ᠯᠦᠺ ᠬᠣᠷᠢ
ᠢᠰᠦ᠋ᠰ ᠤᠨ ᠡᠷᠬᠡ
1 ᠨᠢᠭᠡᠨ ᠡᠳᠦᠷ ᠢᠰᠦ᠋ᠰ ᠠᠷᠢᠭᠤᠨ ᠣᠷᠳᠣᠨ᠎ᠠ ᠠᠷᠠᠳ ᠣᠯᠠᠨ ᠳᠤ ᠰᠤᠷᠭᠠᠯ ᠵᠢᠭᠠᠨ᠂ ᠪᠠᠶᠠᠷ ᠤᠨ ᠮᠡᠳᠡᠭᠡ ᠲᠤᠩ᠋ᠬᠠᠭᠯᠠᠵᠤ ᠪᠠᠢᠲᠠᠯ᠎ᠠ ᠠᠬᠠᠯᠠᠬᠤ ᠲᠠᠬᠢᠯᠴᠢᠳ ᠲᠠᠢ ᠴᠤᠭ ᠪᠢᠴᠢᠭᠲᠡᠳ ᠪᠠ ᠠᠬᠠᠯᠠᠭᠴᠢᠳ ᠢᠷᠡᠵᠦ᠄ 2 ᠲᠡᠭᠦᠨ ᠳᠦ᠄ 《ᠴᠢ ᠶᠠᠮᠠᠷ ᠡᠷᠬᠡ ᠪᠡᠷ ᠡᠳᠡᠭᠡᠷ ᠢ ᠦᠢᠯᠡᠳᠴᠦ ᠪᠠᠢᠨ᠎ᠠ ᠪᠤᠢ︖ ᠬᠡᠨ ᠴᠢᠮ᠎ᠠ ᠳᠤ ᠡᠨᠡ ᠡᠷᠬᠡ ᠶᠢ ᠥᠭᠭᠥᠭᠰᠡᠨ ᠪᠤᠢ︖ ᠪᠢᠳᠡᠨ ᠳᠦ ᠬᠡᠯᠡᠭᠡᠴᠢ》 ᠭᠡᠵᠡᠢ᠃ 3 ᠢᠰᠦ᠋ᠰ ᠬᠠᠷᠢᠭᠤ ᠳᠤᠨᠢ᠄ 《ᠪᠢ ᠴᠤ ᠲᠠ ᠨᠠᠷ ᠠᠴᠠ ᠶᠠᠭᠤᠮ᠎ᠠ ᠠᠰᠠᠭᠤᠶ᠎ᠠ᠃ 4 ᠶᠣᠬᠠᠨ ᠤ ᠤᠬᠢᠶᠠᠯ ᠲᠩᠷᠢ ᠡᠴᠡ ᠢᠷᠡᠭᠰᠡᠨ ᠤᠤ︖ ᠡᠰᠡᠪᠡᠯ ᠬᠥᠮᠦᠨ ᠡᠴᠡ ᠢᠷᠡᠭᠰᠡᠨ ᠤᠤ︖ ᠬᠡᠯᠡᠭᠡᠳ ᠠᠯᠢ》 ᠭᠡᠪᠡ᠃ 5 ᠲᠡᠳᠡ ᠬᠣᠭᠣᠷᠣᠨᠳᠣ ᠪᠠᠨ ᠵᠥᠪᠯᠡᠯᠳᠦᠵᠦ᠄ 《ᠬᠡᠷᠪᠡ ᠪᠢᠳᠡ 〈ᠲᠩᠷᠢ ᠡᠴᠡ〉 ᠭᠡᠪᠡᠯ᠂ ᠲᠡᠷᠡ 〈ᠲᠡᠭᠡᠪᠡᠯ ᠲᠠ ᠨᠠᠷ ᠶᠠᠭᠠᠬᠢᠭᠠᠳ ᠢᠲᠡᠭᠡᠭᠰᠡᠨ ᠦᠭᠡᠢ ᠪᠤᠢ︖〉 ᠭᠡᠬᠦ ᠪᠠᠢᠬ᠎ᠠ᠂ 6 〈ᠬᠥᠮᠦᠨ ᠡᠴᠡ〉 ᠭᠡᠵᠦ ᠬᠡᠯᠡᠪᠡᠯ᠂ ᠠᠷᠠᠳ ᠣᠯᠠᠨ ᠪᠦᠭᠦᠳᠡᠭᠡᠷ ᠢᠶᠡᠨ ᠶᠣᠬᠠᠨ ᠢ ᠡᠰᠢ ᠦᠵᠡᠭᠦᠯᠦᠭᠴᠢ ᠭᠡᠵᠦ ᠢᠲᠡᠭᠡᠳᠡᠭ ᠲᠤᠯᠠ ᠪᠢᠳᠡᠨ ᠢ ᠴᠢᠯᠠᠭᠤ ᠪᠠᠷ ᠴᠣᠬᠢᠨ᠎ᠠ ᠳᠠ》 ᠬᠡᠮᠡᠨ 7 《ᠬᠠᠮᠢᠭ᠎ᠠ ᠠᠴᠠ ᠢᠷᠡᠭᠰᠡᠨ ᠢ ᠨᠢ ᠪᠢᠳᠡ ᠮᠡᠳᠡᠬᠦ ᠦᠭᠡᠢ》 ᠭᠡᠵᠦ ᠬᠠᠷᠢᠭᠤᠯᠬᠤ ᠳᠤ᠂ 8 ᠢᠰᠦ᠋ᠰ᠄ 《ᠪᠢ ᠴᠤ ᠶᠠᠮᠠᠷ ᠡᠷᠬᠡ ᠪᠡᠷ ᠡᠳᠡᠭᠡᠷ ᠢ ᠬᠢᠵᠦ ᠪᠠᠢᠭ᠎ᠠ ᠪᠠᠨ ᠲᠠ ᠨᠠᠷ ᠲᠤ ᠬᠡᠯᠡᠬᠦ ᠦᠭᠡᠢ》 ᠭᠡᠪᠡ᠃
ᠮᠠᠭᠤ ᠦᠵᠦᠮᠴᠢᠳ ᠤᠨ ᠦᠯᠢᠭᠡᠷᠯᠡᠯ
9 ᠢᠰᠦ᠋ᠰ ᠠᠷᠠᠳ ᠣᠯᠠᠨ ᠳᠤ ᠦᠯᠢᠭᠡᠷᠯᠡᠯ ᠢᠶᠡᠷ᠄ 《ᠨᠢᠭᠡᠨ ᠬᠥᠮᠦᠨ ᠦᠵᠦᠮ ᠦᠨ ᠬᠦᠷᠢᠶᠡᠯᠡᠩ ᠪᠠᠢᠭᠤᠯᠵᠤ᠂ ᠦᠵᠦᠮᠴᠢᠳ ᠲᠤ ᠲᠦᠷᠢᠶᠡᠰᠦᠯᠡᠨ ᠥᠭᠭᠥᠭᠡᠳ ᠭᠠᠳᠠᠭᠠᠳᠤ ᠳᠤ ᠶᠠᠪᠤᠵᠤ ᠤᠳᠠᠭᠠᠨ ᠰᠠᠭᠤᠵᠠᠢ᠃ 10 ᠴᠠᠭ ᠨᠢ ᠪᠣᠯᠵᠤ᠂ ᠲᠡᠷᠡ ᠪᠡᠷ ᠵᠢᠮᠢᠰ ᠠᠪᠴᠢᠷᠠᠭᠤᠯᠬᠤ ᠪᠠᠷ ᠵᠠᠷᠤᠴᠠ ᠪᠠᠨ ᠶᠠᠪᠤᠭᠤᠯᠤᠭᠰᠠᠨ ᠳᠤ᠂ ᠦᠵᠦᠮᠴᠢᠳ ᠲᠡᠭᠦᠨ ᠢ ᠨᠢ ᠵᠣᠳᠣᠭᠠᠳ ᠭᠠᠷ ᠬᠣᠭᠣᠰᠣᠨ ᠪᠤᠴᠠᠭᠠᠪᠠ᠃ 11 ᠳᠠᠬᠢᠭᠠᠳ ᠨᠢᠭᠡ ᠵᠠᠷᠤᠴᠠ ᠶᠠᠪᠤᠭᠤᠯᠤᠭᠰᠠᠨ ᠳᠤ᠂ ᠲᠡᠭᠦᠨ ᠢ ᠨᠢ ᠴᠤ ᠵᠣᠳᠣᠵᠤ᠂ ᠳᠣᠷᠣᠮᠵᠢᠯᠠᠭᠠᠳ ᠭᠠᠷ ᠬᠣᠭᠣᠰᠣᠨ ᠪᠤᠴᠠᠭᠠᠵᠠᠢ᠃ 12 ᠭᠤᠷᠪᠠᠳᠠᠬᠢ ᠵᠠᠷᠤᠴᠠ ᠪᠠᠨ ᠶᠠᠪᠤᠭᠤᠯᠤᠭᠰᠠᠨ ᠳᠤ᠂ ᠲᠡᠳᠡ ᠲᠡᠭᠦᠨ ᠢ ᠨᠢ ᠴᠤ ᠰᠢᠷᠬᠠᠲᠤᠭᠤᠯᠤᠭᠠᠳ ᠬᠥᠭᠡᠭᠡᠨ ᠭᠠᠷᠭᠠᠵᠠᠢ᠃ 13 ᠬᠦᠷᠢᠶᠡᠯᠡᠩ ᠦᠨ ᠡᠵᠡᠨ᠄ 〈ᠪᠢ ᠶᠠᠭᠠᠬᠢᠳᠠᠭ ᠪᠢᠯᠡ︖ ᠬᠠᠢᠷᠠᠲᠠᠢ ᠬᠦᠦ ᠪᠡᠨ ᠶᠠᠪᠤᠭᠤᠯᠤᠶ᠎ᠠ᠃ ᠲᠡᠳᠡ ᠲᠡᠭᠦᠨ ᠢ ᠬᠦᠨᠳᠦᠳᠬᠡᠵᠦ ᠮᠠᠭᠠᠳ〉 ᠭᠡᠵᠦ ᠪᠣᠳᠣᠵᠠᠢ᠃ 14 ᠦᠵᠦᠮᠴᠢᠳ ᠬᠦᠦ ᠶᠢ ᠨᠢ ᠦᠵᠡᠭᠡᠳ ᠬᠣᠭᠣᠷᠣᠨᠳᠣ ᠪᠠᠨ᠄ 〈ᠡᠨᠡ ᠴᠢᠨᠢ ᠥᠪᠯᠡᠭᠴᠢ ᠨᠢ ᠶᠤᠮ ᠪᠠᠢᠨ᠎ᠠ᠃ ᠡᠭᠦᠨ ᠢ ᠠᠯᠠᠴᠢᠬᠠᠶ᠎ᠠ᠃ ᠲᠡᠭᠡᠪᠡᠯ ᠥᠪ ᠨᠢ ᠪᠢᠳᠡᠨ ᠦ ᠬᠢ ᠪᠣᠯᠣᠨ᠎ᠠ〉 ᠭᠡᠯᠴᠡᠵᠦ 15 ᠬᠦᠷᠢᠶᠡᠯᠡᠩ ᠦᠨ ᠭᠠᠳᠠᠨ᠎ᠠ ᠠᠪᠠᠴᠢᠵᠤ ᠠᠯᠠᠵᠠᠢ᠃ ᠣᠳᠣ ᠬᠦᠷᠢᠶᠡᠯᠡᠩ ᠦᠨ ᠡᠵᠡᠨ ᠲᠡᠳᠡᠨ ᠢ ᠶᠠᠭᠠᠬᠢᠬᠤ ᠪᠢᠯᠡ︖ 16 ᠲᠡᠷᠡ ᠢᠷᠡᠭᠡᠳ ᠦᠵᠦᠮᠴᠢᠳ ᠢ ᠰᠥᠨᠥᠭᠡᠵᠦ ᠬᠦᠷᠢᠶᠡᠯᠡᠩ ᠢᠶᠡᠨ ᠥᠭᠡᠷ᠎ᠡ ᠬᠥᠮᠦᠰ ᠲᠦ ᠥᠭᠬᠦ ᠪᠣᠯᠣᠨ᠎ᠠ》 ᠭᠡᠪᠡ᠃ ᠡᠭᠦᠨ ᠢ ᠰᠣᠨᠣᠰᠣᠭᠰᠠᠨ ᠬᠥᠮᠦᠰ᠄ 《ᠶᠠᠭᠠᠬᠢᠯ᠎ᠠ ᠭᠡᠵᠢ ᠳᠠ》 ᠭᠡᠬᠦ ᠳᠦ᠂ 17 ᠢᠰᠦ᠋ᠰ ᠲᠡᠳᠡᠨ ᠢ ᠰᠢᠷᠲᠡᠨ᠄ 《ᠲᠡᠢᠮᠦ ᠪᠣᠯ 〈ᠪᠠᠷᠢᠯᠭᠠᠭᠴᠢᠳ ᠤᠨ ᠭᠣᠯᠣᠭᠰᠠᠨ ᠴᠢᠯᠠᠭᠤ᠂ ᠲᠤᠯᠭᠠᠭᠤᠷᠢ ᠴᠢᠯᠠᠭᠤ 23 ᠪᠣᠯᠪᠠ〉 ᠭᠡᠵᠦ ᠪᠢᠴᠢᠭᠳᠡᠭᠰᠡᠨ ᠨᠢ ᠶᠠᠮᠠᠷ ᠤᠴᠢᠷ ᠲᠠᠢ ᠪᠤᠢ︖ 18 ᠲᠡᠷᠡ ᠴᠢᠯᠠᠭᠤᠨ ᠳᠡᠭᠡᠷ᠎ᠡ ᠤᠨᠠᠭᠰᠠᠨ ᠪᠣᠯᠭᠠᠨ ᠪᠢᠴᠠᠷᠠᠨᠠ᠂ ᠬᠡᠨ ᠦ ᠳᠡᠭᠡᠷ᠎ᠡ ᠡᠨᠡ ᠴᠢᠯᠠᠭᠤ ᠤᠨᠠᠪᠠᠯ ᠨᠢᠴᠠᠯᠤᠨᠠ》 ᠭᠡᠪᠡ᠃ 19 ᠡᠨᠡ ᠦᠯᠢᠭᠡᠷᠯᠡᠯ ᠢ ᠥᠪᠡᠷᠰᠡᠳ ᠲᠤᠨᠢ ᠵᠣᠷᠢᠭᠤᠯᠤᠭᠰᠠᠨ ᠢ ᠪᠢᠴᠢᠭᠲᠡᠳ ᠪᠠ ᠠᠬᠠᠯᠠᠬᠤ ᠲᠠᠬᠢᠯᠴᠢᠳ ᠮᠡᠳᠡᠭᠡᠳ ᠳᠣᠣᠷ᠎ᠠ ᠨᠢ ᠭᠠᠷ ᠬᠥᠳᠡᠯᠦᠨ ᠢᠰᠦ᠋ᠰ ᠢ ᠪᠠᠷᠢᠬᠤ ᠭᠡᠰᠡᠨ ᠪᠣᠯᠪᠠᠴᠤ ᠠᠷᠠᠳ ᠣᠯᠠᠨ ᠠᠴᠠ ᠠᠶᠤᠪᠠ᠃
ᠲᠠᠲᠠᠪᠤᠷᠢ ᠶᠢ ᠡᠵᠡᠨ ᠳᠦᠨᠢ ᠲᠥᠯᠥᠬᠦ
20 ᠲᠡᠢᠨ ᠬᠦ ᠲᠡᠳᠡ ᠢᠰᠦ᠋ᠰ ᠢ ᠠᠵᠢᠭᠯᠠᠭᠰᠠᠭᠠᠷ ᠲᠠᠩᠨᠠᠭᠴᠢᠳ ᠢ ᠶᠠᠪᠤᠭᠤᠯᠵᠠᠢ᠃ ᠲᠠᠩᠨᠠᠭᠴᠢᠳ ᠰᠢᠳᠤᠷᠭᠤ ᠬᠥᠮᠦᠰ ᠢᠶᠡᠷ ᠣᠪᠯᠠᠵᠤ᠂ ᠢᠰᠦ᠋ᠰ ᠢ ᠦᠭᠡ ᠪᠡᠷ ᠨᠢ ᠤᠷᠠᠬᠠᠳᠠᠵᠤ ᠲᠡᠭᠦᠨ ᠢ ᠵᠠᠬᠢᠷᠤᠭᠴᠢ ᠶᠢᠨ ᠡᠷᠬᠡᠨ ᠳᠦ ᠲᠤᠰᠢᠶᠠᠬᠤ ᠭᠡᠵᠦ ᠪᠠᠢᠯ᠎ᠠ᠃ 21 ᠲᠠᠩᠨᠠᠭᠴᠢᠳ᠄ 《ᠪᠠᠭᠰᠢ ᠡ᠂ ᠲᠠᠨ ᠤ ᠰᠢᠳᠤᠷᠭᠤ ᠪᠠᠷ ᠶᠠᠷᠢᠵᠤ ᠰᠤᠷᠭᠠᠵᠤ ᠪᠠᠢᠳᠠᠭ ᠢ ᠪᠢᠳᠡ ᠮᠡᠳᠡᠨ᠎ᠡ᠂ ᠲᠠ ᠨᠢᠭᠤᠷ ᠲᠠᠯ᠎ᠠ ᠬᠠᠷᠠᠯ ᠦᠭᠡᠢ ᠪᠠᠷ ᠪᠤᠷᠬᠠᠨ ᠤ ᠵᠠᠮ ᠢ ᠦᠨᠡᠨ ᠢᠶᠡᠷ ᠵᠢᠭᠠᠳᠠᠭ ᠶᠤᠮ ᠪᠠᠢᠨ᠎ᠠ᠃ 22 ᠪᠢᠳᠡ ᠺᠠᠶᠧᠰᠠᠷ ᠲᠤ ᠭᠠᠢᠯᠢ ᠲᠤᠰᠢᠶᠠᠬᠤ ᠨᠢ ᠵᠥᠪ ᠤᠤ︖ ᠦᠭᠡᠢ ᠤᠤ︖》 ᠭᠡᠵᠦ ᠠᠰᠠᠭᠤᠬᠤ ᠳᠤ᠂ 23 ᠢᠰᠦ᠋ᠰ ᠲᠡᠳᠡᠨ ᠦ ᠵᠠᠯᠢ ᠮᠡᠬᠡ ᠶᠢ ᠨᠡᠪᠲᠡ ᠮᠡᠳᠡᠭᠡᠳ ᠲᠡᠳᠡᠨ ᠳᠦ᠄ 24 《ᠨᠠᠳᠠ ᠳᠤ ᠨᠢᠭᠡ ᠳ᠋ᠧᠨᠠᠷ ᠦᠵᠡᠭᠦᠯ᠂ ᠬᠥᠷᠥᠭ ᠪᠠ ᠪᠢᠴᠢᠭ ᠨᠢ ᠬᠡᠨ ᠦ ᠬᠢ ᠪᠤᠢ︖》 ᠭᠡᠰᠡᠨ ᠳᠦ᠂ ᠲᠡᠳᠡ᠄ 《ᠺᠠᠶᠧᠰᠠᠷ ᠤᠨ ᠬᠢ》 ᠭᠡᠯᠡ᠃ 25 ᠢᠰᠦ᠋ᠰ ᠲᠡᠳᠡᠨ ᠳᠦ᠄ 《ᠲᠡᠢᠮᠦ ᠪᠣᠯ ᠺᠠᠶᠧᠰᠠᠷ ᠤᠨ ᠬᠢ ᠶᠢ ᠺᠠᠶᠧᠰᠠᠷ ᠲᠤ᠂ ᠪᠤᠷᠬᠠᠨ ᠤ ᠬᠢ ᠶᠢ ᠪᠤᠷᠬᠠᠨ ᠳᠤ ᠥᠭ》 ᠭᠡᠪᠡ᠃ 26 ᠲᠡᠳᠡ ᠠᠷᠠᠳ ᠣᠯᠠᠨ ᠤ ᠡᠮᠦᠨ᠎ᠡ ᠢᠰᠦ᠋ᠰ ᠤᠨ ᠦᠭᠡᠨ ᠡᠴᠡ ᠥ ᠣᠯᠣᠭᠰᠠᠨ ᠦᠭᠡᠢ ᠪᠥᠭᠡᠳ ᠬᠠᠷᠢᠭᠤᠯᠲᠠ ᠳᠤᠨᠢ ᠭᠠᠢᠬᠠᠵᠤ ᠳᠠᠭᠤ ᠦᠭᠡᠢ ᠪᠣᠯᠵᠠᠢ᠃
ᠠᠮᠢᠯᠠᠯᠲᠠ ᠶᠢᠨ ᠲᠤᠬᠠᠢ ᠰᠠᠳᠣᠺᠠᠢᠴᠤᠳ ᠲᠤ ᠬᠠᠷᠢᠭᠤᠯᠤᠭᠰᠠᠨ ᠨᠢ
27 ᠠᠮᠢᠯᠠᠯᠲᠠ ᠭᠡᠵᠦ ᠪᠠᠢᠬᠤ ᠦᠭᠡᠢ ᠭᠡᠯᠴᠡᠳᠡᠭ ᠰᠠᠳᠣᠺᠠᠢᠴᠤᠳ ᠤᠨ ᠵᠠᠷᠢᠮ ᠨᠢ ᠢᠰᠦ᠋ᠰ ᠡᠴᠡ ᠠᠰᠠᠭᠤᠬᠤ ᠪᠠᠷ ᠢᠷᠡᠭᠡᠳ᠄ 28 《ᠪᠠᠭᠰᠢ ᠡ᠂ ᠮᠣᠰᠧ ᠪᠢᠳᠡᠨ ᠳᠦ᠄ 〈ᠬᠡᠨ ᠬᠡᠦᠬᠡᠳ ᠦᠭᠡᠢ ᠪᠠᠢᠵᠤ ᠨᠠᠰᠤ ᠪᠠᠷᠠᠪᠠᠯ ᠳᠡᠭᠦᠦ ᠨᠢ ᠲᠡᠭᠦᠨ ᠦ ᠡᠬᠡᠨᠡᠷ ᠢ ᠠᠪᠴᠤ᠂ ᠠᠬ᠎ᠠ ᠳᠠᠭᠠᠨ ᠦᠷ᠎ᠡ ᠤᠳᠤᠮ ᠵᠠᠯᠭᠠᠭᠤᠯᠵᠤ ᠥᠭ〉 ᠭᠡᠵᠦ ᠪᠢᠴᠢᠵᠦ ᠥᠭᠭᠥᠭᠰᠡᠨ᠃ 29 ᠨᠢᠭᠡ ᠠᠢᠯ ᠤᠨ ᠠᠬ᠎ᠠ ᠳᠡᠭᠦᠦ ᠳᠣᠯᠣᠭᠤᠯᠠ ᠪᠠᠢᠵᠠᠢ᠃ ᠤᠤᠭᠠᠨ ᠨᠢ ᠡᠬᠡᠨᠡᠷ ᠠᠪᠤᠭᠠᠳ ᠬᠡᠦᠬᠡᠳ ᠦᠭᠡᠢ ᠪᠠᠷ ᠨᠠᠰᠤ ᠪᠠᠷᠠᠭᠰᠠᠨ ᠳᠤ᠂ 30 ᠬᠣᠶᠠᠳᠤᠭᠠᠷ ᠨᠢ᠂ ᠭᠤᠷᠪᠠᠳᠤᠭᠠᠷ ᠨᠢ ᠴᠤ ᠡᠨᠡ ᠡᠬᠡᠨᠡᠷ ᠢ ᠠᠪᠴᠠᠢ᠃ 31 ᠢᠩᠭᠢᠵᠦ ᠠᠬ᠎ᠠ ᠳᠡᠭᠦᠦ ᠳᠣᠯᠣᠭᠤᠯᠠ ᠪᠠᠨ ᠡᠨᠡ ᠡᠬᠡᠨᠡᠷ ᠢ ᠠᠪᠴᠤ ᠪᠦᠷ ᠬᠡᠦᠬᠡᠳ ᠦᠭᠡᠢ ᠪᠠᠷ ᠨᠠᠰᠤ ᠪᠠᠷᠠᠪᠠ᠃ 32 ᠬᠣᠵᠢᠮ ᠨᠢ ᠲᠡᠷᠡ ᠡᠮᠡᠭᠲᠡᠢ ᠴᠤ ᠨᠠᠰᠤ ᠪᠠᠷᠠᠵᠠᠢ᠃ 33 ᠳᠣᠯᠣᠭᠤᠯᠠ ᠪᠠᠨ ᠪᠦᠷ ᠲᠡᠭᠦᠨ ᠢ ᠡᠬᠡᠨᠡᠷ ᠢᠶᠡᠨ ᠪᠣᠯᠭᠠᠭᠰᠠᠨ ᠲᠤᠯᠠ ᠠᠮᠢᠯᠠᠬᠤ ᠳᠤ᠂ ᠲᠡᠷᠡ ᠡᠮᠡᠭᠲᠡᠢ ᠴᠤᠬᠤᠮ ᠬᠡᠨ ᠦ ᠬᠢᠨᠢ ᠡᠬᠡᠨᠡᠷ ᠪᠣᠯᠬᠤ ᠪᠤᠢ︖》 ᠭᠡᠪᠡ᠃
34 ᠢᠰᠦ᠋ᠰ ᠬᠠᠷᠢᠭᠤ ᠳᠤᠨᠢ᠄ 《ᠡᠨᠡ ᠶᠢᠷᠲᠢᠨᠴᠦ ᠶᠢᠨ ᠬᠥᠮᠦᠰ ᠡᠬᠡᠨᠡᠷ ᠠᠪᠴᠤ᠂ ᠬᠠᠷᠢ ᠳᠤ ᠮᠣᠷᠳᠠᠬᠤ ᠪᠣᠯᠪᠠᠴᠤ 35 ᠨᠥᠭᠥᠭᠡ ᠶᠢᠷᠲᠢᠨᠴᠦ ᠳᠦ ᠣᠷᠣᠵᠤ ᠦᠬᠦᠭᠰᠡᠳ ᠦᠨ ᠳᠤᠮᠳᠠ ᠠᠴᠠ ᠠᠮᠢᠯᠠᠬᠤ ᠵᠥᠪᠰᠢᠶᠡᠷᠡᠯ ᠢ ᠣᠯᠣᠭᠰᠠᠨ ᠬᠥᠮᠦᠰ ᠡᠬᠡᠨᠡᠷ ᠴᠤ ᠠᠪᠬᠤ ᠦᠭᠡᠢ᠂ ᠨᠥᠬᠥᠷ ᠲᠦ ᠴᠤ ᠮᠣᠷᠳᠠᠬᠤ ᠦᠭᠡᠢ᠃ 36 ᠳᠠᠬᠢᠨ ᠦᠬᠦᠵᠦ ᠴᠤ ᠴᠢᠳᠠᠳᠠᠭ ᠦᠭᠡᠢ ᠪᠥᠭᠡᠳ ᠲᠩᠷᠢ ᠡᠯᠴᠢᠳ ᠲᠠᠢ ᠠᠳᠠᠯᠢᠬᠠᠨ ᠪᠣᠯᠣᠨ᠎ᠠ᠃ ᠲᠡᠳᠡ ᠪᠣᠯ ᠠᠮᠢᠯᠠᠯᠲᠠ ᠶᠢᠨ ᠬᠡᠦᠬᠡᠳ᠂ ᠪᠤᠷᠬᠠᠨ ᠤ ᠬᠡᠦᠬᠡᠳ ᠮᠥᠨ᠃ 37 ᠮᠣᠰᠧ ᠴᠤ ᠥᠷᠭᠡᠰᠦᠲᠦ ᠪᠤᠲᠠ ᠶᠢᠨ ᠬᠡᠰᠡᠭ 24 ᠲᠡᠭᠡᠨ ᠡᠵᠡᠨ ᠢ 〈ᠠᠪᠷᠠᠬᠠᠮ ᠤᠨ ᠪᠤᠷᠬᠠᠨ᠂ ᠢᠰᠠᠺ ᠤᠨ ᠪᠤᠷᠬᠠᠨ᠂ ᠶᠠᠺᠣᠪ ᠤᠨ ᠪᠤᠷᠬᠠᠨ〉 ᠭᠡᠰᠡᠨ ᠢᠶᠡᠷ ᠢᠶᠠᠨ ᠦᠬᠦᠭᠰᠡᠳ ᠦᠨ ᠠᠮᠢᠯᠠᠯᠲᠠ ᠶᠢ ᠢᠯᠡᠷᠬᠡᠶᠢᠯᠡᠭᠰᠡᠨ ᠶᠤᠮ᠃ 38 ᠲᠡᠢᠮᠦ ᠡᠴᠡ ᠲᠡᠷᠡ ᠦᠬᠦᠭᠰᠡᠳ ᠦᠨ ᠪᠤᠷᠬᠠᠨ ᠪᠢᠰᠢ᠂ ᠬᠠᠷᠢᠨ ᠠᠮᠢᠳᠤᠷᠠᠭᠰᠠᠳ ᠤᠨ ᠪᠤᠷᠬᠠᠨ ᠰᠢᠦ ᠳᠠ᠃ ᠤᠴᠢᠷ ᠨᠢ᠂ ᠪᠤᠷᠬᠠᠨ ᠤ ᠬᠤᠪᠢ ᠳᠤ 25 ᠬᠥᠮᠦᠨ ᠴᠥᠮ ᠠᠮᠢᠳᠤ ᠪᠠᠢᠳᠠᠭ》 ᠭᠡᠯᠡ᠃ 39 ᠪᠢᠴᠢᠭᠲᠡᠳ ᠦᠨ ᠵᠠᠷᠢᠮ ᠨᠢ᠄ 《ᠪᠠᠭᠰᠢ ᠡ᠂ ᠲᠠ ᠰᠠᠢᠨ ᠶᠠᠷᠢᠯ᠎ᠠ》 ᠭᠡᠪᠡ᠃ 40 ᠡᠭᠦᠨ ᠡᠴᠡ ᠬᠣᠢᠰᠢ ᠲᠡᠳᠡ ᠳᠠᠬᠢᠭᠠᠳ ᠶᠠᠭᠤᠮ᠎ᠠ ᠠᠰᠠᠭᠤᠵᠤ ᠵᠢᠷᠦᠬᠡᠯᠡᠭᠰᠡᠨ ᠦᠭᠡᠢ᠃
41 ᠢᠰᠦ᠋ᠰ ᠲᠡᠳᠡᠨ ᠳᠦ᠄ 《ᠬᠥᠮᠦᠰ ᠶᠠᠭᠠᠬᠢᠭᠠᠳ ᠾᠷᠢᠰᠲ᠋ᠣᠰ ᠢ ᠳ᠋ᠠᠸᠢᠳ᠋ ᠤᠨ ᠤᠳᠤᠮ ᠭᠡᠳᠡᠭ ᠪᠤᠢ︖ 42 ᠳ᠋ᠠᠸᠢᠳ᠋ ᠥᠪᠡᠷ ᠢᠶᠡᠨ ᠳᠠᠭᠤᠯᠠᠯ ᠳᠤ᠄ [〈ᠪᠢ ᠴᠢᠨᠦ ᠳᠠᠢᠰᠤᠨ ᠨᠤᠭᠤᠳ ᠢ ᠬᠥᠯ ᠦᠨ ᠴᠢᠨᠢ ᠭᠢᠰᠬᠢᠭᠦᠷ 26 ᠪᠣᠯᠭᠠᠬᠤ ᠬᠦᠷᠲᠡᠯ᠎ᠡ 43 ᠴᠢ ᠮᠢᠨᠦ ᠪᠠᠷᠠᠭᠤᠨ ᠲᠠᠯ᠎ᠠ 27 ᠳᠤ ᠰᠠᠭᠤᠵᠤ ᠪᠠᠢ ᠭᠡᠵᠦ ᠡᠵᠡᠨ ᠮᠢᠨᠦ ᠡᠵᠡᠨ ᠳᠦ ᠬᠡᠯᠡᠭᠰᠡᠨ〉] ᠭᠡᠰᠡᠨ᠃ 44 ᠳ᠋ᠠᠸᠢᠳ᠋ ᠾᠷᠢᠰᠲ᠋ᠣᠰ ᠢ ᠡᠵᠡᠨ ᠭᠡᠵᠦ ᠳᠠᠭᠤᠳᠠᠳᠠᠭ ᠪᠣᠯ᠂ ᠾᠷᠢᠰᠲ᠋ᠣᠰ ᠶᠠᠭᠠᠬᠢᠵᠤ ᠳ᠋ᠠᠸᠢᠳ᠋ ᠤᠨ ᠤᠳᠤᠮ ᠪᠠᠢᠵᠤ ᠪᠣᠯᠬᠤ ᠪᠢᠯᠡ︖》 ᠭᠡᠪᠡ᠃
45 ᠠᠷᠠᠳ ᠣᠯᠠᠨ ᠪᠦᠭᠦᠳᠡᠭᠡᠷ ᠢᠶᠡᠨ ᠰᠣᠨᠣᠰᠴᠤ ᠪᠠᠢᠬᠤ ᠳᠤ᠂ ᠢᠰᠦ᠋ᠰ ᠱᠠᠪᠢ ᠨᠠᠷ ᠲᠠᠭᠠᠨ᠄ 46 《ᠪᠢᠴᠢᠭᠲᠡᠳ ᠡᠴᠡ ᠪᠣᠯᠭᠣᠮᠵᠢᠯᠠᠭᠠᠷᠠᠢ᠃ ᠲᠡᠳᠡ ᠤᠷᠲᠤ ᠬᠤᠪᠴᠠᠰᠤ ᠲᠠᠢ ᠶᠠᠪᠤᠬᠤ ᠶᠢ ᠬᠦᠰᠡᠳᠡᠭ ᠪᠥᠭᠡᠳ ᠵᠡᠭᠡᠯᠢ ᠳᠡᠭᠡᠷ᠎ᠡ ᠮᠡᠨᠳᠦᠴᠢᠯᠡᠭᠦᠯᠵᠦ᠂ ᠬᠤᠷᠠᠯ ᠤᠨ ᠲᠠᠩᠬᠢᠮ ᠤᠨ ᠳᠡᠭᠡᠳᠦ ᠰᠠᠭᠤᠳᠠᠯ᠂ ᠨᠠᠢᠷ ᠤᠨ ᠬᠣᠢᠮᠣᠷ ᠲᠤ ᠰᠠᠭᠤᠬᠤ ᠳᠤᠷᠠᠲᠠᠢ ᠪᠠᠢᠳᠠᠭ᠃ 47 ᠲᠡᠳᠡ ᠪᠡᠯᠪᠡᠰᠦᠨ ᠡᠮᠡᠭᠲᠡᠢᠴᠦᠳ ᠦᠨ ᠭᠡᠷ ᠣᠷᠣᠨ ᠢ ᠴᠥᠯᠪᠡᠳᠡᠭ ᠪᠥᠭᠡᠳ ᠤᠷᠲᠤ ᠴᠠᠭ ᠢᠶᠠᠷ ᠳᠠᠭᠠᠳᠬᠠᠬᠤ ᠳᠦᠷᠢ ᠦᠵᠡᠭᠦᠯᠳᠡᠭ᠃ ᠡᠢᠮᠦ ᠬᠥᠮᠦᠰ ᠨᠡᠩ ᠬᠦᠨᠳᠦ ᠰᠢᠳᠬᠡᠯ ᠠᠮᠰᠠᠨ᠎ᠠ》 ᠭᠡᠵᠦ ᠠᠢᠯᠠᠳᠪᠠ᠃