1 2 3 4 5 6 7 8 9 10 11 12 13 14 15 16 17 18 19 20 21 22 23 24


ᠯᠦᠺ ᠵᠢᠷᠭᠤᠭ᠎ᠠ
 ᠠᠮᠠᠷᠠᠯ ᠤᠨ ᠡᠳᠦᠷ ᠦᠨ ᠡᠵᠡᠨ

1 ᠨᠢᠭᠡᠨ ᠠᠮᠠᠷᠠᠯ ᠤᠨ ᠡᠳᠦᠷ᠂ ᠢᠰᠦ᠋ᠰ ᠲᠠᠷᠢᠶᠠᠨ ᠲᠠᠯᠠᠪᠠᠢ ᠪᠠᠷ ᠳᠠᠭᠠᠷᠢᠨ ᠥᠩᠭᠡᠷᠡᠬᠦ ᠳᠦ᠂ ᠱᠠᠪᠢ ᠨᠠᠷ ᠨᠢ ᠲᠠᠷᠢᠶᠠᠨ ᠲᠦᠷᠦᠭᠦᠦ ᠰᠢᠪᠲᠤᠷᠤᠨ ᠠᠪᠴᠤ ᠭᠠᠷ ᠢᠶᠠᠷ ᠢᠶᠠᠨ ᠴᠠᠢᠯᠭᠠᠨ ᠢᠳᠡᠪᠡ᠃ 2 ᠹᠠᠷᠢᠰᠠᠢᠴᠤᠳ ᠤᠨ ᠵᠠᠷᠢᠮ ᠨᠢ᠄ 《ᠲᠠ ᠨᠠᠷ ᠶᠠᠭᠠᠬᠢᠭᠠᠳ ᠠᠮᠠᠷᠠᠯ ᠤᠨ ᠡᠳᠦᠷ ᠬᠢᠵᠦ ᠪᠣᠯᠬᠤ ᠦᠭᠡᠢ ᠵᠦᠢᠯ ᠢ ᠬᠢᠵᠦ ᠪᠠᠢᠨ᠎ᠠ ᠪᠤᠢ︖》 ᠭᠡᠬᠦ ᠳᠦ᠂ 3 ᠢᠰᠦ᠋ᠰ ᠲᠡᠳᠡᠨ ᠳᠦ᠄ 《ᠳ᠋ᠠᠸᠢᠳ᠋ ᠪᠣᠯᠣᠨ ᠲᠡᠭᠦᠨ ᠲᠡᠢ ᠪᠠᠢᠭᠰᠠᠳ ᠥᠯᠥᠰᠬᠦ ᠳᠡᠭᠡᠨ ᠶᠠᠭᠤ ᠬᠢᠭᠰᠡᠨ ᠢ ᠲᠠ ᠨᠠᠷ ᠤᠩ᠋ᠰᠢᠭ᠎ᠠ ᠦᠭᠡᠢ ᠤᠤ︖ 4 ᠲᠡᠷᠡ ᠪᠤᠷᠬᠠᠨ ᠤ ᠭᠡᠷ ᠲᠦ ᠣᠷᠣᠭᠠᠳ ᠲᠠᠬᠢᠯᠴᠢ ᠡᠴᠡ ᠥᠭᠡᠷ᠎ᠡ ᠬᠡᠨ ᠦ ᠴᠤ ᠢᠳᠡᠵᠦ ᠪᠣᠯᠳᠠᠭ ᠦᠭᠡᠢ ᠲᠠᠪᠢᠭ ᠪᠣᠣᠪᠣ ᠠᠴᠠ ᠠᠪᠴᠤ ᠢᠳᠡᠭᠡᠳ ᠪᠠᠰᠠ ᠬᠠᠮᠲᠤ ᠪᠠᠢᠭᠰᠠᠳ ᠲᠠᠭᠠᠨ ᠥᠭᠭᠥᠭᠰᠡᠨ ᠰᠢᠦ ᠳᠠ》 ᠭᠡᠵᠦ ᠬᠠᠷᠢᠭᠤᠯᠤᠨ᠄ 5 《ᠬᠥᠮᠦᠨ ᠦ ᠬᠦᠦ ᠪᠣᠯ ᠠᠮᠠᠷᠠᠯ ᠤᠨ ᠡᠳᠦᠷ ᠦᠨ ᠡᠵᠡᠨ ᠶᠤᠮ》 ᠭᠡᠵᠡᠢ᠃

6 ᠪᠠᠰᠠ ᠨᠢᠭᠡᠨ ᠠᠮᠠᠷᠠᠯ ᠤᠨ ᠡᠳᠦᠷ ᠢᠰᠦ᠋ᠰ ᠬᠤᠷᠠᠯ ᠤᠨ ᠲᠠᠩᠬᠢᠮ ᠳᠤ ᠣᠷᠣᠭᠠᠳ ᠰᠤᠷᠭᠠᠪᠠ᠂ ᠲᠡᠨᠳᠡ ᠪᠠᠷᠠᠭᠤᠨ ᠭᠠᠷ ᠨᠢ ᠬᠠᠲᠠᠩᠭᠢᠷᠠᠭᠰᠠᠨ ᠨᠢᠭᠡ ᠬᠥᠮᠦᠨ ᠪᠠᠢᠵᠠᠢ᠃ 7 ᠪᠢᠴᠢᠭᠲᠡᠳ ᠪᠣᠯᠣᠨ ᠹᠠᠷᠢᠰᠠᠢᠴᠤᠳ ᠢᠰᠦ᠋ᠰ ᠢ ᠪᠤᠷᠤᠭᠤᠳᠬᠠᠬᠤ ᠰᠢᠯᠲᠠᠭ ᠣᠯᠬᠤ ᠭᠡᠵᠦ ᠠᠮᠠᠷᠠᠯ ᠤᠨ ᠡᠳᠦᠷ ᠢᠰᠦ᠋ᠰ ᠤᠨ ᠲᠡᠷᠡ ᠬᠥᠮᠦᠨ ᠢ ᠡᠳᠡᠭᠡᠭᠡᠬᠦ ᠡᠰᠡᠬᠦ ᠶᠢ ᠠᠵᠢᠭᠯᠠᠵᠤ ᠪᠠᠢᠯ᠎ᠠ᠃ 8 ᠬᠠᠷᠢᠨ ᠢᠰᠦ᠋ᠰ ᠲᠡᠳᠡᠨ ᠦ ᠪᠣᠳᠣᠯ ᠢ ᠮᠡᠳᠡᠭᠡᠳ ᠬᠠᠲᠠᠩᠭᠢᠷ ᠭᠠᠷ ᠲᠠᠢ ᠬᠥᠮᠦᠨ ᠳᠦ᠄ 《ᠪᠣᠰ᠂ ᠣᠯᠠᠨ ᠤ ᠳᠤᠮᠳᠠ ᠢᠷᠡᠭᠡᠳ ᠵᠣᠭᠰᠣ》 ᠭᠡᠰᠡᠨ ᠳᠦ᠂ ᠲᠡᠷᠡ ᠬᠥᠮᠦᠨ ᠪᠣᠰᠴᠤ ᠵᠣᠭᠰᠣᠯ᠎ᠠ᠃ 9 ᠢᠰᠦ᠋ᠰ ᠲᠡᠳᠡᠨ ᠳᠦ᠄ 《ᠪᠢ ᠲᠠ ᠨᠠᠷ ᠠᠴᠠ ᠠᠰᠠᠭᠤᠶ᠎ᠠ᠂ ᠠᠮᠠᠷᠠᠯ ᠤᠨ ᠡᠳᠦᠷ ᠰᠠᠢᠨ ᠢ ᠦᠢᠯᠡᠳᠬᠦ᠂ ᠡᠰᠡᠬᠦᠯ᠎ᠡ ᠮᠠᠭᠤ ᠶᠢ ᠦᠢᠯᠡᠳᠬᠦ᠂ ᠠᠮᠢ ᠠᠪᠤᠷᠠᠬᠤ᠂ ᠡᠰᠡᠬᠦᠯ᠎ᠡ ᠠᠮᠢ ᠬᠥᠨᠥᠭᠡᠬᠦ ᠶᠢᠨ ᠠᠯᠢ ᠨᠢ ᠵᠣᠬᠢᠰᠲᠠᠢ ᠪᠤᠢ︖》 ᠭᠡᠳ 10 ᠪᠦᠭᠦᠳᠡ ᠶᠢ ᠳᠤᠭᠤᠢᠯᠠᠨ ᠬᠠᠷᠠᠭᠰᠠᠨ ᠢᠶᠠᠨ ᠲᠡᠭᠦᠨ ᠳᠦ᠄ 《ᠭᠠᠷ ᠢᠶᠠᠨ ᠰᠤᠩ᠋ᠭ᠎ᠠ》 ᠭᠡᠪᠡ᠃ ᠲᠡᠷᠡ ᠬᠥᠮᠦᠨ ᠭᠠᠷ ᠢᠶᠠᠨ ᠰᠤᠩ᠋ᠭᠠᠭᠰᠠᠨ ᠳᠤ᠂ ᠭᠠᠷ ᠨᠢ ᠢᠯᠠᠷᠢᠰᠢᠵᠠᠢ᠃ 11 ᠲᠡᠳᠡ ᠶᠡᠬᠡᠳᠡ ᠠᠭᠤᠷᠯᠠᠵᠤ᠂ ᠢᠰᠦ᠋ᠰ ᠢ ᠬᠡᠷᠬᠢᠬᠦ ᠲᠤᠬᠠᠢ ᠬᠣᠭᠣᠷᠣᠨᠳᠣ ᠪᠠᠨ ᠵᠥᠪᠯᠡᠯᠳᠦᠵᠦ ᠡᠬᠢᠯᠡᠪᠡ᠃
 ᠢᠰᠦ᠋ᠰ ᠠᠷᠪᠠᠨ ᠬᠣᠶᠠᠷ ᠱᠠᠪᠢ ᠪᠠᠨ ᠰᠣᠩ᠋ᠭᠣᠭᠰᠠᠨ ᠨᠢ

12 ᠲᠡᠷᠡ ᠦᠶ᠎ᠡ ᠳᠦ᠂ ᠢᠰᠦ᠋ᠰ ᠳᠠᠭᠠᠳᠬᠠᠬᠤ ᠪᠠᠷ ᠠᠭᠤᠯᠠᠨ ᠳᠤ ᠭᠠᠷᠴᠤ ᠰᠥᠨᠢᠵᠢᠨ ᠪᠤᠷᠬᠠᠨ ᠳᠤ ᠳᠠᠭᠠᠳᠬᠠᠭᠰᠠᠭᠠᠷ ᠥᠩᠭᠡᠷᠡᠵᠡᠢ᠃ 13 ᠦᠷ ᠴᠠᠢᠬᠤ ᠳᠤ᠂ ᠲᠡᠷᠡ ᠱᠠᠪᠢ ᠨᠠᠷ ᠢᠶᠠᠨ ᠳᠠᠭᠤᠳᠠᠨ ᠲᠡᠳᠡᠨ ᠡᠴᠡ ᠠᠷᠪᠠᠨ ᠬᠣᠶᠠᠷ ᠢ ᠰᠣᠩ᠋ᠭᠣᠭᠠᠳ ᠰᠢᠳᠠᠷ ᠱᠠᠪᠢ ᠭᠡᠵᠦ ᠨᠡᠷᠡᠯᠡᠵᠡᠢ᠃ 14 ᠲᠤᠬᠠᠢᠯᠠᠪᠠᠯ ᠫᠧᠲ᠋ᠧᠷ ᠭᠡᠵᠦ ᠨᠡᠷᠡᠯᠡᠭᠳᠡᠭᠰᠡᠨ ᠰᠢᠮᠣᠨ᠂ ᠲᠡᠭᠦᠨ ᠦ ᠳᠡᠭᠦᠦ ᠠᠨᠳ᠋ᠷᠧ᠂ ᠶᠠᠺᠣᠪ᠂ ᠶᠣᠬᠠᠨ᠂ ᠹᠢᠯᠢᠫ᠂ ᠪᠠᠷᠲ᠋ᠣᠯᠣᠮᠠᠢ᠂ 15 ᠮᠠᠲ᠋ᠠᠢ᠂ ᠲᠣᠮᠠ᠂ ᠠᠯᠹᠠᠢ ᠶᠢᠨ ᠬᠦᠦ ᠶᠠᠺᠣᠪ᠂ ᠬᠡᠲᠦᠷᠡᠮᠡᠭᠡᠢ ᠭᠡᠭᠳᠡᠳᠡᠭ ᠰᠢᠮᠣᠨ᠂ 16 ᠶᠠᠺᠣᠪ ᠤᠨ ᠬᠦᠦ ᠶᠦᠳᠠ᠂ ᠤᠷᠪᠠᠭᠴᠢ ᠪᠣᠯᠣᠭᠰᠠᠨ ᠢᠰᠺᠠᠷᠢᠣᠲ ᠤᠨ ᠶᠦᠳᠠ ᠨᠠᠷ ᠪᠣᠯᠠᠢ᠃

17 ᠢᠰᠦ᠋ᠰ ᠲᠡᠳᠡᠨ ᠲᠡᠢ ᠬᠠᠮᠲᠤ ᠠᠭᠤᠯᠠᠨ ᠠᠴᠠ ᠪᠠᠭᠤᠵᠤ ᠲᠡᠭᠰᠢ ᠭᠠᠵᠠᠷ ᠬᠦᠷᠴᠦ ᠵᠣᠭᠰᠣᠪᠠ᠃ ᠲᠡᠨᠳᠡ ᠦᠯᠡᠮᠵᠢ ᠣᠯᠠᠨ ᠱᠠᠪᠢ ᠨᠠᠷ ᠲᠡᠳᠦᠢ ᠦᠭᠡᠢ᠂ ᠶᠦᠳᠠᠢ ᠶᠢᠨ ᠪᠦᠬᠦ ᠨᠤᠲᠤᠭ᠂ ᠶᠧᠷᠦ᠋ᠰᠠᠯᠧᠮ ᠪᠠ ᠲᠢᠷ᠂ ᠰᠢᠢᠳᠣᠨ ᠵᠡᠷᠭᠡ ᠳᠠᠯᠠᠢ ᠶᠢᠨ ᠬᠥᠪᠡᠭᠡ ᠶᠢᠨ ᠨᠤᠲᠤᠭ ᠠᠴᠠ ᠦᠢ ᠲᠦᠮᠡᠨ ᠬᠥᠮᠦᠨ ᠢᠷᠡᠭᠡᠳ 18 ᠢᠰᠦ᠋ᠰ ᠤᠨ ᠰᠤᠷᠭᠠᠯ ᠢ ᠰᠣᠨᠣᠰᠣᠨ᠂ ᠡᠪᠡᠳᠴᠢᠨ ᠢᠶᠠᠨ ᠴᠤ ᠵᠠᠰᠠᠭᠤᠯᠬᠤ ᠶᠢᠨ ᠲᠤᠯᠠᠳᠠ ᠴᠤᠭᠯᠠᠷᠠᠭᠰᠠᠨ ᠪᠠᠢᠵᠠᠢ᠃ ᠪᠤᠵᠠᠷ ᠴᠢᠳᠬᠥᠷ ᠲᠦ ᠲᠠᠷᠴᠢᠯᠠᠭᠠᠭᠳᠠᠵᠤ ᠪᠠᠢᠭᠰᠠᠨ ᠬᠥᠮᠦᠰ ᠴᠤ ᠡᠳᠡᠭᠡᠷᠡᠵᠦ᠂ 19 ᠣᠯᠠᠨ ᠪᠦᠭᠦᠳᠡᠭᠡᠷ ᠢᠶᠡᠨ ᠢᠰᠦ᠋ᠰ ᠲᠤ ᠭᠠᠷ ᠢᠶᠠᠨ ᠬᠦᠷᠭᠡᠬᠦ ᠪᠡᠷ ᠴᠢᠷᠮᠠᠢᠵᠠᠭᠠᠨ᠎ᠠ᠃ ᠤᠴᠢᠷ ᠨᠢ᠂ ᠲᠡᠭᠦᠨ ᠡᠴᠡ ᠬᠦᠴᠦ ᠤᠨᠳᠤᠷᠴᠤ ᠪᠦᠭᠦᠳᠡ ᠶᠢ ᠡᠳᠡᠭᠡᠭᠡᠵᠦ ᠪᠠᠢᠯ᠎ᠠ᠃
 ᠪᠤᠶᠠᠨ ᠪᠠ ᠭᠠᠢ
20 ᠢᠰᠦ᠋ᠰ ᠨᠢᠳᠦ ᠪᠡᠨ ᠡᠷᠭᠦᠨ ᠱᠠᠪᠢ ᠨᠠᠷ ᠤᠨ ᠢᠶᠠᠨ ᠵᠦᠭ᠄ 《ᠶᠠᠳᠠᠭᠤᠴᠤᠳ ᠡ᠂ ᠲᠠ ᠨᠠᠷ ᠪᠤᠶᠠᠨ ᠲᠠᠢ ᠪᠤᠷᠬᠠᠨ ᠤ ᠬᠠᠭᠠᠨᠴᠢᠯᠠᠯ ᠲᠠ ᠨᠠᠷ ᠤᠨ ᠬᠢ
21 ᠣᠳᠣ ᠥᠯᠥᠰᠬᠥᠯᠡᠩ ᠬᠥᠮᠦᠰ ᠡ᠂ ᠲᠠ ᠨᠠᠷ ᠪᠤᠶᠠᠨ ᠲᠠᠢ ᠲᠠ ᠨᠠᠷ ᠬᠠᠩ᠋ᠭᠠᠭᠳᠠᠨ᠎ᠠ ᠣᠳᠣ ᠤᠬᠢᠯᠠᠵᠤ ᠪᠠᠢᠭ᠎ᠠ ᠬᠥᠮᠦᠰ ᠡ᠂ ᠲᠠ ᠨᠠᠷ ᠪᠤᠶᠠᠨ ᠲᠠᠢ ᠲᠠ ᠨᠠᠷ ᠢᠨᠢᠶᠡᠨ᠎ᠡ᠃
22 ᠬᠥᠮᠦᠰ ᠬᠥᠮᠦᠨ ᠦ ᠬᠦᠦ ᠶᠢᠨ ᠤᠯᠠᠮ ᠠᠴᠠ ᠲᠠ ᠨᠠᠷ ᠢ ᠵᠠᠨᠤᠵᠤ᠂ ᠭᠠᠭᠴᠠᠭᠠᠷᠳᠠᠭᠤᠯᠤᠨ᠂ ᠮᠠᠭᠤᠰᠢᠶᠠᠵᠤ᠂ ᠨᠡᠷ᠎ᠡ ᠶᠢ ᠴᠢᠨᠢ ᠮᠠᠭᠤ ᠭᠡᠵᠦ ᠵᠢᠭᠰᠢᠪᠡᠯ ᠲᠠ ᠨᠠᠷ ᠪᠤᠶᠠᠨ ᠲᠠᠢ᠃ 23 ᠲᠡᠷᠡ ᠡᠳᠦᠷ ᠪᠠᠶᠠᠷᠯᠠᠨ ᠳᠡᠪᠬᠡᠴᠡᠵᠡᠭᠡ᠂ ᠠᠩ᠋ᠬᠠᠷᠤᠭᠲᠤᠨ᠂ ᠲᠩᠷᠢ ᠳᠠᠬᠢ ᠱᠠᠩᠨᠠᠯ ᠴᠢᠨᠢ ᠶᠡᠬᠡ ᠶᠤᠮ᠃ ᠲᠡᠳᠡᠨ ᠦ ᠳᠡᠭᠡᠳᠦᠰ ᠴᠤ ᠡᠰᠢ ᠦᠵᠡᠭᠦᠯᠦᠭᠴᠢᠳ ᠲᠤ ᠢᠩᠭᠢᠭᠰᠡᠨ ᠶᠤᠮ᠃
24 ᠭᠡᠪᠡᠴᠦ ᠪᠠᠶᠠᠴᠤᠳ ᠡ᠂ ᠲᠠ ᠨᠠᠷ ᠲᠤ ᠭᠠᠢ ᠪᠣᠯᠣᠨ᠎ᠠ ᠲᠠ ᠨᠠᠷ ᠲᠠᠢᠳᠬᠤᠷᠠᠯ ᠢ ᠬᠠᠨᠲᠠᠯ᠎ᠠ ᠪᠠᠨ ᠠᠪᠴᠢᠬᠠᠭᠰᠠᠨ
25 ᠣᠳᠣ ᠴᠠᠳᠬᠤᠯᠠᠩ ᠬᠥᠮᠦᠰ ᠡ᠂ ᠲᠠ ᠨᠠᠷ ᠲᠤ ᠭᠠᠢ ᠪᠣᠯᠣᠨ᠎ᠠ ᠲᠠ ᠨᠠᠷ ᠥᠯᠥᠰᠬᠦ ᠪᠣᠯᠣᠨ᠎ᠠ ᠣᠳᠣ ᠢᠨᠢᠶᠡᠵᠦ ᠪᠠᠢᠭ᠎ᠠ ᠬᠥᠮᠦᠰ ᠡ᠂ ᠲᠠ ᠨᠠᠷ ᠲᠤ ᠭᠠᠢ ᠪᠣᠯᠣᠨ᠎ᠠ ᠲᠠ ᠨᠠᠷ ᠭᠠᠰᠢᠭᠤᠳᠠᠨ ᠤᠬᠢᠯᠠᠬᠤ ᠪᠣᠯᠣᠨ᠎ᠠ᠃
26 ᠬᠥᠮᠦᠨ ᠪᠦᠬᠦᠨ ᠲᠠ ᠨᠠᠷ ᠢ ᠰᠠᠢᠨ ᠭᠡᠵᠦ ᠮᠠᠭᠲᠠᠪᠠᠯ ᠭᠠᠢ ᠪᠣᠯᠣᠨ᠎ᠠ᠃ ᠲᠡᠳᠡᠨ ᠦ ᠳᠡᠭᠡᠳᠦᠰ ᠴᠤ ᠬᠠᠭᠤᠷᠮᠠᠭ ᠡᠰᠢ ᠦᠵᠡᠭᠦᠯᠦᠭᠴᠢᠳ ᠲᠤ ᠢᠩᠭᠢᠭᠰᠡᠨ ᠶᠤᠮ᠃

27 ᠬᠠᠷᠢᠨ ᠰᠣᠨᠣᠰᠣᠭᠴᠢ ᠲᠠ ᠨᠠᠷ ᠲᠤ ᠪᠢ ᠬᠡᠯᠡᠶ᠎ᠡ᠃ ᠳᠠᠢᠰᠤᠨ ᠨᠤᠭᠤᠳ ᠢᠶᠠᠨ ᠬᠠᠢᠷᠠᠯᠠ᠂ ᠥᠪᠡᠷ ᠢ ᠴᠢᠨᠢ ᠵᠠᠨᠤᠭᠴᠢᠳ ᠲᠤ ᠰᠠᠢᠨ ᠢ ᠦᠢᠯᠡᠳ︕ 28 ᠥᠪᠡᠷ ᠢ ᠴᠢᠨᠢ ᠬᠠᠷᠢᠶᠠᠳᠠᠭ ᠬᠥᠮᠦᠨ ᠢ ᠢᠷᠥᠭᠡ᠃ ᠥᠪᠡᠷ ᠢ ᠴᠢᠨᠢ ᠱᠣᠭᠣᠪᠳᠣᠷᠯᠠᠳᠠᠭ ᠬᠥᠮᠦᠨ ᠦ ᠲᠥᠯᠥᠭᠡ ᠳᠠᠭᠠᠳᠬ᠎ᠠ᠃ 29 ᠬᠠᠴᠠᠷ ᠢ ᠴᠢᠨᠢ ᠠᠯᠠᠭᠠᠳᠠᠭᠰᠠᠨ ᠬᠥᠮᠦᠨ ᠳᠦ ᠨᠥᠭᠥᠭᠡ ᠬᠠᠴᠠᠷ ᠢᠶᠠᠨ ᠴᠤ ᠥᠭ᠃ ᠭᠠᠳᠠᠷ ᠬᠤᠪᠴᠠᠰᠤ ᠶᠢ ᠴᠢᠨᠢ ᠪᠤᠯᠢᠶᠠᠨ ᠠᠪᠤᠭᠰᠠᠨ ᠬᠥᠮᠦᠨ ᠡᠴᠡ ᠳᠣᠲᠣᠷ ᠬᠤᠪᠴᠠᠰᠤ ᠪᠠᠨ ᠴᠤ ᠪᠦᠦ ᠬᠠᠷᠠᠮᠯᠠ᠃ 30 ᠴᠢᠮ᠎ᠠ ᠠᠴᠠ ᠭᠤᠶᠤᠭᠰᠠᠨ ᠪᠣᠯᠭᠠᠨ ᠳᠤ ᠥᠭ᠂ ᠶᠠᠭᠤᠮ᠎ᠠ ᠶᠢ ᠴᠢᠨᠢ ᠠᠪᠤᠭᠰᠠᠨ ᠬᠥᠮᠦᠨ ᠡᠴᠡ ᠪᠦᠦ ᠨᠡᠬᠡ᠃ 31 ᠲᠠ ᠨᠠᠷ ᠬᠥᠮᠦᠰ ᠢ ᠥᠪᠡᠷᠰᠡᠳ ᠲᠡᠭᠡᠨ ᠬᠡᠷᠬᠢᠨ ᠬᠠᠨᠳᠤᠭᠠᠰᠠᠢ ᠭᠡᠵᠦ ᠬᠦᠰᠡᠳᠡᠭ ᠪᠣᠯ᠂ ᠥᠪᠡᠷᠰᠡᠳ ᠢᠶᠡᠨ ᠴᠤ ᠲᠡᠳᠡᠨ ᠳᠦ ᠲᠡᠭᠡᠵᠦ ᠬᠠᠨᠳᠤ᠃

32 ᠥᠪᠡᠷᠰᠡᠳ ᠢ ᠴᠢᠨᠢ ᠬᠠᠢᠷᠠᠯᠠᠭᠰᠠᠳ ᠢ ᠯᠠ ᠬᠠᠢᠷᠠᠯᠠᠪᠠᠯ ᠲᠠ ᠨᠠᠷ ᠲᠤ ᠶᠠᠮᠠᠷ ᠢᠪᠡᠭᠡᠯ ᠪᠠᠢᠬᠤ ᠶᠤᠮ ᠪᠤᠢ︖ ᠨᠢᠭᠦᠯᠲᠡᠳ ᠴᠤ ᠥᠪᠡᠷᠰᠡᠳ ᠢ ᠨᠢ ᠬᠠᠢᠷᠠᠯᠠᠭᠰᠠᠳ ᠢ ᠬᠠᠢᠷᠠᠯᠠᠳᠠᠭ ᠰᠢᠦ ᠳᠠ᠃ 33 ᠥᠪᠡᠷ ᠲᠦ ᠴᠢᠨᠢ ᠰᠠᠢᠨ ᠢ ᠦᠢᠯᠡᠳᠳᠡᠭ ᠬᠥᠮᠦᠰ ᠲᠦ ᠰᠠᠢᠨ ᠢ ᠦᠢᠯᠡᠳᠪᠡᠯ ᠲᠠ ᠨᠠᠷ ᠲᠤ ᠶᠠᠮᠠᠷ ᠢᠪᠡᠭᠡᠯ ᠪᠠᠢᠬᠤ ᠪᠤᠢ︖ ᠨᠢᠭᠦᠯᠲᠡᠳ ᠴᠤ ᠲᠡᠭᠡᠳᠡᠭ ᠶᠤᠮ᠃ 34 ᠪᠤᠴᠠᠭᠠᠵᠤ ᠠᠪᠬᠤ ᠪᠣᠳᠣᠯ ᠲᠠᠢ ᠪᠠᠷ ᠵᠢᠭᠡᠯᠡᠭᠦᠯᠬᠦ ᠶᠤᠮ ᠪᠣᠯ᠂ ᠲᠠ ᠨᠠᠷ ᠲᠤ ᠶᠠᠮᠠᠷ ᠢᠪᠡᠭᠡᠯ ᠪᠠᠢᠬᠤ ᠪᠤᠢ︖ ᠨᠢᠭᠦᠯᠲᠡᠳ ᠴᠤ ᠪᠦᠬᠦᠨ ᠢ ᠪᠤᠴᠠᠭᠠᠵᠤ ᠠᠪᠬᠤ ᠭᠡᠵᠦ ᠨᠢᠭᠦᠯᠲᠡᠨ ᠳᠡᠭᠡᠨ ᠵᠢᠭᠡᠯᠡᠭᠦᠯᠳᠡᠭ᠃ 35 ᠬᠠᠷᠢᠨ ᠲᠠ ᠨᠠᠷ ᠳᠠᠢᠰᠤᠨ ᠢᠶᠠᠨ ᠬᠠᠢᠷᠠᠯᠠᠵᠤ ᠲᠡᠳᠡᠨ ᠳᠦ ᠰᠠᠢᠨ ᠢ ᠦᠢᠯᠡᠳᠦᠨ᠂ ᠶᠠᠭᠤ ᠴᠤ ᠬᠦᠰᠡᠬᠦ ᠦᠭᠡᠢ ᠪᠠᠷ ᠵᠢᠭᠡᠯᠡᠭᠦᠯ᠂ ᠲᠡᠭᠡᠪᠡᠯ ᠲᠠ ᠨᠠᠷ ᠶᠡᠬᠡ ᠪᠡᠷ ᠱᠠᠩᠨᠠᠭᠳᠠᠨ ᠳᠡᠭᠡᠳᠦ ᠶᠢᠨ ᠳᠡᠭᠡᠳᠦ ᠨᠢᠭᠡᠨ ᠦ ᠬᠡᠦᠬᠡᠳ ᠤᠳ ᠪᠣᠯᠣᠨ᠎ᠠ᠃ ᠲᠡᠷᠡ ᠪᠡᠷ ᠠᠴᠢ ᠶᠢ ᠮᠡᠳᠡᠬᠦ ᠦᠭᠡᠢ ᠮᠠᠭᠤ ᠬᠥᠮᠦᠰ ᠲᠦ ᠴᠤ ᠰᠠᠢᠨ ᠪᠠᠢᠳᠠᠭ ᠶᠤᠮ᠃ 36 ᠲᠠ ᠨᠠᠷ ᠤᠨ ᠡᠴᠢᠭᠡ ᠥᠷᠥᠰᠢᠶᠡᠩᠭᠦᠢ ᠪᠠᠢᠳᠠᠭ ᠰᠢᠭ᠋ ᠲᠠ ᠨᠠᠷ ᠴᠤ ᠥᠷᠥᠰᠢᠶᠡᠩᠭᠦᠢ ᠪᠣᠯᠣᠭᠲᠤᠨ᠃

37 ᠪᠦᠦ ᠰᠢᠭᠦᠮᠵᠢᠯᠡ᠂ ᠲᠡᠭᠡᠪᠡᠯ ᠲᠠ ᠨᠠᠷ ᠰᠢᠭᠦᠮᠵᠢᠯᠡᠭᠳᠡᠬᠦ ᠦᠭᠡᠢ᠃ ᠪᠦᠦ ᠪᠤᠷᠤᠭᠤᠳᠬ᠎ᠠ᠂ ᠲᠡᠭᠡᠪᠡᠯ ᠲᠠ ᠨᠠᠷ ᠪᠤᠷᠤᠭᠤᠳᠬᠠᠭᠳᠠᠬᠤ ᠦᠭᠡᠢ᠃ ᠠᠭᠤᠴᠢᠯᠠ᠂ ᠲᠡᠭᠡᠪᠡᠯ ᠲᠠ ᠨᠠᠷ ᠠᠭᠤᠴᠢᠯᠠᠭᠳᠠᠨ᠎ᠠ᠃ 38 ᠥᠭᠭᠥᠭᠲᠦᠨ᠂ ᠲᠡᠭᠡᠪᠡᠯ ᠲᠠ ᠨᠠᠷ ᠲᠤ ᠴᠤ ᠥᠭᠭᠥᠭᠳᠡᠨ᠎ᠡ᠂ ᠴᠢᠬᠢᠵᠦ ᠴᠢᠭ᠍ᠵᠢᠲᠡᠯ᠎ᠡ ᠪᠢᠯᠬᠠᠭᠰᠠᠨ ᠶᠡᠬᠡ ᠬᠡᠮᠵᠢᠶ᠎ᠡ ᠪᠡᠷ ᠡᠪᠦᠷ ᠲᠦ ᠴᠢᠨᠢ ᠥᠭᠭᠥᠭᠳᠡᠨ᠎ᠡ᠃ ᠲᠠ ᠨᠠᠷ ᠬᠡᠮᠵᠢᠭᠰᠡᠨ ᠬᠡᠮᠵᠢᠭᠦᠷ ᠢᠶᠡᠷ ᠢᠶᠠᠨ ᠬᠡᠮᠵᠢᠭᠳᠡᠬᠦ ᠪᠣᠯᠣᠨ᠎ᠠ》 ᠭᠡᠪᠡ᠃

39 ᠢᠰᠦ᠋ᠰ ᠮᠥᠨ ᠦᠯᠢᠭᠡᠷᠯᠡᠯ ᠢᠶᠡᠷ᠄ 《ᠰᠣᠬᠣᠷ ᠨᠢ ᠰᠣᠬᠣᠷ ᠢᠶᠠᠨ ᠵᠠᠮᠴᠢᠯᠠᠵᠤ ᠴᠢᠳᠠᠨ᠎ᠠ ᠤᠤ︖ ᠬᠣᠶᠠᠭᠤᠯᠠ ᠪᠠᠨ ᠨᠦᠬᠡᠨ ᠳᠦ ᠤᠨᠠᠴᠢᠬᠠᠬᠤ ᠪᠢᠰᠢ ᠤᠤ︖ 40 ᠱᠠᠪᠢ ᠨᠢ ᠪᠠᠭᠰᠢ ᠡᠴᠡ ᠪᠡᠨ ᠠᠭᠤᠤ ᠪᠠᠢᠳᠠᠭ ᠦᠭᠡᠢ᠃ ᠬᠠᠷᠢᠨ ᠲᠡᠭᠦᠰ ᠰᠤᠷᠤᠭᠰᠠᠨ ᠪᠦᠬᠦᠨ ᠪᠠᠭᠰᠢ ᠰᠢᠭ᠋ ᠢᠶᠠᠨ ᠪᠣᠯᠣᠨ᠎ᠠ᠃ 41 ᠴᠢ ᠠᠬ᠎ᠠ ᠳᠡᠭᠦᠦ ᠶᠢᠨ ᠢᠶᠠᠨ ᠨᠢᠳᠦᠨ ᠳᠠᠬᠢ ᠬᠣᠭ ᠢ ᠬᠠᠷᠠᠳᠠᠭ ᠠᠲᠠᠯ᠎ᠠ ᠪᠠᠨ ᠥᠪᠡᠷ ᠦᠨ ᠢᠶᠠᠨ ᠨᠢᠳᠦᠨ ᠳᠠᠬᠢ ᠳ᠋ᠠᠮ ᠨᠢᠷᠤᠭᠤ ᠶᠢ ᠶᠠᠭᠠᠬᠢᠭᠠᠳ ᠠᠩᠵᠠᠭᠠᠷᠠᠳᠠᠭ ᠦᠭᠡᠢ ᠪᠤᠢ︖ 42 ᠴᠢ ᠥᠪᠡᠷ ᠦᠨ ᠢᠶᠠᠨ ᠨᠢᠳᠦᠨ ᠳᠠᠬᠢ ᠳ᠋ᠠᠮ ᠨᠢᠷᠤᠭᠤ ᠶᠢ ᠦᠵᠡᠬᠦ ᠦᠭᠡᠢ ᠪᠠᠢᠲᠠᠯ᠎ᠠ ᠪᠠᠨ ᠠᠬ᠎ᠠ ᠳᠡᠭᠦᠦ ᠳᠡᠭᠡᠨ᠄ 〈ᠠᠬ᠎ᠠ ᠡ᠂ ᠨᠠᠳᠠ ᠪᠠᠷ ᠨᠢᠳᠦᠨ ᠦ ᠪᠠᠨ ᠬᠣᠭ ᠢ ᠠᠪᠤᠭᠤᠯᠴᠢᠬ᠎ᠠ〉 ᠭᠡᠵᠦ ᠶᠠᠭᠠᠬᠢᠨ ᠬᠡᠯᠡᠵᠦ ᠴᠢᠳᠠᠨ᠎ᠠ ᠪᠤᠢ︖ ᠬᠣᠶᠠᠷ ᠨᠢᠭᠤᠷᠲᠠᠨ ᠴᠢ ᠤᠷᠢᠳᠠᠪᠠᠷ ᠨᠢᠳᠦᠨ ᠳᠠᠬᠢ ᠳ᠋ᠠᠮ ᠨᠢᠷᠤᠭᠤ ᠪᠠᠨ ᠠᠪᠴᠢᠬ᠎ᠠ᠂ ᠲᠡᠭᠡᠪᠡᠯ ᠠᠬ᠎ᠠ ᠳᠡᠭᠦᠦ ᠶᠢᠨ ᠢᠶᠠᠨ ᠨᠢᠳᠦᠨ ᠡᠴᠡ ᠬᠣᠭ ᠢ ᠨᠢ ᠠᠪᠬᠤ ᠳᠤ ᠲᠣᠳᠣ ᠬᠠᠷᠠᠬᠤ ᠪᠣᠯᠣᠨ᠎ᠠ᠃

43 ᠰᠠᠢᠨ ᠮᠣᠳᠣᠨ ᠳᠤ ᠮᠠᠭᠤ ᠵᠢᠮᠢᠰ ᠰᠠᠭᠤᠳᠠᠭ ᠦᠭᠡᠢ᠃ ᠮᠥᠨ ᠮᠠᠭᠤ ᠮᠣᠳᠣᠨ ᠳᠤ ᠰᠠᠢᠨ ᠵᠢᠮᠢᠰ ᠰᠠᠭᠤᠳᠠᠭ ᠦᠭᠡᠢ᠃ 44 ᠮᠣᠳᠣ ᠪᠣᠯᠭᠠᠨ ᠦᠷ᠎ᠡ ᠵᠢᠮᠢᠰ ᠢᠶᠠᠷ ᠢᠶᠠᠨ ᠲᠠᠨᠢᠭᠳᠠᠳᠠᠭ᠃ ᠬᠥᠮᠦᠰ ᠥᠷᠭᠡᠰᠦᠲᠦ ᠪᠤᠲᠠ ᠠᠴᠠ ᠢᠨᠵᠢᠷ ᠤᠨ ᠵᠢᠮᠢᠰ᠂ ᠢᠮᠠᠭᠠᠨ ᠵᠠᠩ᠋ᠭᠤᠤ ᠠᠴᠠ ᠦᠵᠦᠮ ᠲᠡᠭᠦᠳᠡᠭ ᠦᠭᠡᠢ᠃ 45 ᠰᠠᠢᠨ ᠬᠥᠮᠦᠨ ᠰᠡᠳᠬᠢᠯ ᠳᠡᠭᠡᠨ ᠬᠠᠳᠠᠭᠠᠯᠠᠭᠰᠠᠨ ᠰᠠᠢᠨ ᠠᠴᠠ ᠪᠠᠨ ᠰᠠᠢᠨ ᠢ ᠭᠠᠷᠭᠠᠵᠤ᠂ ᠮᠠᠭᠤ ᠬᠥᠮᠦᠨ ᠰᠡᠳᠬᠢᠯ ᠳᠡᠭᠡᠨ ᠬᠠᠳᠠᠭᠠᠯᠠᠭᠰᠠᠨ ᠮᠠᠭᠤ ᠠᠴᠠ ᠪᠠᠨ ᠮᠠᠭᠤ ᠶᠢ ᠭᠠᠷᠭᠠᠳᠠᠭ᠃ ᠤᠴᠢᠷ ᠨᠢ᠂ ᠬᠥᠮᠦᠨ ᠰᠡᠳᠬᠢᠯ ᠳᠡᠭᠡᠨ ᠳᠦᠭᠦᠷᠡᠩ ᠪᠠᠢᠭ᠎ᠠ ᠪᠠᠨ ᠠᠮᠠ ᠪᠠᠷ ᠢᠶᠠᠨ ᠶᠠᠷᠢᠳᠠᠭ ᠶᠤᠮ᠃
 ᠬᠣᠶᠠᠷ ᠪᠠᠷᠢᠯᠭᠠᠴᠢᠨ᠂ ᠬᠣᠶᠠᠷ ᠰᠠᠭᠤᠷᠢ

46 ᠲᠠ ᠨᠠᠷ ᠨᠠᠮᠠᠶᠢ᠄ 〈ᠡᠵᠡᠨ ᠡ᠂ ᠡᠵᠡᠨ〉 ᠭᠡᠵᠦ ᠳᠠᠭᠤᠳᠠᠴᠢᠬᠠᠭᠠᠳ ᠶᠠᠭᠤᠨ ᠳᠤ ᠮᠢᠨᠦ ᠬᠡᠯᠡᠳᠡᠭ ᠢ ᠪᠡᠶᠡᠯᠡᠭᠦᠯᠳᠡᠭ ᠦᠭᠡᠢ ᠶᠤᠮ ᠪᠤᠢ︖ 47 ᠨᠠᠳᠠ ᠤᠷᠤᠭᠤ ᠢᠷᠡᠵᠦ᠂ ᠦᠭᠡ ᠶᠢ ᠮᠢᠨᠢ ᠰᠣᠨᠣᠰᠣᠭᠠᠳ ᠪᠡᠶᠡᠯᠡᠭᠦᠯᠦᠭᠴᠢ ᠪᠣᠯᠭᠠᠨ ᠬᠡᠨ ᠲᠡᠢ ᠠᠳᠠᠯᠢ ᠪᠣᠯᠬᠤ ᠶᠢ ᠪᠢ ᠲᠠ ᠨᠠᠷ ᠲᠤ ᠵᠢᠭᠠᠵᠤ ᠥᠭᠭᠥᠶ᠎ᠡ᠃ 48 ᠲᠡᠷᠡ ᠨᠢ ᠪᠠᠢᠰᠢᠩ ᠪᠠᠷᠢᠬᠤ ᠳᠠᠭᠠᠨ ᠭᠠᠵᠠᠷ ᠢᠶᠠᠨ ᠭᠦᠨ ᠤᠬᠤᠵᠤ ᠬᠠᠳᠠᠨ ᠳᠡᠭᠡᠷ᠎ᠡ ᠰᠠᠭᠤᠷᠢ ᠲᠠᠯᠪᠢᠭᠰᠠᠨ ᠬᠥᠮᠦᠨ ᠲᠡᠢ ᠠᠳᠠᠯᠢ᠃ ᠦᠶᠡᠷ ᠪᠠᠭᠤᠵᠤ ᠤᠷᠤᠰᠬᠠᠯ ᠪᠠᠢᠰᠢᠩ ᠢ ᠳᠠᠭᠠᠷᠢᠭᠰᠠᠨ ᠪᠣᠯᠪᠠᠴᠤ ᠰᠠᠢᠨ ᠪᠠᠷᠢᠭᠰᠠᠨ ᠲᠡᠷᠡ ᠪᠠᠢᠰᠢᠩ ᠢ ᠬᠥᠳᠡᠯᠭᠡᠵᠦ ᠴᠢᠳᠠᠭᠰᠠᠨ ᠦᠭᠡᠢ᠃ 49 ᠬᠠᠷᠢᠨ ᠦᠭᠡ ᠶᠢ ᠰᠣᠨᠣᠰᠣᠭᠠᠳ ᠪᠡᠶᠡᠯᠡᠭᠦᠯᠳᠡᠭ ᠦᠭᠡᠢ ᠬᠥᠮᠦᠨ ᠪᠣᠯ ᠭᠠᠵᠠᠷ ᠳᠡᠭᠡᠷ᠎ᠡ ᠰᠠᠭᠤᠷᠢ ᠦᠭᠡᠢ ᠪᠠᠢᠰᠢᠩ ᠪᠠᠷᠢᠭᠰᠠᠨ ᠬᠥᠮᠦᠨ ᠲᠡᠢ ᠠᠳᠠᠯᠢ᠃ ᠲᠡᠷᠡ ᠪᠠᠢᠰᠢᠩ ᠤᠷᠤᠰᠬᠠᠯ ᠳᠤ ᠳᠠᠭᠠᠷᠢᠭᠳᠠᠮᠠᠭᠴᠠ ᠨᠤᠷᠠᠵᠤ ᠶᠡᠬᠡ ᠬᠣᠬᠢᠷᠠᠯ ᠳᠤ ᠤᠴᠠᠷᠠᠨ᠎ᠠ》 ᠭᠡᠪᠡ᠃