢᠷ ᠨᠢ᠂ ᠡᠨᠡ ᠬᠥᠮᠦᠨ ᠴᠤ ᠠᠪᠷᠠᠬᠠᠮ ᠤᠨ ᠤᠳᠤᠮ ᠮᠥᠨ᠃ 10 ᠬᠥᠮᠦᠨ ᠦ ᠬᠦᠦ ᠠᠯᠳᠠᠭᠳᠠᠭᠰᠠᠨ ᠬᠥᠮᠦᠨ ᠢ ᠬᠠᠢᠵᠤ ᠠᠪᠤᠷᠠᠬᠤ ᠶᠢᠨ ᠲᠤᠯᠠᠳᠠ ᠢᠷᠡᠭᠰᠡᠨ ᠪᠢᠯᠡ》 ᠭᠡᠪᠡ᠃
 ᠠᠷᠪᠠᠨ ᠮᠢᠨᠠ ᠶᠢᠨ ᠦᠯᠢᠭᠡᠷᠯᠡᠯ

11 ᠬᠥᠮᠦᠰ ᠡᠭᠦᠨ ᠢ ᠰᠣᠨᠣᠰᠴᠤ ᠪᠠᠢᠬᠤ ᠳᠤ᠂ ᠲᠡᠷᠡ ᠪᠡᠷ ᠨᠢᠭᠡᠨ ᠦᠯᠢᠭᠡᠷᠯᠡᠯ ᠢ ᠨᠡᠮᠡᠵᠦ ᠶᠠᠷᠢᠪᠠ᠃ ᠤᠴᠢᠷ ᠨᠢ ᠢᠰᠦ᠋ᠰ ᠶᠧᠷᠦ᠋ᠰᠠᠯᠧᠮ ᠤᠨ ᠬᠠᠪᠢ ᠳᠤ ᠬᠦᠷᠦᠭᠡᠳ ᠪᠠᠢᠭᠰᠠᠨ ᠪᠥᠭᠡᠳ ᠲᠡᠳᠡ ᠪᠤᠷᠬᠠᠨ ᠤ ᠬᠠᠭᠠᠨᠴᠢᠯᠠᠯ ᠤᠳᠠᠬᠤ ᠦᠭᠡᠢ ᠢᠯᠡᠷᠡᠬᠦ ᠪᠣᠯᠣᠨ᠎ᠠ ᠭᠡᠵᠦ ᠪᠣᠳᠣᠵᠤ ᠪᠠᠢᠭᠰᠠᠨ ᠪᠢᠯᠡ᠃ 12 《ᠰᠤᠷᠪᠤᠯᠵᠢᠲᠤ ᠭᠠᠷᠤᠯ ᠲᠠᠢ ᠨᠢᠭᠡᠨ ᠬᠥᠮᠦᠨ ᠬᠠᠭᠠᠨᠴᠢᠯᠠᠬᠤ ᠡᠷᠬᠡ ᠮᠡᠳᠡᠯ ᠣᠯᠵᠤ ᠢᠷᠡᠶ᠎ᠡ ᠭᠡᠵᠦ ᠠᠯᠤᠰ ᠤᠨ ᠣᠷᠣᠨ ᠤᠷᠤᠭᠤ ᠶᠠᠪᠤᠬᠤ ᠪᠣᠯᠣᠭᠰᠠᠨ ᠳᠠᠭᠠᠨ 13 ᠠᠷᠪᠠᠨ ᠵᠠᠷᠤᠴᠠ ᠪᠠᠨ ᠳᠠᠭᠤᠳᠠᠨ ᠠᠷᠪᠠᠨ ᠮᠢᠨᠠ 22 ᠥᠭᠴᠦ᠄ 〈ᠨᠠᠮᠠᠶᠢ ᠢᠷᠡᠲᠡᠯ᠎ᠡ ᠡᠳᠡᠭᠡᠷ ᠢᠶᠡᠷ ᠮᠠᠢᠮᠠᠢ ᠬᠢᠵᠡᠭᠡ〉 ᠭᠡᠵᠡᠢ᠃ 14 ᠬᠠᠷᠢᠨ ᠢᠷᠭᠡᠳ ᠨᠢ ᠲᠡᠭᠦᠨ ᠳᠦ ᠳᠤᠷ᠎ᠠ ᠦᠭᠡᠶᠢᠴᠡᠵᠦ᠂ ᠠᠷᠤ ᠠᠴᠠ ᠨᠢ ᠡᠯᠴᠢ ᠪᠠᠨ ᠶᠠᠪᠤᠭᠤᠯᠤᠨ᠄ 〈ᠡᠨᠡ ᠬᠥᠮᠦᠨ ᠪᠢᠳᠡᠨ ᠦ ᠬᠠᠭᠠᠨ ᠪᠣᠯᠬᠤ ᠶᠢ ᠪᠢᠳᠡ ᠬᠦᠰᠡᠬᠦ ᠦᠭᠡᠢ〉 ᠬᠡᠮᠡᠨ ᠬᠡᠯᠡᠭᠦᠯᠵᠡᠢ᠃ 15 ᠭᠡᠪᠡᠴᠦ ᠲᠡᠷᠡ ᠬᠠᠭᠠᠨᠴᠢᠯᠠᠬᠤ ᠡᠷᠬᠡ ᠮᠡᠳᠡᠯ ᠬᠦᠯᠢᠶᠡᠨ ᠠᠪᠤᠭᠠᠳ ᠢᠷᠡᠭᠰᠡᠨ ᠪᠥᠭᠡᠳ ᠵᠣᠭᠣᠰ ᠠᠪᠤᠭᠰᠠᠨ ᠵᠠᠷᠤᠴᠠ ᠨᠠᠷ ᠢᠶᠠᠨ ᠳᠠᠭᠤᠳᠠᠭᠤᠯᠤᠭᠠᠳ ᠬᠡᠷᠬᠢᠨ ᠠᠰᠢᠭ ᠣᠯᠣᠭᠰᠠᠨ ᠢ ᠨᠢ ᠮᠡᠳᠡᠬᠦ ᠭᠡᠵᠡᠢ᠃ 16 ᠡᠬᠢᠨ ᠤ ᠵᠠᠷᠤᠴᠠ ᠢᠷᠡᠵᠦ᠄ 〈ᠨᠢᠭᠡ ᠮᠢᠨᠠ ᠲᠠᠨᠢ ᠠᠷᠪᠠᠨ ᠮᠢᠨᠠ ᠦᠷᠡᠵᠢᠵᠡᠢ〉 ᠭᠡᠰᠡᠨ ᠳᠦ᠂ 17 ᠡᠵᠡᠨ ᠨᠢ᠄ 〈ᠠᠱᠢᠭᠦᠢ ᠳᠠ᠂ ᠰᠠᠢᠨ ᠵᠠᠷᠤᠴᠠ ᠮᠢᠨᠢ᠂ ᠴᠢ ᠥᠴᠦᠬᠡᠨ ᠪᠠᠭ᠎ᠠ ᠳᠤ ᠦᠨᠡᠨᠴᠢ ᠪᠠᠢᠭᠰᠠᠨ ᠤᠴᠢᠷ ᠠᠴᠠ ᠠᠷᠪᠠᠨ ᠬᠣᠲᠠ ᠶᠢ ᠵᠠᠬᠢᠷᠬᠤ ᠮᠡᠳᠡᠯ ᠲᠡᠢ ᠪᠣᠯᠣᠨ᠎ᠠ〉 ᠭᠡᠪᠡ᠃ 18 ᠬᠣᠶᠠᠳᠠᠬᠢ ᠨᠢ ᠢᠷᠡᠵᠦ᠄ 〈ᠡᠵᠡᠨ ᠡ᠂ ᠨᠢᠭᠡ ᠮᠢᠨᠠ ᠲᠠᠨᠢ ᠲᠠᠪᠤᠨ ᠮᠢᠨᠠ ᠦᠷᠡᠵᠢᠵᠡᠢ〉 ᠭᠡᠬᠦ ᠳᠦ᠂ 19 ᠡᠵᠡᠨ ᠨᠢ᠄ 〈ᠴᠢ ᠲᠠᠪᠤᠨ ᠬᠣᠲᠠ ᠶᠢ ᠵᠠᠬᠢᠷᠬᠤ ᠪᠣᠯᠣᠨ᠎ᠠ〉 ᠭᠡᠯ᠎ᠡ᠃ 20 ᠥᠭᠡᠷ᠎ᠡ ᠨᠢᠭᠡ ᠨᠢ ᠢᠷᠡᠵᠦ᠄ 〈ᠡᠵᠡᠨ ᠡ᠂ ᠲᠠᠨ ᠤ ᠮᠢᠨᠠ ᠡ᠊ᠨᠳᠡ ᠪᠠᠢᠨ᠎ᠠ᠂ ᠡᠭᠦᠨ ᠢ ᠪᠢ ᠪᠥᠰ ᠢᠶᠡᠷ ᠪᠠᠭᠯᠠᠭᠠᠳ ᠬᠠᠳᠠᠭᠠᠯᠠᠵᠤ ᠪᠠᠢᠭᠰᠠᠨ᠃ 21 ᠲᠠ ᠬᠠᠲᠠᠭᠤ ᠬᠥᠮᠦᠨ ᠪᠣᠯᠬᠣᠷ ᠪᠢ ᠲᠠᠨ ᠠᠴᠠ ᠠᠶᠤᠵᠤ ᠲᠡᠭᠡᠭᠰᠡᠨ᠃ ᠲᠠ ᠬᠠᠳᠠᠭᠠᠯᠠᠭᠤᠯᠤᠭ᠎ᠠ ᠦᠭᠡᠢ ᠪᠠᠷ ᠠᠪᠠᠴᠢᠵᠤ᠂ ᠲᠠᠷᠢᠭ᠎ᠠ ᠦᠭᠡᠢ ᠪᠠᠷ ᠬᠤᠷᠢᠶᠠᠳᠠᠭ ᠰᠢᠦ ᠳᠠ〉 ᠭᠡᠰᠡᠨ ᠳᠦ᠂ 22 ᠡᠵᠡᠨ ᠨᠢ᠄ 〈ᠠᠮᠠᠨ ᠠᠴᠠ ᠴᠢᠨᠢ ᠭᠠᠷᠤᠭᠰᠠᠨ ᠦᠭᠡ ᠪᠡᠷ ᠪᠢ ᠴᠢᠮᠠᠶᠢ ᠰᠢᠭᠦᠶ᠎ᠡ᠂ ᠮᠠᠭᠤ ᠵᠠᠷᠤᠴᠠ ᠡ᠂ ᠴᠢ ᠨᠠᠮᠠᠶᠢ ᠬᠠᠳᠠᠭᠠᠯᠠᠭᠤᠯᠤᠭ᠎ᠠ ᠦᠭᠡᠢ ᠶᠠᠭᠤᠮ᠎ᠠ ᠪᠠᠨ ᠠᠪᠠᠴᠢᠵᠤ᠂ ᠲᠠᠷᠢᠭ᠎ᠠ ᠦᠭᠡᠢ ᠶᠠᠭᠤᠮ᠎ᠠ ᠪᠠᠨ ᠬᠤᠷᠢᠶᠠᠳᠠᠭ ᠬᠠᠲᠠᠭᠤ ᠬᠥᠮᠦᠨ ᠭᠡᠵᠦ ᠦᠵᠡᠪᠡ ᠤᠤ︖ 23 ᠲᠡᠭᠡᠪᠡᠯ ᠴᠢ ᠨᠥᠭᠥᠭᠡ ᠮᠥᠩᠭᠥᠨ ᠵᠣᠭᠣᠰ ᠢ ᠮᠢᠨᠢ ᠶᠠᠭᠤᠨ ᠤ ᠤᠴᠢᠷ ᠪᠠᠩᠬᠢ ᠳᠤ ᠬᠠᠳᠠᠭᠠᠯᠠᠭᠰᠠᠨ ᠦᠭᠡᠢ ᠪᠤᠢ︖ ᠲᠡᠭᠡᠭᠰᠡᠨ ᠪᠣᠯ ᠪᠢ ᠢᠷᠡᠭᠰᠡᠨ ᠦ ᠪᠠᠨ ᠳᠠᠷᠠᠭ᠎ᠠ᠂ ᠡᠭᠦᠨ ᠢ ᠬᠦᠦ ᠲᠠᠢ ᠨᠢ ᠬᠠᠮᠲᠤ ᠠᠪᠬᠤ ᠪᠠᠢᠭᠰᠠᠨ〉 ᠭᠡᠳ 24 ᠳᠡᠷᠭᠡᠳᠡ ᠨᠢ ᠪᠠᠢᠭᠰᠠᠳ ᠲᠠᠭᠠᠨ᠄ 〈ᠲᠡᠭᠦᠨ ᠡᠴᠡ ᠨᠥᠭᠥᠭᠡ ᠮᠢᠨᠠ ᠶᠢ ᠠᠪᠴᠤ᠂ ᠠᠷᠪᠠᠨ ᠮᠢᠨᠠ ᠲᠠᠢ ᠳᠤᠨᠢ ᠥᠭ〉 ᠭᠡᠵᠡᠢ᠃ 25 ᠲᠡᠳᠡ᠄ 〈ᠭᠡᠬᠦ ᠳᠡᠭᠡᠨ ᠡᠵᠡᠨ ᠡ᠂ ᠲᠡᠭᠦᠨ ᠳᠦ ᠠᠷᠪᠠᠨ ᠮᠢᠨᠠ ᠪᠠᠢᠨ᠎ᠠ ᠰᠢᠦ〉 ᠭᠡᠬᠦ ᠳᠦ᠂ 26 ᠡᠵᠡᠨ ᠨᠢ᠄ 〈ᠪᠢ ᠲᠠ ᠨᠠᠷ ᠲᠤ ᠬᠡᠯᠡᠶ᠎ᠡ᠃ ᠬᠡᠨ ᠳᠦ ᠴᠤ ᠪᠠᠢᠪᠠᠯ ᠥᠭᠭᠥᠭᠳᠡᠨ᠎ᠡ᠃ ᠬᠡᠨ ᠳᠦ ᠴᠤ ᠪᠠᠢᠬᠤ ᠦᠭᠡᠢ ᠪᠣᠯ ᠪᠠᠢᠭ᠎ᠠ ᠨᠢ ᠴᠤ ᠪᠤᠯᠢᠶᠠᠭᠳᠠᠨ᠎ᠠ᠃ 27 ᠬᠠᠷᠢᠨ ᠨᠠᠳᠠ ᠪᠠᠷ ᠬᠠᠭᠠᠨ ᠢᠶᠠᠨ ᠪᠣᠯᠭᠠᠬᠤ ᠳᠤ ᠳᠤᠷ᠎ᠠ ᠦᠭᠡᠶᠢᠴᠡᠭᠰᠡᠨ ᠳᠠᠢᠰᠤᠨ ᠨᠤᠭᠤᠳ ᠢ ᠮᠢᠨᠢ ᠠᠪᠴᠢᠷᠠᠭᠠᠳ ᠮᠢᠨᠦ ᠡᠮᠦᠨ᠎ᠡ ᠴᠠᠭᠠᠵᠠᠯᠠ〉 ᠬᠡᠮᠡᠭᠰᠡᠨ》 ᠭᠡᠪᠡ᠃
 ᠶᠧᠷᠦ᠋ᠰᠠᠯᠧᠮ ᠬᠣᠲᠠ ᠳᠤ ᠣᠷᠣᠭᠰᠠᠨ ᠨᠢ

28 ᠢᠰᠦ᠋ᠰ ᠡᠢᠨ ᠬᠦ ᠶᠠᠷᠢᠭᠠᠳ ᠶᠧᠷᠦ᠋ᠰᠠᠯᠧᠮ ᠵᠦᠭ ᠲᠦᠷᠦᠭᠦᠯᠡᠵᠦ ᠶᠠᠪᠤᠪᠠ᠃

29 ᠲᠡᠷᠡ ᠴᠢᠳᠦᠨ ᠠᠭᠤᠯᠠ ᠶᠢᠨ ᠪᠡᠯ ᠳᠠᠬᠢ ᠪᠧᠲ᠋ᠹᠠᠭᠧ ᠪᠣᠯᠣᠨ ᠪᠧᠲ᠋ᠠᠨᠢᠶ᠎ᠠ ᠳᠤ ᠣᠢᠷᠠᠲᠤᠬᠤ ᠳᠠᠭᠠᠨ ᠱᠠᠪᠢ ᠨᠠᠷ ᠠᠴᠠ ᠪᠠᠨ ᠬᠣᠶᠠᠷ ᠢ ᠢᠯᠡᠭᠡᠵᠦ᠄ 30 《ᠲᠡᠷᠲᠡᠭᠡᠬᠢ ᠲᠣᠰᠬᠣᠨ ᠤᠷᠤᠭᠤ ᠣᠴᠢ᠂ ᠲᠡᠨᠳᠡ ᠣᠴᠢᠪᠠᠯ ᠬᠡᠨ ᠴᠤ ᠤᠨᠤᠵᠤ ᠪᠠᠢᠭ᠎ᠠ ᠦᠭᠡᠢ ᠡᠯᠵᠢᠭᠡᠨ ᠳᠠᠭ᠎ᠠ ᠤᠶᠠᠭᠠᠲᠠᠢ ᠪᠠᠢᠭ᠎ᠠ ᠶᠢ ᠬᠠᠷᠠᠬᠤ ᠪᠣᠯᠣᠨ᠎ᠠ᠂ ᠲᠠᠢᠯᠵᠤ ᠠᠪᠤᠭᠠᠳ ᠢᠷ᠎ᠡ᠃ 31 ᠬᠡᠨ ᠨᠢᠭᠡ ᠨᠢ ᠲᠠ ᠨᠠᠷ ᠠᠴᠠ᠄ 〈ᠲᠠ ᠨᠠᠷ ᠶᠠᠭᠤᠨ ᠳᠤ ᠲᠠᠢᠯᠤᠨ᠎ᠠ ᠪᠤᠢ︖〉 ᠭᠡᠵᠦ ᠠᠰᠠᠭᠤᠪᠠᠯ᠂ 〈ᠡᠵᠡᠨ ᠳᠦ ᠬᠡᠷᠡᠭ ᠲᠡᠢ ᠪᠠᠢᠨ᠎ᠠ〉 ᠭᠡᠵᠦ ᠬᠡᠯᠡ》 ᠭᠡᠪᠡ᠃ 32 ᠲᠡᠳᠡ ᠬᠣᠶᠠᠭᠤᠯᠠ ᠶᠠᠪᠤᠭᠠᠳ ᠢᠰᠦ᠋ᠰ ᠤᠨ ᠬᠡᠯᠡᠭᠰᠡᠨᠴᠢᠯᠡᠨ ᠣᠯᠵᠤ ᠬᠠᠷᠠᠯ᠎ᠠ᠃ 33 ᠲᠡᠳᠡ ᠡᠯᠵᠢᠭᠡᠨ ᠦ ᠤᠶᠠᠭ᠎ᠠ ᠶᠢ ᠲᠠᠢᠯᠵᠤ ᠪᠠᠢᠲᠠᠯ᠎ᠠ ᠡᠵᠡᠳ ᠨᠢ᠄ 《ᠲᠠ ᠨᠠᠷ ᠶᠠᠭᠤᠨ ᠳᠤ ᠡᠯᠵᠢᠭᠡᠨ ᠦ ᠤᠶᠠᠭ᠎ᠠ ᠶᠢ ᠲᠠᠢᠯᠤᠨ᠎ᠠ ᠪᠤᠢ︖》 ᠭᠡᠵᠦ ᠠᠰᠠᠭᠤᠪᠠ᠃ 34 ᠲᠡᠳᠡ᠄ 《ᠡᠵᠡᠨ ᠳᠦ ᠬᠡᠷᠡᠭ ᠲᠡᠢ ᠪᠠᠢᠨ᠎ᠠ》 ᠭᠡᠵᠦ ᠬᠡᠯᠡᠭᠡᠳ 35 ᠢᠰᠦ᠋ᠰ ᠲᠤ ᠠᠪᠴᠢᠷᠠᠵᠤ᠂ ᠡᠯᠵᠢᠭᠡᠨ ᠳᠡᠭᠡᠷ᠎ᠡ ᠬᠤᠪᠴᠠᠰᠤ ᠪᠠᠨ ᠲᠣᠬᠣᠵᠤ ᠢᠰᠦ᠋ᠰ ᠢ ᠮᠣᠷᠳᠠᠭᠤᠯᠪᠠ᠃ 36 ᠲᠡᠭᠦᠨ ᠦ ᠶᠠᠪᠤᠬᠤ ᠵᠠᠮ ᠳᠡᠭᠡᠷ᠎ᠡ ᠬᠥᠮᠦᠰ ᠬᠤᠪᠴᠠᠰᠤ ᠪᠠᠨ ᠳᠡᠪᠢᠰᠴᠦ ᠥᠭᠴᠦ ᠪᠠᠢᠯ᠎ᠠ᠃ 37 ᠴᠢᠳᠦᠨ ᠠᠭᠤᠯᠠᠨ ᠤ ᠤᠷᠤᠭᠤᠳᠠᠬᠤ ᠵᠠᠮ ᠳᠤ ᠣᠢᠷᠠᠲᠤᠬᠤ ᠳᠤᠨᠢ᠂ ᠲᠡᠭᠦᠨ ᠦ ᠦᠢ ᠣᠯᠠᠨ ᠱᠠᠪᠢ ᠨᠠᠷ ᠦᠵᠡᠭᠰᠡᠨ ᠪᠦᠬᠦ ᠭᠠᠢᠬᠠᠮᠰᠢᠭ ᠤᠨ ᠢᠶᠠᠨ ᠤᠴᠢᠷ ᠲᠤ ᠪᠠᠶᠠᠷᠯᠠᠵᠤ᠂ ᠶᠡᠬᠡ ᠳᠠᠭᠤᠨ ᠢᠶᠠᠷ ᠪᠤᠷᠬᠠᠨ ᠢ ᠮᠠᠭᠲᠠᠵᠤ ᠡᠬᠢᠯᠡᠨ᠄ 38 《ᠡᠵᠡᠨ ᠦ ᠨᠡᠷ᠎ᠡ ᠪᠡᠷ ᠢᠷᠡᠭᠴᠢ ᠬᠠᠭᠠᠨ ᠢᠷᠥᠭᠡᠯ ᠲᠡᠢ ᠡ︕ ᠲᠩᠷᠢ ᠳᠤ ᠡᠩᠬᠡ ᠲᠠᠢᠪᠤᠩ᠂ ᠳᠡᠭᠡᠳᠦ ᠶᠢᠨ ᠳᠡᠭᠡᠳᠦ ᠳᠦ ᠠᠯᠳᠠᠷ ᠰᠤᠤ ᠪᠠᠢᠬᠤ ᠪᠣᠯᠲᠤᠭᠠᠢ》 ᠭᠡᠵᠡᠭᠡᠪᠡ᠃ 39 ᠣᠯᠠᠨ ᠤ ᠳᠤᠮᠳᠠ ᠪᠠᠢᠭᠰᠠᠨ ᠬᠡᠳᠦᠨ ᠹᠠᠷᠢᠰᠠᠢ ᠬᠥᠮᠦᠨ ᠢᠰᠦ᠋ᠰ ᠲᠤ᠄ 《ᠪᠠᠭᠰᠢ ᠡ᠂ ᠱᠠᠪᠢ ᠨᠠᠷ ᠢᠶᠠᠨ ᠵᠢᠮᠡᠯᠡᠭᠡᠴᠢ》 ᠭᠡᠰᠡᠨ ᠳᠦ᠂ 40 ᠢᠰᠦ᠋ᠰ᠄ 《ᠪᠢ ᠲᠠ ᠨᠠᠷ ᠲᠤ ᠬᠡᠯᠡᠶ᠎ᠡ᠃ ᠲᠡᠳᠡ ᠳᠠᠭᠤ ᠦᠭᠡᠢ ᠪᠠᠢᠪᠠᠯ ᠴᠢᠯᠠᠭᠤ ᠨᠤᠭᠤᠳ ᠬᠠᠰᠬᠢᠷᠬᠤ ᠪᠣᠯᠣᠨ᠎ᠠ︕》 ᠭᠡᠵᠦ ᠬᠠᠷᠢᠭᠤᠯᠪᠠ᠃

41 ᠢᠰᠦ᠋ᠰ ᠶᠧᠷᠦ᠋ᠰᠠᠯᠧᠮ ᠳᠤ ᠣᠢᠷᠠᠲᠤᠭᠰᠠᠨ ᠢᠶᠠᠨ ᠬᠣᠲᠠ ᠶᠢ ᠬᠠᠷᠠᠭᠠᠳ ᠲᠡᠭᠦᠨ ᠦ ᠲᠥᠯᠥᠭᠡ ᠤᠬᠢᠯᠠᠵᠤ᠄ 42 《ᠡᠩᠬᠡ ᠲᠠᠢᠪᠤᠩ ᠳᠤ ᠬᠦᠷᠬᠦ ᠵᠠᠮ ᠢ ᠥᠨᠥᠳᠥᠷ ᠴᠢ ᠮᠡᠳᠡᠭᠰᠡᠨ ᠴᠤ ᠪᠣᠯᠣᠭᠠᠰᠠᠢ᠂ ᠬᠠᠷᠢᠨ ᠡᠳᠦᠭᠡ ᠨᠢᠳᠦᠨ ᠡᠴᠡ ᠴᠢᠨᠢ ᠳᠠᠯᠳᠠᠯᠠᠭᠳᠠᠵᠠᠢ᠃ 43 ᠳᠠᠢᠰᠤᠨ ᠨᠤᠭᠤᠳ ᠴᠢᠨᠢ ᠪᠡᠬᠢᠯᠡᠯᠲᠡ ᠪᠠᠷᠢᠵᠤ ᠴᠢᠮᠠᠶᠢ ᠪᠦᠰᠡᠯᠡᠨ ᠲᠠᠯ᠎ᠠ ᠪᠦᠷᠢ ᠡᠴᠡ ᠴᠢᠨᠢ ᠪᠦᠴᠢᠭᠡᠳ 44 ᠴᠢᠮᠠᠶᠢ ᠪᠠ ᠴᠢᠨᠦ ᠳᠣᠲᠣᠷᠠᠬᠢ ᠬᠡᠦᠬᠡᠳ ᠤᠳ ᠢ ᠭᠠᠵᠠᠷ ᠳᠡᠭᠡᠷ᠎ᠡ ᠰᠠᠪᠠᠵᠤ᠂ ᠨᠢᠭᠡ ᠴᠢᠯᠠᠭᠤ ᠶᠢ ᠴᠤ ᠨᠥᠭᠥᠭᠡ ᠴᠢᠯᠠᠭᠤ ᠳᠡᠭᠡᠷ᠎ᠡ ᠨᠢ ᠦᠯᠡᠳᠡᠭᠡᠬᠦ ᠦᠭᠡᠢ ᠡᠳᠦᠷ ᠴᠢᠮ᠎ᠠ ᠳᠡᠭᠡᠷ᠎ᠡ ᠢᠷᠡᠬᠦ ᠪᠣᠯᠣᠨ᠎ᠠ᠃ ᠤᠴᠢᠷ ᠨᠢ᠂ ᠥᠪᠡᠷ ᠦᠨ ᠴᠢᠨᠢ ᠳᠡᠭᠡᠷ᠎ᠡ ᠢᠷᠡᠭᠰᠡᠨ ᠪᠤᠷᠬᠠᠨ ᠤ ᠴᠠᠭ ᠢ ᠴᠢ ᠮᠡᠳᠡᠭᠰᠡᠨ ᠦᠭᠡᠢ》 ᠭᠡᠵᠡᠢ᠃
 ᠠᠷᠢᠭᠤᠨ ᠣᠷᠳᠣᠨ ᠠᠴᠠ ᠬᠤᠳᠠᠯᠳᠤᠭᠠᠴᠢᠳ ᠢ ᠬᠥᠭᠡᠭᠡᠭᠰᠡᠨ ᠨᠢ

45 ᠢᠰᠦ᠋ᠰ ᠠᠷᠢᠭᠤᠨ ᠣᠷᠳᠣᠨ ᠳᠤ ᠣᠷᠣᠭᠠᠳ ᠬᠤᠳᠠᠯᠳᠤᠭᠴᠢᠳ ᠪᠠ ᠬᠤᠳᠠᠯᠳᠤᠨ ᠠᠪᠤᠭᠴᠢᠳ ᠢ ᠬᠥᠭᠡᠭᠡᠵᠦ ᠡᠬᠢᠯᠡᠨ᠄ 46 ᠲᠡᠳᠡᠨ ᠳᠦ᠄ 《〈ᠮᠢᠨᠦ ᠥᠷᠭᠥᠭᠡ ᠪᠣᠯ ᠳᠠᠭᠠᠳᠬᠠᠯ ᠤᠨ ᠥᠷᠭᠥᠭᠡ ᠮᠥᠨ〉 ᠭᠡᠵᠦ ᠪᠢᠴᠢᠭᠳᠡᠭᠰᠡᠨ ᠪᠠᠢᠲᠠᠯ᠎ᠠ ᠲᠠ ᠨᠠᠷ ᠡᠭᠦᠨ ᠢ ᠳᠡᠭᠡᠷᠡᠮᠴᠢᠳ ᠤᠨ ᠡᠭᠦᠷ ᠪᠣᠯᠭᠠᠴᠢᠬᠠᠵᠠᠢ》 ᠭᠡᠪᠡ᠃

47 ᠢᠰᠦ᠋ᠰ ᠡᠳᠦᠷ ᠪᠦᠷᠢ ᠠᠷᠢᠭᠤᠨ ᠣᠷᠳᠣᠨ ᠳᠤ ᠰᠤᠷᠭᠠᠵᠤ ᠪᠠᠢᠬᠤ ᠳᠤ᠂ ᠠᠬᠠᠯᠠᠬᠤ ᠲᠠᠬᠢᠯᠴᠢᠳ᠂ ᠪᠢᠴᠢᠭᠲᠡᠳ ᠪᠠ ᠠᠷᠠᠳ ᠲᠦᠮᠡᠨ ᠦ ᠠᠬᠠᠯᠠᠭᠴᠢᠳ ᠲᠡᠭᠦᠨ ᠢ ᠬᠥᠨᠥᠭᠡᠬᠦ ᠪᠡᠷ ᠣᠷᠣᠯᠳᠤᠵᠤ ᠪᠠᠢᠯ᠎ᠠ᠃ 48 ᠭᠡᠪᠡᠴᠦ ᠠᠷᠠᠳ ᠣᠯᠠᠨ ᠬᠦᠷᠢᠶᠡᠯᠡᠨ ᠰᠣᠨᠣᠰᠴᠤ ᠪᠠᠢᠭᠰᠠᠨ ᠲᠤᠯᠠ ᠠᠷᠭ᠎ᠠ ᠦᠭᠡᠢ ᠪᠠᠢᠯ᠎ᠠ᠃