1 2 3 4 5 6 7 8 9 10 11 12 13 14 15 16 17 18 19 20 21 22 23 24


ᠯᠦᠺ ᠳᠣᠯᠣᠭ᠎ᠠ
 ᠵᠠᠭᠤᠲᠤ ᠶᠢᠨ ᠳᠠᠷᠤᠭ᠎ᠠ ᠶᠢᠨ ᠢᠲᠡᠭᠡᠯ

1 ᠢᠰᠦ᠋ᠰ ᠪᠦᠬᠦ ᠰᠤᠷᠭᠠᠯ ᠢ ᠠᠷᠠᠳ ᠣᠯᠠᠨ ᠳᠤ ᠰᠣᠨᠣᠰᠬᠠᠵᠤ ᠳᠠᠭᠤᠰᠤᠭᠠᠳ ᠺᠠᠹᠠᠷᠨᠠᠦ᠋ᠮ ᠣᠷᠣᠪᠠ᠃ 2 ᠨᠢᠭᠡᠨ ᠵᠠᠭᠤᠲᠤ ᠶᠢᠨ ᠳᠠᠷᠤᠭ᠎ᠠ ᠶᠢᠨ ᠬᠠᠢᠷᠠᠲᠠᠢ ᠵᠠᠷᠤᠴᠠ ᠡᠪᠡᠳᠴᠢᠯᠡᠭᠡᠳ ᠨᠠᠰᠤ ᠪᠠᠷᠠᠬᠤ ᠶᠢᠨ ᠳᠠᠪᠠᠭᠠᠨ ᠳᠡᠭᠡᠷ᠎ᠡ ᠪᠠᠢᠪᠠ᠃ 3 ᠵᠠᠭᠤᠲᠤ ᠶᠢᠨ ᠳᠠᠷᠤᠭ᠎ᠠ ᠢᠰᠦ᠋ᠰ ᠤᠨ ᠲᠤᠬᠠᠢ ᠰᠣᠨᠣᠰᠣᠭᠠᠳ ᠶᠦᠳᠠᠢᠴᠤᠳ ᠤᠨ ᠬᠡᠳᠦᠨ ᠠᠬᠠᠯᠠᠭᠴᠢᠳ ᠢ ᠶᠠᠪᠤᠭᠤᠯᠤᠨ᠄ 《ᠢᠷᠡᠭᠡᠳ ᠵᠠᠷᠤᠴᠠ ᠶᠢ ᠮᠢᠨᠢ ᠠᠪᠤᠷᠠᠭᠠᠴᠢ》 ᠭᠡᠵᠦ ᠭᠤᠶᠤᠭᠤᠯᠪᠠ᠃ 4 ᠲᠡᠳᠡ ᠢᠰᠦ᠋ᠰ ᠤᠨ ᠳᠡᠷᠭᠡᠳᠡ ᠬᠦᠷᠦᠭᠡᠳ ᠬᠢᠴᠢᠶᠡᠩᠭᠦᠢᠯᠡᠨ ᠭᠤᠶᠤᠵᠤ᠄ 《ᠲᠡᠷᠡ ᠪᠣᠯ ᠲᠤᠰᠠᠯᠠᠮᠵᠢ ᠬᠦᠷᠲᠡᠬᠦ ᠵᠣᠬᠢᠰᠲᠠᠢ ᠬᠥᠮᠦᠨ ᠪᠢᠯᠡ᠃ 5 ᠲᠡᠷᠡ ᠮᠠᠨ ᠤ ᠦᠨᠳᠦᠰᠦᠲᠡᠨ ᠢ ᠬᠠᠢᠷᠠᠯᠠᠳᠠᠭ ᠪᠥᠭᠡᠳ ᠪᠢᠳᠡᠨ ᠳᠦ ᠬᠤᠷᠠᠯ ᠤᠨ ᠲᠠᠩᠬᠢᠮ ᠪᠠᠷᠢᠵᠤ ᠥᠭᠭᠥᠭᠰᠡᠨ ᠶᠤᠮ》 ᠭᠡᠵᠡᠢ᠃ 6 ᠢᠰᠦ᠋ᠰ ᠲᠡᠳᠡᠨ ᠲᠡᠢ ᠬᠠᠮᠲᠤ ᠶᠠᠪᠤᠵᠤ ᠭᠡᠷ ᠲᠤᠨᠢ ᠳᠥᠬᠥᠬᠦ ᠦᠶ᠎ᠡ ᠳᠦ᠂ ᠵᠠᠭᠤᠲᠤ ᠶᠢᠨ ᠳᠠᠷᠤᠭ᠎ᠠ ᠠᠨᠳᠠ ᠨᠠᠷ ᠢᠶᠠᠨ ᠢᠯᠡᠭᠡᠭᠡᠳ᠄ 《ᠡᠵᠡᠨ᠂ ᠲᠠ ᠪᠡᠶ᠎ᠡ ᠪᠡᠨ ᠴᠢᠯᠡᠭᠡᠬᠦ ᠬᠡᠷᠡᠭ ᠦᠭᠡᠢ᠃ ᠲᠠᠨ ᠢ ᠪᠣᠭᠣᠨᠢ ᠰᠠᠷᠠᠪᠴᠢᠨ ᠳᠠᠭᠠᠨ ᠵᠠᠯᠠᠬᠤ ᠬᠢᠷᠢ ᠭᠡᠮ ᠨᠠᠳᠠ ᠳᠤ ᠪᠠᠢᠬᠤ ᠦᠭᠡᠢ᠃ 7 ᠥᠪᠡᠷ ᠢᠶᠡᠨ ᠴᠤ ᠪᠢ ᠲᠠᠨ ᠤᠷᠤᠭᠤ ᠣᠴᠢᠵᠤ ᠵᠢᠷᠦᠬᠡᠯᠡᠭᠰᠡᠨ ᠦᠭᠡᠢ᠃ ᠲᠠ ᠦᠭᠡ ᠪᠡᠨ ᠯᠠ ᠠᠢᠯᠠᠳᠤᠭᠠᠴᠢ᠂ ᠲᠡᠭᠡᠪᠡᠯ ᠵᠠᠷᠤᠴᠠ ᠮᠢᠨᠢ ᠡᠳᠡᠭᠡᠨ᠎ᠡ᠃ 8 ᠪᠢ ᠬᠥᠮᠦᠨ ᠦ ᠮᠡᠳᠡᠯ ᠳᠣᠣᠷ᠎ᠠ ᠪᠠᠢᠪᠠᠴᠤ᠂ ᠮᠢᠨᠦ ᠳᠣᠣᠷ᠎ᠠ ᠴᠡᠷᠢᠭ ᠤᠳ ᠪᠠᠢᠳᠠᠭ᠃ ᠪᠢ ᠨᠢᠭᠡ ᠶᠢ ᠨᠢ᠄ 〈ᠶᠠᠪᠤ〉 ᠭᠡᠪᠡᠯ ᠲᠡᠷᠡ ᠶᠠᠪᠤᠨ᠎ᠠ᠂ ᠨᠥᠭᠥᠭᠡ ᠶᠢ ᠨᠢ 〈ᠢᠷ᠎ᠡ〉 ᠭᠡᠪᠡᠯ ᠲᠡᠷᠡ ᠢᠷᠡᠨ᠎ᠡ᠃ ᠵᠠᠷᠤᠴᠠ ᠪᠠᠨ᠄ 〈ᠡᠭᠦᠨ ᠢ ᠬᠢ〉 ᠭᠡᠪᠡᠯ ᠲᠡᠷᠡ ᠬᠢᠨ᠎ᠡ》 ᠭᠡᠵᠦ ᠬᠡᠯᠡᠭᠦᠯᠵᠡᠢ᠃ 9 ᠢᠰᠦ᠋ᠰ ᠰᠣᠨᠣᠰᠣᠭᠠᠳ ᠭᠠᠢᠬᠠᠵᠤ ᠣᠯᠠᠨ ᠳᠠᠭᠠᠭᠰᠠᠳ ᠤᠷᠤᠭᠤ ᠪᠠᠨ ᠡᠷᠭᠢᠵᠦ᠄ 《ᠲᠠ ᠨᠠᠷ ᠲᠤ ᠬᠡᠯᠡᠶ᠎ᠡ᠃ ᠡᠢᠮᠦ ᠶᠡᠬᠡ ᠢᠲᠡᠭᠡᠯ ᠢ ᠪᠢ ᠢᠰᠷᠧᠯ ᠳᠤ ᠦᠵᠡᠭᠰᠡᠨ ᠦᠭᠡᠢ》 ᠭᠡᠯ᠎ᠡ᠃ 10 ᠲᠡᠭᠡᠬᠦ ᠳᠦ᠂ ᠳᠠᠷᠤᠭ᠎ᠠ ᠶᠢᠨ ᠶᠠᠪᠤᠭᠤᠯᠤᠭᠰᠠᠨ ᠬᠥᠮᠦᠰ ᠪᠤᠴᠠᠵᠤ ᠲᠡᠭᠦᠨ ᠦ ᠭᠡᠷ ᠲᠦ ᠬᠦᠷᠴᠦ ᠦᠵᠡᠬᠦ ᠳᠦ᠂ ᠵᠠᠷᠤᠴᠠ ᠨᠢ ᠢᠯᠠᠷᠢᠰᠢᠭᠰᠠᠨ ᠪᠠᠢᠯ᠎ᠠ᠃

11 ᠳᠠᠷᠠᠭ᠎ᠠ ᠨᠢ ᠢᠰᠦ᠋ᠰ ᠨᠠᠢᠨ ᠭᠡᠳᠡᠭ ᠲᠣᠰᠬᠣᠨ ᠤᠷᠤᠭᠤ ᠶᠠᠪᠤᠬᠤ ᠳᠤ᠂ ᠱᠠᠪᠢ ᠨᠠᠷ ᠪᠠ ᠮᠠᠰᠢ ᠣᠯᠠᠨ ᠬᠥᠮᠦᠨ ᠳᠠᠭᠠᠵᠤ ᠪᠠᠢᠯ᠎ᠠ᠃ 12 ᠲᠡᠷᠡ ᠪᠡᠷ ᠲᠣᠰᠬᠣᠨ ᠤ ᠬᠠᠭᠠᠯᠭᠠᠨ ᠳᠤ ᠣᠢᠷᠠᠲᠤᠲᠠᠯ᠎ᠠ᠂ ᠲᠡᠨᠳᠡᠬᠢ ᠶᠢᠨ ᠬᠢᠨ ᠦᠬᠦᠭᠰᠡᠨ ᠬᠥᠮᠦᠨ ᠢ ᠳᠠᠮᠨᠠᠨ ᠭᠠᠷᠭᠠᠵᠤ ᠪᠠᠢᠪᠠ᠃ ᠲᠡᠷᠡ ᠪᠣᠯ ᠨᠢᠭᠡᠨ ᠪᠡᠯᠪᠡᠰᠦᠨ ᠡᠮᠡᠭᠲᠡᠢ ᠶᠢᠨ ᠭᠠᠭᠴᠠ ᠬᠦᠦ ᠶᠤᠮ᠃ ᠲᠣᠰᠬᠣᠨ ᠤ ᠮᠠᠰᠢ ᠣᠯᠠᠨ ᠬᠥᠮᠦᠨ ᠲᠡᠷᠡ ᠡᠮᠡᠭᠲᠡᠢ ᠲᠡᠢ ᠬᠠᠮᠲᠤ ᠪᠠᠢᠵᠠᠢ᠃ 13 ᠡᠵᠡᠨ ᠪᠡᠯᠪᠡᠰᠦᠨ ᠡᠮᠡᠭᠲᠡᠢ ᠶᠢ ᠬᠠᠷᠠᠭᠠᠳ ᠥᠷᠥ ᠡᠪᠡᠳᠴᠦ᠄ 《ᠪᠦᠦ ᠤᠬᠢᠯᠠ》 ᠭᠡᠳ ᠣᠢᠷᠠᠲᠤᠵᠤ 14 ᠠᠪᠰᠠᠨ ᠳᠤ ᠭᠠᠷ ᠢᠶᠠᠨ ᠬᠦᠷᠭᠡᠬᠦ ᠳᠦ᠂ ᠳᠠᠮᠨᠠᠭᠤᠷᠴᠢᠳ ᠨᠢ ᠵᠣᠭᠰᠣᠪᠠ᠃ ᠢᠰᠦ᠋ᠰ᠄ 《ᠵᠠᠯᠠᠭᠤ ᠡ᠂ ᠴᠢᠮ᠎ᠠ ᠳᠤ ᠬᠡᠯᠡᠶ᠎ᠡ᠂ ᠪᠣᠰ︕》 ᠭᠡᠬᠦ ᠳᠦ᠂ 15 ᠦᠬᠦᠭᠰᠡᠨ ᠬᠥᠮᠦᠨ ᠥᠨᠳᠡᠢᠭᠡᠳ ᠶᠠᠷᠢᠵᠤ ᠡᠬᠢᠯᠡᠪᠡ᠃ ᠢᠰᠦ᠋ᠰ ᠲᠡᠭᠦᠨ ᠢ ᠡᠬᠡ ᠳᠦᠨᠢ ᠲᠤᠰᠢᠶᠠᠯ᠎ᠠ᠃ 16 ᠲᠡᠳᠡ ᠪᠦᠭᠦᠳᠡᠭᠡᠷ ᠢᠶᠡᠨ ᠠᠢᠳᠠᠰ ᠲᠤ ᠠᠪᠲᠠᠵᠤ᠂ ᠪᠤᠷᠬᠠᠨ ᠢ ᠮᠠᠭᠲᠠᠨ᠄ 《ᠪᠢᠳᠡᠨ ᠦ ᠳᠤᠮᠳᠠ ᠠᠭᠤᠤ ᠶᠡᠬᠡ ᠡᠰᠢ ᠦᠵᠡᠭᠦᠯᠦᠭᠴᠢ ᠭᠠᠷᠴᠠᠢ》 ᠭᠡᠰᠡᠨ ᠢᠶᠡᠨ ᠪᠠᠰᠠ 《ᠪᠤᠷᠬᠠᠨ ᠠᠷᠠᠳ ᠲᠦᠮᠡᠨ ᠳᠡᠭᠡᠨ ᠵᠠᠯᠠᠷᠠᠨ ᠢᠷᠡᠯ᠎ᠡ》 ᠭᠡᠵᠡᠭᠡᠵᠦ ᠪᠠᠢᠯ᠎ᠠ᠃ 17 ᠲᠡᠭᠦᠨ ᠦ ᠲᠤᠬᠠᠢ ᠮᠡᠳᠡᠭᠡ ᠪᠦᠬᠦ ᠶᠦᠳᠠᠢ ᠪᠣᠯᠣᠨ ᠣᠢᠷ᠎ᠠ ᠬᠠᠪᠢ ᠶᠢᠨ ᠪᠦᠬᠦ ᠨᠤᠲᠤᠭ ᠢᠶᠠᠷ ᠲᠠᠷᠬᠠᠯ᠎ᠠ᠃
 ᠶᠣᠬᠠᠨ ᠢᠰᠦ᠋ᠰ ᠡᠴᠡ ᠠᠰᠠᠭᠤᠯᠭᠠᠭᠰᠠᠨ ᠨᠢ

18 ᠶᠣᠬᠠᠨ ᠤ ᠱᠠᠪᠢ ᠨᠠᠷ ᠡᠨᠡ ᠪᠦᠬᠦᠨ ᠢ ᠶᠣᠬᠠᠨ ᠳᠤ ᠳᠤᠭᠤᠯᠭᠠᠪᠠ᠃ ᠶᠣᠬᠠᠨ ᠱᠠᠪᠢ ᠨᠠᠷ ᠠᠴᠠ ᠪᠠᠨ ᠬᠣᠶᠠᠷ ᠢ ᠳᠠᠭᠤᠳᠠᠵᠤ᠂ 19 ᠡᠵᠡᠨ ᠤᠷᠤᠭᠤ ᠢᠯᠡᠭᠡᠨ᠄ 《ᠢᠷᠡᠬᠦ ᠶᠣᠰᠣᠲᠠᠢ ᠨᠢᠭᠡᠨ ᠨᠢ ᠲᠠ ᠮᠥᠨ ᠤᠤ︖ ᠡᠰᠡᠪᠡᠯ ᠪᠢᠳᠡ ᠥᠭᠡᠷ᠎ᠡ ᠨᠢᠭᠡᠨ ᠢ ᠬᠦᠯᠢᠶᠡᠬᠦ ᠤᠤ︖》 ᠭᠡᠵᠦ ᠠᠰᠠᠭᠤᠯᠭᠠᠪᠠ᠃ 20 ᠲᠡᠳᠡ ᠢᠰᠦ᠋ᠰ ᠲᠤ ᠣᠴᠢᠵᠤ᠄ 《ᠤᠬᠢᠶᠠᠯ ᠬᠦᠷᠲᠡᠭᠡᠭᠴᠢ ᠶᠣᠬᠠᠨ ᠪᠢᠳᠡᠨ ᠢ ᠲᠠᠨ ᠤᠷᠤᠭᠤ ᠢᠯᠡᠭᠡᠵᠦ᠂ ᠢᠷᠡᠬᠦ ᠶᠣᠰᠣᠲᠠᠢ ᠨᠢᠭᠡᠨ ᠨᠢ ᠲᠠ ᠮᠥᠨ ᠤᠤ︖ ᠡᠰᠡᠪᠡᠯ ᠪᠢᠳᠡ ᠥᠭᠡᠷ᠎ᠡ ᠨᠢᠭᠡᠨ ᠢ ᠬᠦᠯᠢᠶᠡᠬᠦ ᠤᠤ︖ ᠭᠡᠵᠦ ᠠᠰᠠᠭᠤᠯᠭᠠᠭᠰᠠᠨ ᠶᠤᠮ》 ᠭᠡᠵᠡᠢ᠃ 21 ᠶᠠᠭ ᠲᠡᠷᠡ ᠴᠠᠭ ᠲᠤ᠂ ᠢᠰᠦ᠋ᠰ ᠣᠯᠠᠨ ᠬᠥᠮᠦᠨ ᠢ ᠡᠪᠡᠳᠴᠢᠨ ᠡᠮᠭᠡᠭ᠂ ᠭᠠᠢ ᠵᠣᠪᠠᠯᠠᠩ᠂ ᠮᠠᠭᠤ ᠴᠢᠳᠬᠥᠷ ᠤᠳ ᠠᠴᠠ ᠰᠠᠯᠭᠠᠨ ᠡᠳᠡᠭᠡᠭᠡᠵᠦ᠂ ᠣᠯᠠᠨ ᠰᠣᠬᠣᠷ ᠬᠥᠮᠦᠨ ᠳᠦ ᠬᠠᠷᠠᠭ᠎ᠠ ᠣᠷᠣᠭᠤᠯᠤᠭᠰᠠᠨ ᠪᠠᠢᠪᠠ᠃ 22 ᠢᠰᠦ᠋ᠰ ᠬᠠᠷᠢᠭᠤ ᠳᠤᠨᠢ᠄ 《ᠲᠠ ᠨᠠᠷ ᠶᠣᠬᠠᠨ ᠤᠷᠤᠭᠤ ᠪᠤᠴᠠᠵᠤ ᠦᠵᠡᠵᠦ ᠰᠣᠨᠣᠰᠣᠭᠰᠠᠨ ᠢᠶᠠᠨ ᠳᠤᠭᠤᠯᠭᠠᠭᠠᠷᠠᠢ᠃ ᠰᠣᠬᠣᠷ ᠨᠢ ᠬᠠᠷᠠᠭ᠎ᠠ ᠣᠷᠣᠵᠤ᠂ ᠳᠣᠭᠣᠯᠠᠩ ᠨᠢ ᠠᠯᠬᠤᠵᠤ᠂ ᠤᠶᠠᠮᠠᠨ 8 ᠨᠢ ᠴᠡᠪᠡᠷᠰᠢᠵᠦ᠂ ᠳᠦᠯᠡᠢ ᠨᠢ ᠰᠣᠨᠣᠰᠴᠤ᠂ ᠦᠬᠦᠭᠰᠡᠨ ᠨᠢ ᠠᠮᠢᠯᠠᠵᠤ᠂ ᠶᠠᠳᠠᠭᠤᠴᠤᠳ ᠤᠨ ᠳᠤᠮᠳᠠ ᠪᠠᠶᠠᠷ ᠤᠨ ᠮᠡᠳᠡᠭᠡ ᠳᠡᠯᠭᠡᠷᠡᠵᠦ ᠪᠠᠢᠨ᠎ᠠ᠃ 23 ᠨᠠᠳᠠ ᠠᠴᠠ ᠪᠣᠯᠵᠤ ᠪᠦᠳᠦᠷᠢᠳᠡᠭ ᠦᠭᠡᠢ ᠨᠢ ᠪᠤᠶᠠᠨ ᠲᠠᠢ》 ᠭᠡᠵᠦ ᠬᠠᠷᠢᠭᠤᠯᠪᠠ᠃

24 ᠶᠣᠬᠠᠨ ᠤ ᠡᠯᠴᠢᠳ ᠪᠤᠴᠠᠭᠰᠠᠨ ᠤ ᠳᠠᠷᠠᠭ᠎ᠠ᠂ ᠢᠰᠦ᠋ᠰ ᠬᠤᠷᠠᠭᠰᠠᠨ ᠣᠯᠠᠨ ᠳᠤ ᠶᠣᠬᠠᠨ ᠤ ᠲᠤᠬᠠᠢ ᠶᠠᠷᠢᠵᠤ ᠡᠬᠢᠯᠡᠨ᠄ 《ᠲᠠ ᠨᠠᠷ ᠶᠠᠭᠤ ᠬᠠᠷᠠᠬᠤ ᠭᠡᠵᠦ ᠴᠥᠯ ᠤᠷᠤᠭᠤ ᠣᠴᠢᠭᠰᠠᠨ ᠪᠤᠢ︖ ᠰᠠᠯᠬᠢᠨ ᠳᠤ ᠨᠠᠢᠭᠤᠯᠵᠠᠬᠤ ᠵᠡᠭᠡᠰᠦ ᠶᠢ ᠬᠠᠷᠠᠬᠤ ᠪᠠᠷ ᠤᠤ︖ 25 ᠬᠠᠷᠢᠨ ᠲᠠ ᠨᠠᠷ ᠶᠠᠭᠤ ᠦᠵᠡᠬᠦ ᠭᠡᠵᠦ ᠣᠴᠢᠪᠡ︖ ᠲᠣᠷᠭᠠᠨ ᠳᠡᠪᠡᠯ ᠲᠡᠢ ᠬᠥᠮᠦᠨ ᠢ ᠦᠵᠡᠬᠦ ᠪᠡᠷ ᠤᠤ︖ ᠠᠩ᠋ᠬᠠᠷᠤᠭᠲᠤᠨ᠂ ᠬᠡᠭᠡᠨᠴᠢᠷ ᠬᠤᠪᠴᠠᠰᠤᠯᠠᠵᠤ᠂ ᠲᠠᠩᠰᠤᠭ ᠠᠮᠢᠳᠤᠷᠠᠭᠴᠢᠳ ᠨᠢ ᠬᠠᠭᠠᠳ ᠤᠨ ᠣᠷᠳᠣᠨ ᠳᠤ ᠪᠠᠢᠳᠠᠭ᠃ 26 ᠬᠠᠷᠢᠨ ᠲᠠ ᠨᠠᠷ ᠶᠠᠭᠤ ᠦᠵᠡᠬᠦ ᠪᠡᠷ ᠶᠠᠪᠤᠭᠰᠠᠨ ᠶᠤᠮ ᠪᠤᠢ︖ ᠡᠰᠢ ᠦᠵᠡᠭᠦᠯᠦᠭᠴᠢ ᠶᠢ ᠦᠵᠡᠬᠦ ᠪᠡᠷ ᠤᠤ︖ ᠲᠡᠢᠮᠦ ᠡ᠂ ᠲᠠ ᠨᠠᠷ ᠲᠤ ᠬᠡᠯᠡᠶ᠎ᠡ᠃ ᠲᠡᠷᠡ ᠪᠣᠯ ᠡᠰᠢ ᠦᠵᠡᠭᠦᠯᠦᠭᠴᠢ ᠡᠴᠡ ᠴᠤ ᠢᠯᠡᠭᠦᠦ ᠶᠤᠮ᠃ 27 ᠡᠨᠡ ᠬᠥᠮᠦᠨ ᠦ ᠲᠤᠬᠠᠢ᠄ 〈ᠬᠠᠷᠠ᠂ ᠪᠢ ᠴᠢᠮ᠎ᠠ ᠠᠴᠠ ᠤᠷᠢᠳᠠᠪᠠᠷ ᠡᠯᠴᠢ ᠪᠠᠨ ᠢᠯᠡᠭᠡᠬᠦ ᠭᠡᠵᠦ ᠪᠠᠢᠨ᠎ᠠ᠃ ᠲᠡᠷᠡ ᠡᠮᠦᠨᠡᠬᠢ ᠵᠠᠮ ᠢ ᠴᠢᠨᠢ ᠪᠡᠯᠡᠳᠬᠡᠨ᠎ᠡ〉 ᠭᠡᠵᠦ ᠪᠢᠴᠢᠭᠳᠡᠭᠰᠡᠨ ᠪᠠᠢᠳᠠᠭ᠃ 28 ᠡᠮᠡᠭᠲᠡᠢᠴᠦᠳ ᠡᠴᠡ ᠲᠥᠷᠥᠭᠰᠡᠳ ᠦᠨ ᠳᠣᠲᠣᠷ᠎ᠠ ᠶᠣᠬᠠᠨ ᠠᠴᠠ ᠢᠯᠡᠭᠦᠦ ᠠᠭᠤᠤ ᠬᠥᠮᠦᠨ ᠪᠠᠢᠬᠤ ᠦᠭᠡᠢ᠃ ᠬᠠᠷᠢᠨ ᠪᠤᠷᠬᠠᠨ ᠤ ᠬᠠᠭᠠᠨᠴᠢᠯᠠᠯ ᠤᠨ ᠬᠠᠮᠤᠭ ᠤᠨ ᠥᠴᠦᠬᠡᠨ ᠨᠢ ᠴᠤ ᠲᠡᠭᠦᠨ ᠡᠴᠡ ᠠᠭᠤᠤ ᠪᠢᠯᠡ》 ᠭᠡᠪᠡ᠃ 29 ᠶᠣᠬᠠᠨ ᠤ ᠤᠬᠢᠶᠠᠯ ᠢ ᠬᠦᠷᠲᠡᠭᠰᠡᠨ ᠪᠦᠬᠦ ᠠᠷᠠᠳ ᠣᠯᠠᠨ ᠪᠠ ᠭᠠᠢᠯᠢᠴᠢᠳ ᠬᠦᠷᠲᠡᠯ᠎ᠡ ᠡᠭᠦᠨ ᠢ ᠰᠣᠨᠣᠰᠣᠭᠠᠳ ᠪᠤᠷᠬᠠᠨ ᠪᠣᠯ ᠵᠥᠪ ᠪᠠᠢᠨ᠎ᠠ ᠭᠡᠵᠡᠭᠡᠵᠡᠢ᠃ 30 ᠬᠠᠷᠢᠨ ᠹᠠᠷᠢᠰᠠᠢᠴᠤᠳ ᠪᠣᠯᠣᠨ ᠬᠠᠤᠯᠢ ᠶᠢᠨ ᠪᠠᠭᠰᠢ ᠨᠠᠷ ᠶᠣᠬᠠᠨ ᠤ ᠤᠬᠢᠶᠠᠯ ᠢ ᠬᠦᠷᠲᠡᠭᠰᠡᠨ ᠦᠭᠡᠢ᠂ ᠥᠪᠡᠷᠰᠡᠳ ᠲᠤᠨᠢ ᠬᠠᠨᠳᠤᠭᠰᠠᠨ ᠪᠤᠷᠬᠠᠨ ᠤ ᠰᠠᠨᠠᠭ᠎ᠠ ᠶᠢ ᠬᠦᠯᠢᠶᠡᠨ ᠠᠪᠤᠭᠰᠠᠨ ᠦᠭᠡᠢ᠃

31 ᠢᠰᠦ᠋ᠰ᠄ 《ᠡᠨᠡ ᠦᠶ᠎ᠡ ᠶᠢᠨ ᠬᠥᠮᠦᠰ ᠢ ᠪᠢ ᠶᠠᠭᠤ ᠪᠠᠷ ᠦᠯᠢᠭᠡᠷᠯᠡᠬᠦ ᠪᠤᠢ︖ ᠲᠡᠳᠡ ᠶᠠᠭᠤ ᠲᠠᠢ ᠠᠳᠠᠯᠢ ᠪᠢᠯᠡ︖ 32 ᠲᠡᠳᠡ ᠵᠡᠭᠡᠯᠢ ᠳᠡᠭᠡᠷ᠎ᠡ ᠰᠠᠭᠤᠭᠠᠳ ᠬᠠᠷᠢᠯᠴᠠᠨ ᠳᠠᠭᠤᠳᠠᠯᠴᠠᠨ᠄ 〈ᠪᠢᠳᠡ ᠯᠢᠩᠪᠦᠳᠡᠭᠰᠡᠨ ᠴᠤ ᠲᠠ ᠨᠠᠷ ᠪᠥᠵᠢᠭᠯᠡᠭᠰᠡᠨ ᠦᠭᠡᠢ᠂ ᠭᠠᠰᠢᠭᠤᠳᠠᠨ ᠳᠠᠭᠤᠯᠠᠭᠰᠠᠨ ᠴᠤ ᠲᠠ ᠨᠠᠷ ᠤᠬᠢᠯᠠᠭᠰᠠᠨ ᠦᠭᠡᠢ〉 ᠭᠡᠯᠴᠡᠬᠦ ᠬᠡᠦᠬᠡᠳ ᠤᠳ ᠲᠠᠢ ᠠᠳᠠᠯᠢ᠃ 33 ᠤᠬᠢᠶᠠᠯ ᠬᠦᠷᠲᠡᠭᠡᠭᠴᠢ ᠶᠣᠬᠠᠨ ᠢᠷᠡᠭᠡᠳ ᠪᠣᠣᠪᠣ ᠢᠳᠡᠬᠦ ᠦᠭᠡᠢ᠂ ᠦᠵᠦᠮ ᠦᠨ ᠳᠠᠷᠠᠰᠤ ᠴᠤ ᠤᠤᠭᠤᠬᠤ ᠦᠭᠡᠢ ᠪᠠᠢᠬᠤ ᠳᠤ᠂ ᠲᠠ ᠨᠠᠷ ᠴᠢᠳᠬᠥᠷ ᠣᠷᠣᠰᠢᠭᠰᠠᠨ ᠪᠠᠢᠨ᠎ᠠ ᠭᠡᠳᠡᠭ᠃ 34 ᠬᠥᠮᠦᠨ ᠦ ᠬᠦᠦ ᠢᠷᠡᠭᠡᠳ ᠢᠳᠡᠵᠦ ᠤᠤᠭᠤᠬᠤ ᠳᠤ᠂ ᠲᠠ ᠨᠠᠷ᠄ 〈ᠬᠠᠷᠠᠵᠠᠭ᠎ᠠ᠂ ᠲᠡᠷᠡ ᠴᠢᠨᠢ ᠢᠳᠡᠮᠡᠬᠡᠢ᠂ ᠠᠷᠢᠬᠢᠴᠢᠨ ᠪᠠᠢᠨ᠎ᠠ᠂ ᠪᠠᠰᠠ ᠭᠠᠢᠯᠢᠴᠢᠳ ᠪᠣᠯᠣᠨ ᠨᠢᠭᠦᠯᠲᠡᠳ ᠦᠨ ᠨᠠᠢᠵᠠ ᠶᠤᠮ〉 ᠭᠡᠵᠡᠭᠡᠳᠡᠭ᠃ 35 ᠭᠡᠲᠡᠯ᠎ᠡ ᠲᠡᠭᠦᠨ ᠦ ᠮᠡᠷᠭᠡᠨ ᠤᠬᠠᠭᠠᠨ ᠬᠠᠮᠤᠭ ᠬᠡᠦᠬᠡᠳ ᠢᠶᠡᠷ ᠢᠶᠠᠨ ᠵᠥᠪᠲᠥᠭᠡᠭᠳᠡᠳᠡᠭ᠌》 ᠭᠡᠪᠡ᠃
 ᠬᠣᠶᠠᠷ ᠥᠷᠢ ᠲᠠᠢ ᠬᠥᠮᠦᠨ

36 ᠨᠢᠭᠡ ᠹᠠᠷᠢᠰᠠᠢ ᠬᠥᠮᠦᠨ ᠢᠰᠦ᠋ᠰ ᠢ ᠬᠠᠮᠲᠤ ᠬᠣᠭᠣᠯᠠᠯᠠᠬᠤ ᠪᠠᠷ ᠤᠷᠢᠭᠰᠠᠨ ᠳᠤ᠂ ᠢᠰᠦ᠋ᠰ ᠲᠡᠷᠡ ᠹᠠᠷᠢᠰᠠᠢ ᠬᠥᠮᠦᠨ ᠦ ᠭᠡᠷ ᠲᠦ ᠣᠷᠣᠵᠤ ᠰᠢᠷᠡᠭᠡᠨ ᠳᠦᠨᠢ ᠰᠠᠭᠤᠵᠠᠢ᠃ 37 ᠠᠩ᠋ᠬᠠᠷᠤᠭᠲᠤᠨ᠂ ᠲᠡᠷᠡ ᠲᠣᠰᠬᠣᠨ ᠳᠤ ᠨᠢᠭᠡᠨ ᠨᠢᠭᠦᠯᠲᠦ ᠡᠮᠡᠭᠲᠡᠢ ᠪᠠᠢᠵᠠᠢ᠃ ᠲᠡᠷᠡ ᠪᠡᠷ ᠹᠠᠷᠢᠰᠠᠢ ᠬᠥᠮᠦᠨ ᠦ ᠭᠡᠷ ᠲᠦ ᠢᠰᠦ᠋ᠰ ᠤᠨ ᠬᠣᠭᠣᠯᠠᠯᠠᠵᠤ ᠪᠠᠢᠭ᠎ᠠ ᠶᠢ ᠳᠤᠭᠤᠯᠤᠭᠠᠳ ᠬᠠᠰ ᠰᠠᠪᠠ ᠲᠠᠢ ᠠᠩᠬᠢᠯᠤᠮ᠎ᠠ ᠲᠣᠰᠣ ᠠᠪᠴᠢᠷᠠᠵᠤ᠂ 38 ᠢᠰᠦ᠋ᠰ ᠤᠨ ᠬᠥᠯ ᠦᠨ ᠠᠷᠤ 9  ᠳᠤ ᠵᠣᠭᠰᠣᠭᠠᠳ ᠤᠬᠢᠯᠠᠨ ᠨᠢᠯᠪᠤᠰᠤ ᠨᠢ ᠬᠥᠯ ᠢ ᠨᠢ ᠨᠣᠷᠭᠠᠵᠤ ᠡᠬᠢᠯᠡᠬᠦ ᠳᠦ᠂ ᠭᠡᠵᠢᠭᠡ ᠪᠡᠷ ᠢᠶᠠᠨ ᠠᠷᠴᠢᠵᠤ ᠬᠥᠯ ᠢ ᠨᠢ ᠦᠨᠦᠰᠦᠭᠡᠳ ᠠᠩᠬᠢᠯᠤᠮ᠎ᠠ ᠲᠣᠰᠣ ᠪᠠᠷ ᠢᠶᠠᠨ ᠲᠣᠰᠣᠯᠠᠪᠠ᠃ 39 ᠢᠰᠦ᠋ᠰ ᠢ ᠤᠷᠢᠭᠰᠠᠨ ᠹᠠᠷᠢᠰᠠᠢ ᠬᠥᠮᠦᠨ ᠡᠭᠦᠨ ᠢ ᠬᠠᠷᠠᠭᠠᠳ ᠳᠣᠲᠣᠷ᠎ᠠ ᠪᠠᠨ᠄ 《ᠡᠨᠡ ᠬᠥᠮᠦᠨ ᠡᠰᠢ ᠦᠵᠡᠭᠦᠯᠦᠭᠴᠢ ᠮᠥᠨ ᠪᠣᠯ ᠥᠪᠡᠷ ᠲᠤᠨᠢ ᠭᠠᠷ ᠬᠦᠷᠴᠦ ᠪᠠᠢᠭ᠎ᠠ ᠡᠨᠡ ᠡᠮᠡᠭᠲᠡᠢ ᠶᠢᠨ ᠬᠡᠨ ᠪᠣᠯᠬᠤ᠂ ᠪᠠᠰᠠ ᠶᠠᠮᠠᠷᠰᠢᠤ ᠬᠥᠮᠦᠨ ᠪᠣᠯᠬᠤ ᠶᠢ ᠮᠡᠳᠡᠬᠦ ᠪᠠᠢᠭᠰᠠᠨ᠃ ᠡᠨᠡ ᠴᠢᠨᠢ ᠨᠢᠭᠦᠯᠲᠡᠨ ᠰᠢᠦ ᠳᠠ》 ᠬᠡᠮᠡᠨ ᠪᠣᠳᠣᠭᠰᠠᠨ ᠳᠤ᠂ 40 ᠢᠰᠦ᠋ᠰ ᠬᠠᠷᠢᠭᠤ ᠳᠤᠨᠢ᠄ 《ᠰᠢᠮᠣᠨ ᠡ᠂ ᠴᠢᠮ᠎ᠠ ᠳᠤ ᠶᠠᠭᠤᠮ᠎ᠠ ᠬᠡᠯᠡᠶ᠎ᠡ》 ᠭᠡᠪᠡ᠃ ᠲᠡᠷᠡ᠄ 《ᠪᠠᠭᠰᠢ ᠡ᠂ ᠬᠡᠯᠡᠭᠡᠴᠢ》 ᠭᠡᠵᠡᠢ᠃ 41 ᠢᠰᠦ᠋ᠰ᠄ 《ᠮᠥᠩᠭᠥ ᠵᠢᠭᠡᠯᠡᠭᠦᠯᠦᠭᠴᠢ ᠳᠤ ᠬᠣᠶᠠᠷ ᠬᠥᠮᠦᠨ ᠥᠷᠢᠲᠥᠵᠦ᠂ ᠨᠢᠭᠡ ᠨᠢ ᠲᠠᠪᠤᠨ ᠵᠠᠭᠤᠨ ᠳ᠋ᠧᠨᠠᠷ 10  ᠤᠨ ᠥᠷᠢ ᠲᠠᠢ᠂ ᠨᠥᠭᠥᠭᠡ ᠨᠢ ᠲᠠᠪᠢᠨ ᠳ᠋ᠧᠨᠠᠷ ᠤᠨ ᠥᠷᠢ ᠲᠠᠢ ᠪᠠᠢᠪᠠ᠃ 42 ᠲᠡᠳᠡ ᠲᠥᠯᠥᠵᠦ ᠴᠢᠳᠠᠬᠤ ᠦᠭᠡᠢ ᠲᠤᠯᠠ ᠲᠡᠷᠡ ᠪᠡᠷ ᠬᠣᠶᠠᠭᠤᠯᠠ ᠶᠢ ᠨᠢ ᠥᠷᠢ ᠡᠴᠡ ᠬᠡᠯᠲᠦᠷᠢᠭᠦᠯᠵᠡᠢ᠃ ᠣᠳᠣ ᠲᠡᠷᠡ ᠬᠣᠶᠠᠭᠤᠯᠠ ᠶᠢᠨ ᠬᠡᠨ ᠨᠢ ᠲᠡᠭᠦᠨ ᠢ ᠢᠯᠡᠭᠦᠦ ᠬᠠᠢᠷᠠᠯᠠᠬᠤ ᠪᠤᠢ︖》 ᠭᠡᠬᠦ ᠳᠦ᠂ 43 ᠰᠢᠮᠣᠨ᠄ 《ᠢᠯᠡᠭᠦᠦ ᠬᠡᠯᠲᠦᠷᠢᠭᠦᠯᠦᠭᠳᠡᠭᠰᠡᠨ ᠨᠢ ᠪᠠᠢᠬ᠎ᠠ ᠭᠡᠵᠦ ᠪᠢ ᠪᠣᠳᠣᠨ᠎ᠠ》 ᠬᠡᠮᠡᠨ ᠬᠠᠷᠢᠭᠤᠯᠪᠠ᠃ ᠢᠰᠦ᠋ᠰ ᠲᠡᠭᠦᠨ ᠳᠦ᠄ 《ᠴᠢ ᠵᠥᠪ ᠰᠢᠭᠦᠯ᠎ᠡ》 ᠭᠡᠳ 44 ᠡᠮᠡᠭᠲᠡᠢ ᠤᠷᠤᠭᠤ ᠡᠷᠭᠢᠵᠦ᠂ ᠰᠢᠮᠣᠨ ᠳᠤ᠄ 《ᠴᠢ ᠡᠨᠡ ᠡᠮᠡᠭᠲᠡᠢ ᠶᠢ ᠬᠠᠷᠠᠵᠤ ᠪᠠᠢᠨ᠎ᠠ ᠤᠤ︖ ᠨᠠᠮᠠᠶᠢ ᠭᠡᠷ ᠲᠦ ᠴᠢᠨᠢ ᠣᠷᠣᠬᠤ ᠳᠤ᠂ ᠴᠢ ᠨᠠᠳᠠ ᠳᠤ ᠬᠥᠯ ᠤᠬᠢᠶᠠᠬᠤ ᠤᠰᠤ ᠥᠭᠭᠥᠭᠰᠡᠨ ᠦᠭᠡᠢ᠂ ᠬᠠᠷᠢᠨ ᠡᠨᠡ ᠡᠮᠡᠭᠲᠡᠢ ᠮᠢᠨᠦ ᠬᠥᠯ ᠢ ᠨᠢᠯᠪᠤᠰᠤ ᠪᠠᠷ ᠢᠶᠠᠨ ᠨᠣᠷᠭᠠᠭᠠᠳ ᠭᠡᠵᠢᠭᠡ ᠪᠡᠷ ᠢᠶᠠᠨ ᠠᠷᠴᠢᠯ᠎ᠠ᠃ 45 ᠴᠢ ᠨᠠᠮᠠᠶᠢ ᠦᠨᠦᠰᠦᠭᠰᠡᠨ ᠦᠭᠡᠢ᠂ ᠬᠠᠷᠢᠨ ᠨᠠᠮᠠᠶᠢ ᠣᠷᠣᠵᠤ ᠢᠷᠡᠭᠰᠡᠨ ᠡᠴᠡ ᠠᠪᠤᠭᠠᠳ ᠲᠡᠷᠡ ᠬᠥᠯ ᠢ ᠮᠢᠨᠢ ᠦᠨᠦᠰᠦᠭᠰᠡᠭᠡᠷ᠃ 46 ᠴᠢ ᠮᠢᠨᠦ ᠲᠣᠯᠣᠭᠠᠢ ᠶᠢ ᠲᠣᠰᠣᠯᠠᠭᠰᠠᠨ ᠦᠭᠡᠢ᠂ ᠬᠠᠷᠢᠨ ᠲᠡᠷᠡ ᠠᠩᠬᠢᠯᠤᠮ᠎ᠠ ᠲᠣᠰᠣ ᠪᠠᠷ ᠬᠥᠯ ᠢ ᠮᠢᠨᠢ ᠲᠣᠰᠣᠯᠠᠪᠠ᠃ 47 ᠲᠡᠢᠮᠦ ᠡᠴᠡ ᠴᠢᠮ᠎ᠠ ᠳᠤ ᠬᠡᠯᠡᠶ᠎ᠡ᠂ ᠲᠡᠭᠦᠨ ᠦ ᠶᠡᠬᠡ ᠨᠢᠭᠦᠯ ᠠᠭᠤᠴᠢᠯᠠᠭᠳᠠᠭᠰᠠᠨ ᠠᠴᠠ ᠲᠡᠷᠡ ᠶᠡᠬᠡ ᠬᠠᠢᠷᠠᠯᠠᠭᠰᠠᠨ ᠶᠤᠮ᠃ ᠬᠠᠷᠢᠨ ᠪᠠᠭ᠎ᠠ ᠠᠭᠤᠴᠢᠯᠠᠭᠳᠠᠭᠰᠠᠨ ᠨᠢ ᠪᠠᠭ᠎ᠠ ᠬᠠᠢᠷᠠᠯᠠᠳᠠᠭ》 ᠭᠡᠳ 48 ᠲᠡᠷᠡ ᠡᠮᠡᠭᠲᠡᠢ ᠳᠦ᠄ 《ᠨᠢᠭᠦᠯ ᠴᠢᠨᠢ ᠠᠭᠤᠴᠢᠯᠠᠭᠲᠠᠯ᠎ᠠ》 ᠭᠡᠯ᠎ᠡ᠃ 49 ᠬᠠᠮᠲᠤ ᠰᠠᠭᠤᠭ᠎ᠠ ᠬᠥᠮᠦᠰ ᠬᠣᠭᠣᠷᠣᠨᠳᠣ ᠪᠠᠨ᠄ 《ᠡᠨᠡ ᠴᠢᠨᠢ ᠬᠡᠨ ᠪᠣᠯᠴᠢᠬᠠᠭᠠᠳ ᠨᠢᠭᠦᠯ ᠢ ᠬᠦᠷᠲᠡᠯ᠎ᠡ ᠠᠭᠤᠴᠢᠯᠠᠨ᠎ᠠ ᠪᠤᠢ︖》 ᠭᠡᠯᠴᠡᠵᠦ ᠡᠬᠢᠯᠡᠬᠦ ᠳᠦ᠂ 50 ᠬᠠᠷᠢᠨ ᠢᠰᠦ᠋ᠰ ᠲᠡᠷᠡ ᠡᠮᠡᠭᠲᠡᠢ ᠳᠦ᠄ 《ᠢᠲᠡᠭᠡᠯ ᠴᠢᠨᠢ ᠴᠢᠮᠠᠶᠢ ᠠᠪᠤᠷᠠᠯ᠎ᠠ᠃ ᠠᠮᠤᠷ ᠲᠠᠢᠪᠤᠩ ᠶᠠᠪᠤᠭᠠᠷᠠᠢ》 ᠭᠡᠪᠡ᠃