ᠯᠦᠺ ᠬᠣᠷᠢᠨ ᠭᠤᠷᠪᠠ
ᠢᠰᠦ᠋ᠰ ᠫᠢᠯᠠᠲ ᠲᠤ ᠪᠠᠢᠴᠠᠭᠠᠭᠳᠠᠭᠰᠠᠨ ᠨᠢ
1 ᠣᠯᠠᠨ ᠬᠥᠮᠦᠨ ᠪᠦᠭᠦᠳᠡᠭᠡᠷ ᠢᠶᠡᠨ ᠪᠣᠰᠴᠤ᠂ ᠢᠰᠦ᠋ᠰ ᠢ ᠫᠢᠯᠠᠲ ᠤᠨ ᠡᠮᠦᠨ᠎ᠡ ᠠᠪᠠᠴᠢᠨ᠄ 2 《ᠡᠨᠡ ᠬᠥᠮᠦᠨ ᠮᠠᠨ ᠤ ᠦᠨᠳᠦᠰᠦᠲᠡᠨ ᠢ ᠲᠥᠭᠡᠷᠢᠭᠦᠯᠵᠦ᠂ ᠺᠠᠶᠧᠰᠠᠷ ᠲᠤ ᠲᠠᠲᠠᠪᠤᠷᠢ ᠥᠭᠬᠦ ᠶᠢ ᠬᠣᠷᠢᠭᠯᠠᠨ ᠥᠪᠡᠷ ᠢ ᠪᠠᠨ ᠬᠠᠭᠠᠨ ᠾᠷᠢᠰᠲ᠋ᠣᠰ ᠭᠡᠵᠦ ᠬᠡᠯᠡᠳᠡᠭ ᠢ ᠪᠢᠳᠡ ᠬᠠᠷᠠᠭᠰᠠᠨ》 ᠭᠡᠵᠦ ᠵᠠᠭᠠᠯᠳᠤᠵᠤ ᠡᠬᠢᠯᠡᠪᠡ᠃ 3 ᠫᠢᠯᠠᠲ ᠢᠰᠦ᠋ᠰ ᠡᠴᠡ᠄ 《ᠴᠢ ᠶᠦᠳᠠᠢᠴᠤᠳ ᠤᠨ ᠬᠠᠭᠠᠨ ᠮᠥᠨ ᠤᠤ︖》 ᠭᠡᠵᠦ ᠠᠰᠠᠭᠤᠬᠤ ᠳᠤ᠂ ᠢᠰᠦ᠋ᠰ᠄ 《ᠴᠢ ᠥᠪᠡᠷ ᠢᠶᠡᠨ ᠬᠡᠯᠡᠵᠦ ᠪᠠᠢᠨ᠎ᠠ》 ᠭᠡᠪᠡ᠃ 4 ᠫᠢᠯᠠᠲ ᠠᠬᠠᠯᠠᠬᠤ ᠲᠠᠬᠢᠯᠴᠢᠳ ᠪᠠ ᠣᠯᠠᠨ ᠬᠥᠮᠦᠨ ᠳᠦ᠄ 《ᠪᠢ ᠡᠨᠡ ᠬᠥᠮᠦᠨ ᠡᠴᠡ ᠶᠠᠮᠠᠷ ᠴᠤ ᠭᠡᠮ ᠪᠤᠷᠤᠭᠤ ᠣᠯᠣᠭᠰᠠᠨ ᠦᠭᠡᠢ》 ᠭᠡᠵᠦ ᠬᠡᠯᠡᠪᠡ᠃ 5 ᠭᠡᠲᠡᠯ᠎ᠡ ᠲᠡᠳᠡ ᠳᠣᠭᠰᠢᠷᠠᠵᠤ᠄ 《ᠭᠠᠯᠢᠯᠠᠶ᠎ᠠ ᠠᠴᠠ ᠡ᠊ᠨᠳᠡ ᠬᠦᠷᠲᠡᠯᠡᠬᠢ ᠶᠦᠳᠠᠢ ᠨᠤᠲᠤᠭ ᠳᠠᠶᠠᠭᠠᠷ ᠲᠡᠷᠡ ᠰᠤᠷᠭᠠᠯ ᠢᠶᠠᠨ ᠵᠢᠭᠠᠵᠤ᠂ ᠠᠷᠠᠳ ᠲᠦᠮᠡᠨ ᠢ ᠥᠳᠥᠭᠡᠳᠡᠭ》 ᠭᠡᠵᠡᠭᠡᠵᠡᠢ᠃
ᠢᠰᠦ᠋ᠰ ᠾᠧᠷᠣᠳ᠋ ᠲᠤ ᠪᠠᠢᠴᠠᠭᠠᠭᠳᠠᠭᠰᠠᠨ ᠨᠢ
6 ᠫᠢᠯᠠᠲ ᠡᠭᠦᠨ ᠢ ᠰᠣᠨᠣᠰᠣᠭᠠᠳ᠄ 《ᠡᠨᠡ ᠴᠢᠨᠢ ᠭᠠᠯᠢᠯᠠᠶ᠎ᠠ ᠶᠢᠨ ᠬᠥᠮᠦᠨ ᠤᠤ︖》 ᠭᠡᠵᠦ ᠠᠰᠠᠭᠤᠭᠰᠠᠨ ᠢᠶᠠᠨ᠂ 7 ᠾᠧᠷᠣᠳ᠋ ᠤᠨ ᠬᠠᠷᠢᠶ᠎ᠠ ᠨᠤᠲᠤᠭ ᠤᠨ ᠬᠢ ᠪᠣᠯᠬᠤ ᠶᠢ ᠮᠡᠳᠡᠭᠡᠳ ᠾᠧᠷᠣᠳ᠋ ᠲᠤ ᠬᠦᠷᠭᠡᠯᠭᠡᠪᠡ᠃ ᠲᠡᠷᠡ ᠦᠶ᠎ᠡ ᠳᠦ ᠾᠧᠷᠣᠳ᠋ ᠴᠤ ᠶᠧᠷᠦ᠋ᠰᠠᠯᠧᠮ ᠳᠤ ᠪᠠᠢᠵᠠᠢ᠃ 8 ᠾᠧᠷᠣᠳ᠋ ᠢᠰᠦ᠋ᠰ ᠢ ᠦᠵᠡᠭᠡᠳ ᠶᠡᠬᠡᠳᠡ ᠪᠠᠶᠠᠷᠯᠠᠪᠠ᠃ ᠤᠴᠢᠷ ᠨᠢ᠂ ᠲᠡᠷᠡ ᠲᠡᠭᠦᠨ ᠦ ᠲᠤᠬᠠᠢ ᠰᠣᠨᠣᠰᠣᠭᠰᠠᠨ ᠲᠤᠯᠠ ᠠᠭᠤᠯᠵᠠᠬᠤ ᠶᠢ ᠤᠳᠠᠲᠠᠯ᠎ᠠ ᠬᠦᠰᠡᠵᠦ᠂ ᠲᠡᠭᠦᠨ ᠦ ᠦᠢᠯᠡᠳᠬᠦ ᠰᠢᠳᠢ ᠲᠡᠮᠳᠡᠭ ᠢ ᠬᠠᠷᠠᠬᠤ ᠶᠢ ᠬᠦᠰᠡᠵᠦ ᠪᠠᠢᠵᠠᠢ᠃ 9 ᠲᠡᠭᠡᠭᠡᠳ ᠣᠯᠠᠨ ᠶᠠᠭᠤᠮ᠎ᠠ ᠠᠰᠠᠭᠤᠭᠰᠠᠨ ᠪᠣᠯᠪᠠᠴᠤ ᠢᠰᠦ᠋ᠰ ᠶᠠᠭᠤ ᠴᠤ ᠬᠠᠷᠢᠭᠤᠯᠤᠭᠰᠠᠨ ᠦᠭᠡᠢ᠃ 10 ᠠᠬᠠᠯᠠᠬᠤ ᠲᠠᠬᠢᠯᠴᠢᠳ ᠪᠠ ᠪᠢᠴᠢᠭᠲᠡᠳ ᠪᠣᠰᠴᠤ ᠲᠡᠭᠦᠨ ᠢ ᠬᠠᠲᠠᠭᠤ ᠰᠢᠷᠦᠭᠦᠨ ᠢᠶᠡᠷ ᠵᠠᠭᠠᠯᠳᠤᠭᠰᠠᠨ ᠪᠠᠢᠯ᠎ᠠ᠃ 11 ᠾᠧᠷᠣᠳ᠋ ᠴᠡᠷᠢᠭ ᠤᠳ ᠲᠠᠢ ᠪᠠᠨ ᠬᠠᠮᠲᠤ ᠢᠰᠦ᠋ᠰ ᠢ ᠪᠠᠰᠤᠮᠵᠢᠯᠠᠨ ᠳᠣᠷᠣᠮᠵᠢᠯᠠᠵᠤ ᠬᠡᠭᠡᠨᠴᠢᠷ ᠬᠤᠪᠴᠠᠰᠤ ᠡᠮᠦᠰᠬᠡᠭᠡᠳ ᠫᠢᠯᠠᠲ ᠤᠷᠤᠭᠤ ᠪᠤᠴᠠᠭᠠᠪᠠ᠃ 12 ᠾᠧᠷᠣᠳ᠋ ᠪᠣᠯᠣᠨ ᠫᠢᠯᠠᠲ ᠤᠷᠢᠳᠤ ᠨᠢ ᠳᠠᠢᠰᠤᠩᠨᠠᠯᠴᠠᠵᠤ ᠪᠠᠢᠭᠰᠠᠨ ᠪᠣᠯᠪᠠᠴᠤ ᠲᠡᠷᠡ ᠡᠳᠦᠷ ᠨᠠᠢᠵᠠ ᠪᠣᠯᠣᠯᠴᠠᠯᠠ᠃
ᠫᠢᠯᠠᠲ ᠢᠰᠦ᠋ᠰ ᠢ ᠰᠤᠯᠠᠯᠠᠬᠤ ᠭᠡᠪᠡ
13 ᠫᠢᠯᠠᠲ ᠠᠬᠠᠯᠠᠬᠤ ᠲᠠᠬᠢᠯᠴᠢᠳ᠂ ᠨᠣᠶᠠᠳ ᠪᠠ ᠠᠷᠠᠳ ᠣᠯᠠᠨ ᠢ ᠴᠤᠭᠯᠠᠭᠤᠯᠤᠭᠠᠳ᠄ 14 《ᠡᠨᠡ ᠬᠥᠮᠦᠨ ᠠᠷᠠᠳ ᠣᠯᠠᠨ ᠢ ᠲᠡᠷᠰᠯᠡᠭᠦᠯᠵᠦ ᠪᠠᠢᠨ᠎ᠠ ᠭᠡᠵᠦ ᠲᠠ ᠨᠠᠷ ᠲᠡᠭᠦᠨ ᠢ ᠠᠪᠴᠢᠷᠠᠭᠰᠠᠨ ᠪᠢᠯᠡ᠃ ᠠᠩ᠋ᠬᠠᠷᠤᠭᠲᠤᠨ︕ ᠪᠢ ᠲᠠ ᠨᠠᠷ ᠤᠨ ᠡᠮᠦᠨ᠎ᠡ ᠪᠠᠢᠴᠠᠭᠠᠭᠰᠠᠨ ᠪᠣᠯᠪᠠᠴᠤ ᠵᠠᠭᠠᠯᠳᠤᠳᠠᠭ ᠢᠶᠠᠷ ᠴᠢᠨᠢ ᠲᠡᠭᠦᠨ ᠡᠴᠡ ᠶᠠᠮᠠᠷ ᠴᠤ ᠶᠠᠯ᠎ᠠ ᠭᠡᠮ ᠣᠯᠣᠭᠰᠠᠨ ᠦᠭᠡᠢ᠃ 15 ᠾᠧᠷᠣᠳ᠋ ᠴᠤ ᠣᠯᠣᠭ᠎ᠠ ᠦᠭᠡᠢ ᠲᠤᠯᠠ ᠲᠡᠭᠦᠨ ᠢ ᠪᠢᠳᠡᠨ ᠤᠷᠤᠭᠤ ᠪᠤᠴᠠᠭᠠᠭᠰᠠᠨ ᠶᠤᠮ᠃ ᠠᠩ᠋ᠬᠠᠷᠤᠭᠲᠤᠨ︕ ᠲᠡᠷᠡ ᠦᠬᠦᠬᠦ ᠶᠣᠰᠣᠲᠠᠢ ᠶᠠᠪᠤᠳᠠᠯ ᠢ ᠶᠡᠷᠦ ᠦᠢᠯᠡᠳᠦᠭᠰᠡᠨ ᠦᠭᠡᠢ ᠶᠤᠮ ᠪᠠᠢᠨ᠎ᠠ᠃ 16 ᠪᠢ ᠲᠡᠭᠦᠨ ᠢ ᠲᠠᠰᠢᠭᠤᠷᠳᠠᠭᠤᠯᠤᠭᠠᠳ ᠰᠤᠯᠠᠯᠠᠶ᠎ᠠ》 ᠭᠡᠰᠡᠨ ᠳᠦ᠂ 17 29
18 ᠲᠡᠳᠡ ᠵᠡᠷᠭᠡᠪᠡᠷ᠄ 《ᠲᠡᠭᠦᠨ ᠢ ᠠᠯᠠ᠂ ᠪᠠᠷᠠᠪ ᠢ ᠪᠢᠳᠡᠨ ᠳᠦ ᠰᠤᠯᠠᠯᠠᠵᠤ ᠥᠭ︕》 ᠭᠡᠵᠦ ᠬᠠᠰᠬᠢᠷᠤᠯ᠎ᠠ᠃ 19 ᠪᠠᠷᠠᠪ ᠬᠣᠲᠠ ᠳᠤ ᠪᠣᠯᠣᠭᠰᠠᠨ ᠰᠠᠮᠠᠭᠤᠷᠠᠯ ᠪᠠ ᠠᠮᠢᠨ ᠬᠡᠷᠡᠭ ᠢᠶᠡᠷ ᠱᠣᠷᠣᠩ ᠳᠤ ᠬᠣᠷᠢᠭᠳᠠᠭᠰᠠᠨ ᠶᠤᠮ᠃ 20 ᠫᠢᠯᠠᠲ ᠢᠰᠦ᠋ᠰ ᠢ ᠰᠤᠯᠠᠯᠠᠬᠤ ᠶᠢ ᠬᠦᠰᠡᠵᠦ᠂ ᠳᠠᠬᠢᠭᠠᠳ ᠲᠡᠳᠡᠨ ᠢ ᠤᠷᠢᠶᠠᠯᠠᠬᠤ ᠳᠤ᠂ 21 ᠲᠡᠳᠡ᠄ 《ᠲᠡᠭᠦᠨ ᠢ ᠵᠠᠭᠠᠯᠮᠠᠢ ᠳᠤ ᠴᠣᠪᠳᠣᠯᠠ︕ ᠵᠠᠭᠠᠯᠮᠠᠢ ᠳᠤ ᠴᠣᠪᠳᠣᠯᠠ︕》 ᠭᠡᠵᠦ ᠪᠠᠷᠬᠢᠷᠠᠯᠴᠠᠪᠠ᠃ 22 ᠫᠢᠯᠠᠲ ᠭᠤᠷᠪᠠᠳᠠᠬᠢ ᠤᠳᠠᠭ᠎ᠠ ᠲᠡᠳᠡᠨ ᠳᠦ᠄ 《ᠶᠠᠭᠤᠨ ᠳᠤ ᠪᠤᠢ︖ ᠲᠡᠷᠡ ᠶᠠᠮᠠᠷ ᠮᠠᠭᠤ ᠶᠢ ᠦᠢᠯᠡᠳᠦᠭᠰᠡᠨ ᠪᠤᠢ︖ ᠦᠬᠦᠬᠦ ᠶᠣᠰᠣᠲᠠᠢ ᠶᠠᠯ᠎ᠠ ᠭᠡᠮ ᠢ ᠪᠢ ᠲᠡᠭᠦᠨ ᠡᠴᠡ ᠶᠡᠷᠦ ᠣᠯᠣᠭ᠎ᠠ ᠦᠭᠡᠢ᠃ ᠪᠢ ᠲᠡᠭᠦᠨ ᠢ ᠲᠠᠰᠢᠭᠤᠷᠳᠠᠭᠤᠯᠤᠭᠠᠳ ᠰᠤᠯᠠᠯᠠᠶ᠎ᠠ》 ᠭᠡᠪᠡ᠃ 23 ᠬᠠᠷᠢᠨ ᠲᠡᠳᠡ ᠢᠰᠦ᠋ᠰ ᠢ ᠵᠠᠭᠠᠯᠮᠠᠢ ᠳᠤ ᠴᠣᠪᠳᠣᠯᠠᠭᠤᠯᠬᠤ ᠭᠡᠵᠦ ᠴᠢᠩᠭ᠍᠎ᠠ ᠳᠠᠭᠤᠨ ᠢᠶᠠᠷ ᠫᠢᠯᠠᠲ ᠢ ᠱᠠᠭᠠᠷᠳᠠᠨ ᠰᠢᠬᠠᠭᠰᠠᠨ ᠪᠥᠭᠡᠳ ᠲᠡᠳᠡᠨ ᠦ ᠳᠠᠭᠤ ᠲᠠᠢᠯᠪᠠ᠃ 24 ᠫᠢᠯᠠᠲ ᠲᠡᠳᠡᠨ ᠦ ᠱᠠᠭᠠᠷᠳᠠᠯᠭ᠎ᠠ ᠶᠢ ᠪᠡᠶᠡᠯᠡᠭᠦᠯᠬᠦ ᠪᠡᠷ ᠰᠢᠢᠳᠦᠭᠡᠳ 25 ᠰᠠᠮᠠᠭᠤᠷᠠᠯ ᠪᠠ ᠠᠮᠢᠨ ᠬᠡᠷᠡᠭ ᠢᠶᠡᠷ ᠱᠣᠷᠣᠩ ᠳᠤ ᠬᠣᠷᠢᠭᠳᠠᠭᠰᠠᠨ ᠨᠥᠭᠥᠭᠡ ᠬᠥᠮᠦᠨ ᠢ ᠱᠠᠭᠠᠷᠳᠠᠯᠭ᠎ᠠ ᠶᠣᠰᠣᠭᠠᠷ ᠨᠢ ᠰᠤᠯᠠᠯᠠᠨ᠂ ᠢᠰᠦ᠋ᠰ ᠢ ᠲᠡᠳᠡᠨ ᠦ ᠮᠡᠳᠡᠯ ᠳᠦ ᠲᠤᠰᠢᠶᠠᠪᠠ᠃
ᠰᠢᠮᠣᠨ ᠢᠰᠦ᠋ᠰ ᠤᠨ ᠵᠠᠭᠠᠯᠮᠠᠢ ᠶᠢ ᠡᠭᠦᠷᠦᠭᠰᠡᠨ ᠨᠢ
26 ᠲᠡᠳᠡ ᠢᠰᠦ᠋ᠰ ᠢ ᠠᠪᠠᠴᠢᠬᠤ ᠵᠠᠮ ᠳᠠᠭᠠᠨ ᠬᠥᠳᠡᠭᠡ ᠡᠴᠡ ᠢᠷᠡᠵᠦ ᠪᠠᠢᠭ᠎ᠠ ᠺᠦᠷᠧᠨᠠᠢ ᠶᠢᠨ ᠰᠢᠮᠣᠨ ᠭᠡᠳᠡᠭ ᠬᠥᠮᠦᠨ ᠢ ᠪᠠᠷᠢᠭᠠᠳ ᠵᠠᠭᠠᠯᠮᠠᠢ ᠶᠢ ᠨᠢ ᠡᠭᠦᠷᠦᠭᠦᠯᠵᠦ᠂ ᠢᠰᠦ᠋ᠰ ᠤᠨ ᠬᠣᠢᠨ᠎ᠠ ᠠᠴᠠ ᠳᠠᠭᠠᠭᠤᠯᠪᠠ᠃ 27 ᠲᠡᠭᠦᠨ ᠢ ᠦᠢ ᠣᠯᠠᠨ ᠬᠥᠮᠦᠨ ᠳᠠᠭᠠᠵᠤ ᠶᠠᠪᠤᠬᠤ ᠳᠤ᠂ ᠡᠮᠡᠭᠲᠡᠢᠴᠦᠳ ᠴᠡᠭᠡᠵᠢ ᠪᠠᠨ ᠳᠡᠯᠡᠳᠦᠭᠰᠡᠭᠡᠷ ᠲᠡᠭᠦᠨ ᠦ ᠲᠥᠯᠥᠭᠡ ᠤᠬᠢᠯᠠᠯᠳᠤᠵᠤ ᠪᠠᠢᠯ᠎ᠠ᠃ 28 ᠢᠰᠦ᠋ᠰ ᠲᠡᠳᠡᠨ ᠤᠷᠤᠭᠤ ᠡᠷᠭᠢᠨ᠄ 《ᠶᠧᠷᠦ᠋ᠰᠠᠯᠧᠮ ᠤᠨ ᠥᠬᠢᠳ ᠡ᠂ ᠮᠢᠨᠦ ᠲᠥᠯᠥᠭᠡ ᠪᠦᠦ ᠤᠬᠢᠯᠠ᠂ ᠥᠪᠡᠷ ᠦᠨ ᠪᠡᠶ᠎ᠡ ᠪᠠ ᠬᠡᠦᠬᠡᠳ ᠦᠨ ᠢᠶᠠᠨ ᠲᠥᠯᠥᠭᠡ ᠤᠬᠢᠯᠠ᠃ 29 ᠠᠩ᠋ᠬᠠᠷᠤᠭᠲᠤᠨ᠂ 〈ᠬᠡᠭᠦᠰᠡᠷ ᠡᠬᠡᠨᠡᠷ᠂ ᠵᠢᠷᠮᠦᠰᠦᠯᠡᠭᠡ ᠦᠭᠡᠢ ᠬᠡᠪᠡᠯᠢ ᠪᠠ ᠬᠡᠦᠬᠡᠳ ᠬᠥᠬᠥᠭᠦᠯᠦᠭᠡ ᠦᠭᠡᠢ ᠬᠥᠬᠥ ᠪᠤᠶᠠᠨ ᠲᠠᠢ︕〉 ᠭᠡᠵᠦ ᠬᠡᠯᠡᠬᠦ ᠡᠳᠦᠷ ᠤᠳ ᠢᠷᠡᠨ᠎ᠡ᠃ 30 ᠲᠡᠷᠡ ᠦᠶ᠎ᠡ ᠳᠦ ᠲᠡᠳᠡ ᠠᠭᠤᠯᠠᠰ ᠲᠤ᠄ 〈ᠪᠢᠳᠡᠨ ᠦ ᠳᠡᠭᠡᠷ᠎ᠡ ᠨᠤᠷᠠᠭᠠᠴᠢ︕〉 ᠭᠡᠵᠦ᠂ ᠲᠣᠯᠣᠭᠠᠳ ᠲᠤ᠄ 〈ᠪᠢᠳᠡᠨ ᠢ ᠪᠦᠲᠡᠭᠡᠭᠡᠴᠢ︕〉 ᠭᠡᠯᠴᠡᠬᠦ ᠪᠣᠯᠣᠨ᠎ᠠ᠃ 31 ᠲᠡᠳᠡ ᠨᠣᠭᠣᠭᠠᠨ ᠮᠣᠳᠣᠨ ᠳᠤ ᠡᠳᠡᠭᠡᠷ ᠢ ᠦᠢᠯᠡᠳᠳᠡᠭ ᠪᠣᠯ᠂ ᠬᠤᠪᠠᠬᠠᠢ ᠮᠣᠳᠣᠨ ᠳᠤ ᠶᠠᠭᠤ ᠪᠣᠯᠬᠤ ᠪᠤᠢ︖》 ᠭᠡᠪᠡ᠃
ᠢᠰᠦ᠋ᠰ ᠵᠠᠭᠠᠯᠮᠠᠢ ᠳᠤ ᠴᠣᠪᠳᠣᠯᠠᠭᠳᠠᠭᠰᠠᠨ ᠨᠢ
32 ᠬᠣᠶᠠᠷ ᠬᠡᠷᠡᠭᠲᠡᠨ ᠢ ᠴᠤ ᠢᠰᠦ᠋ᠰ ᠲᠠᠢ ᠬᠠᠮᠲᠤ ᠴᠠᠭᠠᠵᠠᠯᠠᠬᠤ ᠪᠠᠷ ᠠᠪᠴᠤ ᠶᠠᠪᠤᠵᠠᠢ᠃ 33 ᠲᠡᠳᠡ ᠭᠠᠪᠠᠯᠠ ᠭᠡᠳᠡᠭ ᠭᠠᠵᠠᠷ ᠲᠤ ᠬᠦᠷᠦᠭᠡᠳ ᠢᠰᠦ᠋ᠰ ᠢ ᠵᠠᠭᠠᠯᠮᠠᠢ ᠳᠡᠭᠡᠷ᠎ᠡ ᠴᠣᠪᠳᠣᠯᠠᠨ᠂ ᠬᠣᠶᠠᠷ ᠬᠡᠷᠡᠭᠲᠡᠨ ᠦ ᠨᠢᠭᠡ ᠶᠢ ᠨᠢ ᠪᠠᠷᠠᠭᠤᠨ ᠲᠠᠯ᠎ᠠ ᠳᠤᠨᠢ᠂ ᠨᠥᠭᠥᠭᠡ ᠶᠢ ᠨᠢ ᠵᠡᠭᠦᠨ ᠲᠠᠯ᠎ᠠ ᠳᠤᠨᠢ ᠴᠣᠪᠳᠣᠯᠠᠵᠠᠢ᠃ 34 〔ᠢᠰᠦ᠋ᠰ᠄ 《ᠠᠪᠤ ᠡ᠂ ᠲᠡᠳᠡᠨ ᠢ ᠠᠭᠤᠴᠢᠯᠠᠭᠠᠴᠢ︕ ᠲᠡᠳᠡ ᠶᠠᠭᠤ ᠬᠢᠵᠦ ᠪᠠᠢᠭ᠎ᠠ ᠪᠠᠨ ᠮᠡᠳᠡᠬᠦ ᠦᠭᠡᠢ ᠪᠠᠢᠨ᠎ᠠ》 ᠭᠡᠵᠦ ᠪᠠᠢᠬᠤ ᠳᠤ᠂〕 ᠲᠡᠳᠡ ᠰᠢᠪᠠᠭᠠᠳᠠᠵᠤ᠂ ᠢᠰᠦ᠋ᠰ ᠤᠨ ᠬᠤᠪᠴᠠᠰᠤ ᠬᠤᠨᠠᠷ ᠢ ᠬᠤᠪᠢᠶᠠᠯᠴᠠᠪᠠ᠃ 35 ᠠᠷᠠᠳ ᠣᠯᠠᠨ ᠵᠣᠭᠰᠣᠭᠠᠳ ᠬᠠᠷᠠᠵᠤ ᠪᠠᠢᠬᠤ ᠳᠤ᠂ ᠨᠣᠶᠠᠳ ᠲᠡᠭᠦᠨ ᠢ ᠡᠯᠡᠭᠯᠡᠵᠦ᠄ 《ᠲᠡᠷᠡ ᠪᠤᠰᠤᠳ ᠢ ᠠᠪᠤᠷᠠᠭᠰᠠᠨ᠂ ᠬᠡᠷᠪᠡ ᠪᠤᠷᠬᠠᠨ ᠤ ᠰᠣᠩ᠋ᠭᠣᠭᠰᠠᠨ ᠾᠷᠢᠰᠲ᠋ᠣᠰ ᠮᠥᠨ ᠶᠤᠮ ᠪᠣᠯ ᠥᠪᠡᠷ ᠢ ᠪᠠᠨ ᠠᠪᠤᠷᠠᠭ︕》 ᠭᠡᠵᠡᠭᠡᠵᠦ ᠪᠠᠢᠪᠠ᠃ 36 ᠴᠡᠷᠢᠭ ᠤᠳ ᠴᠤ ᠲᠡᠭᠦᠨ ᠢ ᠳᠣᠭᠣᠭᠢᠯᠠᠵᠤ᠂ ᠳᠡᠷᠭᠡᠳᠡ ᠨᠢ ᠢᠷᠡᠭᠡᠳ ᠢᠰᠭᠦᠯᠡᠩ ᠳᠠᠷᠠᠰᠤ ᠤᠤᠭᠤᠯᠭᠠᠬᠤ ᠪᠠᠷ ᠥᠭᠴᠦ᠄ 37 《ᠴᠢ ᠶᠦᠳᠠᠢᠴᠤᠳ ᠤᠨ ᠬᠠᠭᠠᠨ ᠮᠥᠨ ᠶᠤᠮ ᠪᠣᠯ ᠥᠪᠡᠷ ᠢ ᠪᠠᠨ ᠠᠪᠤᠷᠠᠵᠤ ᠦᠵᠡ︕》 ᠭᠡᠪᠡ᠃ 38 ᠢᠰᠦ᠋ᠰ ᠤᠨ ᠳᠡᠭᠡᠳᠦ ᠲᠠᠯ᠎ᠠ ᠳᠤ᠄ 《ᠡᠨᠡ ᠪᠣᠯ ᠶᠦᠳᠠᠢᠴᠤᠳ ᠤᠨ ᠬᠠᠭᠠᠨ》 ᠭᠡᠬᠦ ᠪᠢᠴᠢᠭᠡᠰᠦ ᠲᠠᠢ ᠫᠠᠢᠰᠠ ᠪᠠᠢᠯ᠎ᠠ᠃
39 ᠬᠠᠮᠲᠤ ᠬᠠᠳᠠᠭᠳᠠᠭᠰᠠᠨ ᠬᠡᠷᠡᠭᠲᠡᠨ ᠦ ᠨᠢᠭᠡ ᠨᠢ᠄ 《ᠴᠢ ᠴᠢᠨᠢ ᠾᠷᠢᠰᠲ᠋ᠣᠰ ᠪᠢᠰᠢ ᠤᠤ︖ ᠥᠪᠡᠷ ᠢ ᠪᠠᠨ ᠪᠠ ᠪᠢᠳᠡᠨ ᠢ ᠠᠪᠤᠷᠠ ᠳᠠ︕》 ᠭᠡᠵᠦ ᠲᠠᠪᠠᠯᠠᠬᠤ ᠳᠤ᠂ 40 ᠬᠠᠷᠢᠨ ᠨᠥᠭᠥᠭᠡ ᠨᠢ ᠲᠡᠭᠦᠨ ᠢ ᠵᠢᠮᠡᠯᠡᠵᠦ᠄ 《ᠠᠳᠠᠯᠢᠬᠠᠨ ᠡᠷᠡᠭᠦᠦ ᠠᠮᠰᠠᠵᠤ ᠪᠠᠢᠲᠠᠯ᠎ᠠ ᠪᠠᠨ ᠴᠢ ᠪᠤᠷᠬᠠᠨ ᠠᠴᠠ ᠠᠶᠤᠬᠤ ᠦᠭᠡᠢ ᠪᠠᠢᠨ᠎ᠠ ᠤᠤ︖ 41 ᠪᠢᠳᠡ ᠬᠣᠶᠠᠷ ᠦᠢᠯᠡᠳᠦᠭᠰᠡᠨ ᠬᠡᠷᠡᠭ ᠦᠨ ᠢᠶᠠᠨ ᠶᠣᠰᠣᠭᠠᠷ ᠵᠣᠬᠢᠰᠲᠠᠢ ᠡᠷᠡᠭᠦᠦ ᠪᠡᠨ ᠡᠳ᠋ᠯᠡᠬᠦ ᠶᠣᠰᠣᠲᠠᠢ᠃ ᠬᠠᠷᠢᠨ ᠡᠨᠡ ᠬᠥᠮᠦᠨ ᠶᠠᠮᠠᠷ ᠴᠤ ᠪᠤᠷᠤᠭᠤ ᠬᠢᠭᠰᠡᠨ ᠦᠭᠡᠢ》 ᠭᠡᠪᠡ᠃ 42 ᠲᠡᠷᠡ᠄ 《ᠢᠰᠦ᠋ᠰ ᠡ᠂ ᠲᠠ ᠬᠠᠭᠠᠨᠴᠢᠯᠠᠯ ᠳᠠᠭᠠᠨ ᠣᠷᠣᠬᠤ ᠳᠠᠭᠠᠨ ᠨᠠᠮᠠᠶᠢ ᠰᠠᠨᠠᠭᠠᠷᠠᠢ︕》 ᠭᠡᠬᠦ ᠳᠦ᠂ 43 ᠢᠰᠦ᠋ᠰ᠄ 《ᠴᠢᠮ᠎ᠠ ᠳᠤ ᠪᠠᠲᠤᠲᠠᠢ ᠬᠡᠯᠡᠶ᠎ᠡ᠂ ᠥᠨᠥᠳᠥᠷ ᠴᠢ ᠨᠠᠳᠠ ᠲᠠᠢ ᠬᠠᠮᠲᠤ ᠳ᠋ᠧᠪᠠᠵᠠᠨ ᠳᠤ ᠪᠠᠢᠬᠤ ᠪᠣᠯᠣᠨ᠎ᠠ》 ᠭᠡᠪᠡ᠃
44 ᠦᠳᠡ ᠪᠣᠯᠬᠤ ᠳᠤ ᠪᠦᠬᠦ ᠭᠠᠵᠠᠷ ᠬᠠᠷᠠᠩ᠋ᠭᠤᠢᠯᠠᠵᠤ ᠭᠤᠷᠪᠠᠨ ᠴᠠᠭ ᠬᠦᠷᠲᠡᠯ᠎ᠡ ᠬᠠᠷᠠᠩ᠋ᠭᠤᠢ ᠳᠤ ᠬᠤᠴᠢᠭᠳᠠᠵᠠᠢ᠃ 45 ᠨᠠᠷᠠ ᠭᠡᠷᠡᠯ ᠦᠭᠡᠢ ᠪᠣᠯᠵᠤ᠂ ᠥᠷᠭᠥᠭᠡᠨ ᠦ ᠬᠥᠰᠢᠭᠡ ᠬᠣᠶᠠᠷ ᠬᠡᠰᠡᠭ ᠪᠣᠯᠣᠨ ᠴᠤᠭᠤᠷᠠᠪᠠ᠃ 46 ᠢᠰᠦ᠋ᠰ ᠴᠢᠩᠭ᠍᠎ᠠ ᠳᠠᠭᠤᠨ ᠢᠶᠠᠷ᠄ 《ᠠᠪᠤ ᠡ᠂ ᠲᠠᠨ ᠤ ᠮᠤᠲᠤᠷ ᠲᠤ ᠪᠢ ᠰᠦᠨᠡᠰᠦ ᠪᠡᠨ ᠳᠠᠭᠠᠭᠠᠯᠭᠠᠶᠠ》 ᠭᠡᠵᠦ ᠬᠡᠯᠡᠭᠡᠳ ᠠᠮᠢᠰᠬᠤᠯ ᠬᠤᠷᠢᠶᠠᠪᠠ᠃ 47 ᠵᠠᠭᠤᠲᠤ ᠶᠢᠨ ᠳᠠᠷᠤᠭ᠎ᠠ ᠶᠠᠭᠤ ᠪᠣᠯᠣᠭᠰᠠᠨ ᠢ ᠦᠵᠡᠭᠡᠳ ᠪᠤᠷᠬᠠᠨ ᠢ ᠠᠯᠳᠠᠷᠰᠢᠭᠤᠯᠤᠨ᠄ 《ᠡᠨᠡ ᠴᠢᠨᠢ ᠨᠡᠭᠡᠷᠡᠨ ᠵᠥᠪᠲᠡᠨ ᠪᠠᠢᠵᠠᠢ》 ᠭᠡᠪᠡ᠃ 48 ᠶᠠᠭᠤ ᠪᠣᠯᠬᠤ ᠶᠢ ᠦᠵᠡᠬᠦ ᠪᠡᠷ ᠴᠤᠭᠯᠠᠷᠠᠭᠰᠠᠨ ᠠᠷᠠᠳ ᠣᠯᠠᠨ ᠪᠣᠯᠣᠭᠰᠠᠨ ᠪᠦᠬᠦ ᠶᠠᠪᠤᠳᠠᠯ ᠢ ᠦᠵᠡᠭᠡᠳ ᠴᠡᠭᠡᠵᠢ ᠪᠠᠨ ᠳᠡᠯᠡᠳᠦᠭᠰᠡᠭᠡᠷ ᠬᠠᠷᠢᠯ᠎ᠠ᠃ 49 ᠪᠠᠰᠠ ᠢᠰᠦ᠋ᠰ ᠤᠨ ᠪᠦᠬᠦ ᠲᠠᠨᠢᠯ ᠬᠥᠮᠦᠨ ᠪᠠ ᠭᠠᠯᠢᠯᠠᠶ᠎ᠠ ᠠᠴᠠ ᠳᠠᠭᠠᠵᠤ ᠢᠷᠡᠭᠰᠡᠨ ᠡᠮᠡᠭᠲᠡᠢᠴᠦᠳ ᠴᠤ ᠬᠣᠯᠠ ᠵᠣᠭᠰᠣᠭᠠᠳ ᠡᠳᠡᠭᠡᠷ ᠢ ᠬᠠᠷᠠᠵᠤ ᠪᠠᠢᠯ᠎ᠠ᠃
ᠢᠰᠦ᠋ᠰ ᠪᠤᠯᠠᠰᠢᠯᠠᠭᠳᠠᠭᠰᠠᠨ ᠨᠢ
50 ᠰᠢᠭᠦᠬᠦ ᠵᠥᠪᠯᠡᠯ ᠦᠨ ᠭᠡᠰᠢᠭᠦᠳ ᠦᠨ ᠳᠤᠮᠳᠠ ᠶᠣᠰᠧᠹ ᠭᠡᠳᠡᠭ ᠵᠥᠪᠲᠦ ᠰᠠᠢᠨ ᠬᠥᠮᠦᠨ ᠪᠠᠢᠵᠠᠢ᠃ 51 ᠲᠡᠷᠡ ᠲᠡᠳᠡᠨ ᠦ ᠰᠢᠢᠳᠪᠦᠷᠢ ᠪᠠ ᠦᠢᠯᠡ ᠶᠠᠪᠤᠳᠠᠯ ᠳᠤ ᠰᠠᠨᠠᠯ ᠨᠡᠢᠯᠡᠭᠡ ᠦᠭᠡᠢ᠃ ᠲᠡᠷᠡ ᠪᠣᠯ ᠠᠷᠢᠮᠠᠲ᠋ᠠ ᠭᠡᠳᠡᠭ ᠶᠦᠳᠠᠢᠴᠤᠳ ᠤᠨ ᠲᠣᠰᠬᠣᠨ ᠤ ᠬᠥᠮᠦᠨ ᠪᠥᠭᠡᠳ ᠪᠤᠷᠬᠠᠨ ᠤ ᠬᠠᠭᠠᠨᠴᠢᠯᠠᠯ ᠢ ᠬᠦᠯᠢᠶᠡᠵᠦ ᠪᠠᠢᠵᠠᠢ᠃ 52 ᠶᠣᠰᠧᠹ ᠫᠢᠯᠠᠲ ᠳᠡᠭᠡᠷ᠎ᠡ ᠣᠴᠢᠵᠤ᠂ ᠢᠰᠦ᠋ᠰ ᠤᠨ ᠴᠣᠭᠴᠠ ᠶᠢ ᠭᠤᠶᠤᠪᠠ᠃ 53 ᠲᠡᠭᠡᠭᠡᠳ ᠲᠡᠭᠦᠨ ᠢ ᠪᠠᠭᠤᠯᠭᠠᠵᠤ ᠥᠷᠮᠥᠭ ᠢᠶᠡᠷ ᠪᠣᠭᠣᠭᠠᠳ ᠬᠥᠮᠦᠨ ᠣᠷᠣᠰᠢᠭᠤᠯᠤᠭ᠎ᠠ ᠦᠭᠡᠢ᠂ ᠬᠠᠳᠠ ᠤᠬᠤᠵᠤ ᠪᠡᠯᠡᠳᠬᠡᠭᠰᠡᠨ ᠪᠤᠯᠠᠰᠢᠨ ᠳᠤ ᠲᠠᠯᠪᠢᠵᠠᠢ᠃ 54 ᠪᠡᠯᠡᠳᠬᠡᠯ ᠦᠨ ᠡᠳᠦᠷ ᠥᠩᠭᠡᠷᠡᠵᠦ ᠠᠮᠠᠷᠠᠯ ᠤᠨ ᠡᠳᠦᠷ ᠪᠣᠯᠬᠤ ᠭᠡᠵᠦ ᠪᠠᠢᠯ᠎ᠠ᠃ 55 ᠭᠠᠯᠢᠯᠠᠶ᠎ᠠ ᠠᠴᠠ ᠢᠰᠦ᠋ᠰ ᠲᠠᠢ ᠴᠤᠭ ᠢᠷᠡᠭᠰᠡᠨ ᠡᠮᠡᠭᠲᠡᠢᠴᠦᠳ ᠶᠣᠰᠧᠹ ᠢ ᠳᠠᠭᠠᠵᠤ ᠪᠤᠯᠠᠰᠢ ᠶᠢ ᠦᠵᠡᠬᠦ ᠶᠢᠨ ᠬᠠᠮᠲᠤ ᠢᠰᠦ᠋ᠰ ᠤᠨ ᠴᠣᠭᠴᠠ ᠶᠢ ᠶᠠᠭᠠᠬᠢᠵᠤ ᠲᠠᠯᠪᠢᠬᠤ ᠶᠢ ᠬᠠᠷᠠᠵᠠᠢ᠃ 56 ᠲᠡᠭᠡᠭᠡᠳ ᠭᠡᠷ ᠲᠡᠭᠡᠨ ᠬᠠᠷᠢᠵᠤ ᠦᠨᠦᠷᠲᠡᠨ ᠪᠠ ᠲᠣᠰᠣ ᠪᠡᠯᠡᠳᠬᠡᠵᠡᠢ᠃ ᠠᠮᠠᠷᠠᠯ ᠤᠨ ᠡᠳᠦᠷ ᠲᠡᠳᠡ ᠵᠠᠷᠯᠢᠭ ᠶᠣᠰᠣᠭᠠᠷ ᠠᠮᠠᠷᠠᠪᠠ᠃