1 2 3 4 5 6 7 8 9 10 11 12 13 14 15 16 17 18 19 20 21 22 23 24


ᠯᠦᠺ ᠠᠷᠪᠠᠨ ᠵᠢᠷᠭᠤᠭ᠎ᠠ
 ᠵᠥᠪ ᠪᠤᠰᠤ ᠨᠢᠷᠪᠠ

1 ᠢᠰᠦ᠋ᠰ ᠱᠠᠪᠢ ᠨᠠᠷ ᠲᠠᠭᠠᠨ᠄ 《ᠨᠢᠭᠡᠨ ᠪᠠᠶᠠᠨ ᠨᠢᠷᠪᠠ ᠲᠠᠢ ᠪᠠᠢᠵᠠᠢ᠃ ᠨᠢᠷᠪᠠ ᠨᠢ ᠡᠳ᠋ ᠬᠥᠷᠥᠩᠭᠡ ᠶᠢ ᠨᠢ ᠪᠦᠷᠢᠯᠭᠡᠵᠦ ᠪᠠᠢᠨ᠎ᠠ ᠭᠡᠵᠦ ᠳᠤᠭᠤᠯᠳᠠᠭᠰᠠᠨ ᠳᠤ᠂ 2 ᠲᠡᠷᠡ ᠲᠡᠭᠦᠨ ᠢ ᠳᠠᠭᠤᠳᠠᠵᠤ᠄ 〈ᠴᠢᠨᠦ ᠲᠤᠬᠠᠢ ᠨᠠᠳᠠ ᠳᠤ ᠰᠣᠨᠣᠰᠳᠠᠳᠠᠭ ᠡᠨᠡ ᠶᠠᠭᠤ ᠪᠤᠢ︖ ᠴᠢ ᠠᠵᠢᠯ ᠤᠨ ᠳᠠᠩᠰᠠ ᠪᠠᠨ ᠲᠤᠰᠢᠶᠠ᠃ ᠴᠢᠮ᠎ᠠ ᠪᠠᠷ ᠨᠢᠷᠪᠠ ᠪᠣᠯᠭᠠᠬᠤ ᠪᠠᠨ ᠪᠣᠯᠢᠶ᠎ᠠ〉 ᠭᠡᠰᠡᠨ ᠳᠦ᠂ 3 ᠨᠢᠷᠪᠠ ᠳᠣᠲᠣᠷ᠎ᠠ ᠪᠠᠨ᠄ 〈ᠡᠵᠡᠨ ᠨᠢᠷᠪᠠ ᠶᠢᠨ ᠠᠵᠢᠯ ᠢ ᠮᠢᠨᠢ ᠪᠣᠯᠢᠭᠤᠯᠬᠤ ᠨᠢ᠂ ᠪᠢ ᠶᠠᠭᠤ ᠬᠢᠬᠦ ᠪᠢᠯᠡ︖ ᠭᠠᠵᠠᠷ ᠬᠠᠭᠠᠯᠤᠶ᠎ᠠ ᠭᠡᠬᠦ ᠳᠦ ᠬᠦᠴᠦ ᠳᠤᠲᠠᠬᠤ ᠨᠢ᠂ ᠭᠤᠢᠷᠠᠨᠴᠢᠯᠠᠶ᠎ᠠ ᠭᠡᠬᠦ ᠳᠦ ᠨᠢᠭᠤᠷ ᠪᠠᠷᠠᠬᠤ ᠨᠢ ᠡ᠃ 4 ᠪᠢ ᠶᠠᠭᠠᠬᠢᠬᠤ ᠪᠠᠨ ᠮᠡᠳᠡᠯ᠎ᠡ︕ ᠢᠩᠭᠢᠪᠡᠯ ᠨᠢᠷᠪᠠ ᠶᠢᠨ ᠠᠵᠢᠯ ᠠᠴᠠ ᠪᠠᠨ ᠬᠠᠯᠠᠭᠳᠠᠬᠤ ᠳᠤ ᠮᠢᠨᠢ ᠬᠥᠮᠦᠰ ᠨᠠᠮᠠᠶᠢ ᠭᠡᠷ ᠲᠡᠭᠡᠨ ᠬᠦᠯᠢᠶᠡᠨ ᠠᠪᠬᠤ ᠪᠣᠯᠣᠨ᠎ᠠ〉 ᠬᠡᠮᠡᠨ ᠪᠣᠳᠣᠭᠠᠳ 5 ᠡᠵᠡᠨ ᠳᠦᠨᠢ ᠥᠷᠢ ᠲᠠᠢ ᠪᠠᠢᠭᠰᠠᠨ ᠬᠥᠮᠦᠰ ᠢ ᠨᠢᠭᠡ ᠨᠢᠭᠡ ᠪᠡᠷ ᠨᠢ ᠳᠠᠭᠤᠳᠠᠵᠠᠢ᠃ ᠨᠢᠷᠪᠠ ᠡᠬᠢᠨ ᠤ ᠬᠥᠮᠦᠨ ᠡᠴᠡ᠄ 〈ᠲᠠ ᠮᠢᠨᠦ ᠡᠵᠡᠨ ᠳᠦ ᠬᠡᠳᠦᠢ ᠥᠷᠢ ᠲᠠᠢ ᠪᠤᠢ︖〉 ᠭᠡᠰᠡᠨ ᠳᠦ᠂ 6 ᠲᠡᠷᠡ᠄ 〈ᠲᠠᠪᠢᠨ ᠵᠢᠩ ᠲᠣᠰᠣ〉 ᠭᠡᠪᠡ᠃ ᠨᠢᠷᠪᠠ᠄ 〈ᠪᠠᠷᠢᠮᠲᠠ ᠪᠢᠴᠢᠭ ᠢᠶᠠᠨ ᠠᠪᠴᠤ᠂ ᠬᠤᠷᠳᠤᠨ ᠰᠠᠭᠤᠭᠠᠳ ᠬᠣᠷᠢᠨ ᠲᠠᠪᠤ ᠭᠡᠵᠦ ᠪᠢᠴᠢ〉 ᠭᠡᠵᠡᠢ᠃ 7 ᠳᠠᠷᠠᠭ᠎ᠠ ᠶᠢᠨ ᠬᠥᠮᠦᠨ ᠡᠴᠡ᠄ 〈ᠬᠡᠳᠦᠢ ᠥᠷᠢ ᠲᠠᠢ ᠪᠤᠢ︖〉 ᠭᠡᠬᠦ ᠳᠦ᠂ ᠲᠡᠷᠡ᠄ 〈ᠵᠠᠭᠤᠨ ᠤᠭᠤᠲᠠ ᠪᠤᠭᠤᠳᠠᠢ〉 ᠭᠡᠪᠡ᠃ ᠨᠢᠷᠪᠠ᠄ 〈ᠪᠠᠷᠢᠮᠲᠠ ᠪᠢᠴᠢᠭ ᠢᠶᠠᠨ ᠠᠪᠤᠭᠠᠳ ᠨᠠᠶᠠ ᠭᠡᠵᠦ ᠪᠢᠴᠢ〉 ᠭᠡᠵᠦ ᠬᠡᠯᠡᠪᠡ᠃ 8 ᠡᠨᠡ ᠵᠥᠪ ᠪᠤᠰᠤ ᠨᠢᠷᠪᠠ ᠶᠢᠨ ᠢᠶᠠᠨ ᠤᠬᠠᠭᠠᠨᠯᠢᠭ ᠢᠶᠠᠷ ᠦᠢᠯᠡᠳᠦᠭᠰᠡᠨ ᠢ ᠡᠵᠡᠨ ᠨᠢ ᠮᠠᠭᠲᠠᠪᠠ᠃ ᠤᠴᠢᠷ ᠨᠢ᠂ ᠡᠨᠡ ᠳᠡᠯᠡᠬᠡᠢ ᠶᠢᠨ ᠬᠥᠮᠦᠰ ᠢᠵᠢᠯ ᠲᠥᠷᠥᠯᠲᠡᠨ ᠲᠡᠢ ᠪᠡᠨ ᠬᠠᠷᠢᠯᠴᠠᠬᠤ ᠳᠠᠭᠠᠨ ᠭᠡᠷᠡᠯ ᠦᠨ ᠬᠡᠦᠬᠡᠳ ᠤᠳ ᠠᠴᠠ ᠢᠯᠡᠭᠦᠦ ᠤᠬᠠᠭᠠᠨᠯᠢᠭ ᠠᠵᠢ᠃ 9 ᠪᠢ ᠲᠠ ᠨᠠᠷ ᠲᠤ ᠬᠡᠯᠡᠶ᠎ᠡ᠃ ᠵᠥᠪ ᠪᠤᠰᠤ ᠡᠳ᠋ ᠮᠥᠩᠭᠥ ᠪᠡᠷ ᠨᠠᠢᠵᠠ ᠨᠥᠬᠥᠳ ᠢᠶᠡᠨ ᠣᠯ᠂ ᠡᠳ᠋ ᠮᠥᠩᠭᠥ ᠤᠰᠠᠳᠬᠤ ᠳᠤ᠂ ᠲᠡᠳᠡ ᠲᠠ ᠨᠠᠷ ᠢ ᠮᠥᠩᠬᠡ ᠶᠢᠨ ᠣᠷᠣᠨ ᠳᠤ ᠬᠦᠯᠢᠶᠡᠨ ᠠᠪᠤᠨ᠎ᠠ᠃ 10 ᠬᠠᠮᠤᠭ ᠤᠨ ᠪᠠᠭ᠎ᠠ ᠶᠠᠭᠤᠮᠠᠨ ᠳᠤ ᠢᠲᠡᠭᠡᠮᠵᠢᠲᠡᠢ ᠪᠠᠢᠳᠠᠭ ᠬᠥᠮᠦᠨ ᠶᠡᠬᠡ ᠶᠠᠭᠤᠮᠠᠨ ᠳᠤ ᠴᠤ ᠢᠲᠡᠭᠡᠮᠵᠢᠲᠡᠢ᠂ ᠬᠠᠮᠤᠭ ᠤᠨ ᠪᠠᠭ᠎ᠠ ᠶᠠᠭᠤᠮᠠᠨ ᠳᠤ ᠵᠥᠪ ᠪᠤᠰᠤ ᠨᠢ ᠶᠡᠬᠡ ᠶᠠᠭᠤᠮᠠᠨ ᠳᠤ ᠴᠤ ᠵᠥᠪ ᠪᠤᠰᠤ ᠪᠠᠢᠳᠠᠭ᠃ 11 ᠲᠠ ᠨᠠᠷ ᠬᠡᠷᠪᠡ ᠵᠥᠪ ᠪᠤᠰᠤ ᠡᠳ᠋ ᠮᠥᠩᠭᠥᠨ ᠳᠤ ᠢᠲᠡᠭᠡᠮᠵᠢ ᠦᠭᠡᠢ ᠪᠣᠯ᠂ ᠬᠡᠨ ᠲᠠ ᠨᠠᠷ ᠲᠤ ᠵᠢᠩᠬᠢᠨᠢ ᠪᠠᠨ ᠳᠠᠭᠠᠭᠠᠯᠭᠠᠬᠤ ᠪᠢᠯᠡ︖ 12 ᠲᠠ ᠨᠠᠷ ᠬᠡᠷᠪᠡ ᠪᠤᠰᠤᠳ ᠤᠨ ᠶᠠᠭᠤᠮᠠᠨ ᠳᠤ ᠢᠲᠡᠭᠡᠮᠵᠢ ᠦᠭᠡᠢ ᠪᠣᠯ᠂ ᠬᠡᠨ ᠲᠠ ᠨᠠᠷ ᠲᠤ ᠥᠪᠡᠷᠰᠡᠳ ᠦᠨ ᠴᠢᠨᠢ ᠶᠠᠭᠤᠮ᠎ᠠ ᠶᠢ ᠥᠭᠬᠦ ᠪᠢᠯᠡ︖ 13 ᠨᠢᠭᠡ ᠵᠠᠷᠤᠴᠠ ᠬᠣᠶᠠᠷ ᠡᠵᠡᠨ ᠳᠦ ᠵᠠᠷᠤᠭᠳᠠᠵᠤ ᠦᠯᠦ ᠴᠢᠳᠠᠨ᠎ᠠ᠃ ᠤᠴᠢᠷ ᠨᠢ᠂ ᠲᠡᠷᠡ ᠪᠡᠷ ᠨᠢᠭᠡ ᠶᠢ ᠨᠢ ᠦᠵᠡᠨ ᠶᠠᠳᠠᠵᠤ ᠨᠥᠭᠥᠭᠡ ᠶᠢ ᠨᠢ ᠬᠠᠢᠷᠠᠯᠠᠬᠤ᠂ ᠡᠰᠡᠬᠦᠯ᠎ᠡ ᠨᠢᠭᠡ ᠶᠢ ᠨᠢ ᠬᠦᠨᠳᠦᠯᠡᠵᠦ ᠨᠥᠭᠥᠭᠡ ᠶᠢ ᠨᠢ ᠬᠥᠩᠭᠡᠪᠴᠢᠯᠡᠬᠦ ᠪᠣᠯᠣᠨ᠎ᠠ᠃ ᠲᠠ ᠨᠠᠷ ᠪᠤᠷᠬᠠᠨ ᠪᠠ ᠡᠳ᠋ ᠮᠥᠩᠭᠥ ᠳᠤ ᠵᠡᠷᠭᠡᠪᠡᠷ ᠵᠠᠷᠤᠭᠳᠠᠵᠤ ᠦᠯᠦ ᠴᠢᠳᠠᠨ᠎ᠠ》 ᠭᠡᠪᠡ᠃

14 ᠹᠠᠷᠢᠰᠠᠢᠴᠤᠳ ᠵᠣᠭᠣᠰᠣᠨ ᠳᠤ ᠳᠤᠷᠠᠲᠠᠢ ᠪᠠᠢᠳᠠᠭ ᠪᠣᠯᠬᠣᠷ ᠡᠨᠡ ᠪᠦᠬᠦᠨ ᠢ ᠰᠣᠨᠣᠰᠣᠭᠠᠳ ᠢᠰᠦ᠋ᠰ ᠢ ᠡᠯᠡᠭᠯᠡᠵᠦ ᠪᠠᠢᠯ᠎ᠠ᠃ 15 ᠢᠰᠦ᠋ᠰ ᠲᠡᠳᠡᠨ ᠳᠦ᠄ 《ᠲᠠ ᠨᠠᠷ ᠪᠣᠯ ᠬᠥᠮᠦᠰ ᠦᠨ ᠡᠮᠦᠨ᠎ᠡ ᠪᠡᠶ᠎ᠡ ᠪᠡᠨ ᠵᠥᠪ ᠭᠡᠭᠴᠢᠳ ᠶᠤᠮ᠂ ᠭᠡᠪᠡᠴᠦ ᠪᠤᠷᠬᠠᠨ ᠲᠠ ᠨᠠᠷ ᠤᠨ ᠰᠡᠳᠬᠢᠯ ᠢ ᠮᠡᠳᠡᠨ᠎ᠡ᠃ ᠬᠥᠮᠦᠰ ᠦᠨ ᠡᠷᠬᠢᠮᠯᠡᠳᠡᠭ ᠵᠦᠢᠯ ᠨᠢ ᠪᠤᠷᠬᠠᠨ ᠤ ᠡᠮᠦᠨ᠎ᠡ ᠵᠢᠭᠰᠢᠭᠦᠷᠢ ᠪᠣᠯᠳᠠᠭ᠃

16 ᠬᠠᠤᠯᠢ ᠪᠠ ᠡᠰᠢ ᠦᠵᠡᠭᠦᠯᠦᠭᠴᠢᠳ ᠨᠢ ᠶᠣᠬᠠᠨ ᠤ ᠴᠠᠭ ᠬᠦᠷᠲᠡᠯ᠎ᠡ ᠪᠠᠢᠭᠰᠠᠨ᠃ ᠲᠡᠷᠡ ᠦᠶ᠎ᠡ ᠡᠴᠡ ᠡᠬᠢᠯᠡᠭᠡᠳ ᠪᠤᠷᠬᠠᠨ ᠤ ᠬᠠᠭᠠᠨᠴᠢᠯᠠᠯ ᠤᠨ ᠪᠠᠶᠠᠷ ᠤᠨ ᠮᠡᠳᠡᠭᠡ ᠳᠡᠯᠭᠡᠷᠡᠵᠦ᠂ ᠬᠥᠮᠦᠨ ᠪᠦᠬᠦᠨ ᠲᠡᠰᠢ ᠪᠠᠨ ᠣᠷᠣᠬᠤ ᠪᠠᠷ ᠲᠡᠮᠡᠴᠡᠵᠦ ᠪᠠᠢᠨ᠎ᠠ᠃ 17 ᠬᠠᠤᠯᠢ ᠶᠢᠨ ᠭᠠᠭᠴᠠ ᠵᠢᠷᠤᠭᠠᠰᠤ ᠪᠠᠯᠠᠷᠠᠬᠤ ᠠᠴᠠ ᠲᠩᠷᠢ ᠭᠠᠵᠠᠷ ᠵᠠᠮᠬᠠᠷᠠᠬᠤ ᠨᠢ ᠬᠢᠯᠪᠠᠷ ᠪᠢᠯᠡ᠃

18 ᠡᠬᠡᠨᠡᠷ ᠡᠴᠡ ᠪᠡᠨ ᠰᠠᠯᠤᠭᠠᠳ ᠥᠭᠡᠷ᠎ᠡ ᠡᠮᠡᠭᠲᠡᠢ ᠲᠡᠢ ᠭᠡᠷᠯᠡᠭᠴᠢ ᠪᠣᠯᠭᠠᠨ ᠵᠠᠪᠬᠠᠢᠷᠠᠭᠴᠢ ᠪᠥᠭᠡᠳ ᠰᠠᠯᠤᠭᠰᠠᠨ ᠡᠬᠡᠨᠡᠷ ᠲᠡᠢ ᠭᠡᠷᠯᠡᠭᠴᠢ ᠨᠢ ᠴᠤ ᠵᠠᠪᠬᠠᠢᠷᠠᠭᠰᠠᠨ ᠪᠣᠯᠠᠢ᠃
 ᠪᠠᠶᠠᠨ ᠬᠥᠮᠦᠨ ᠬᠢᠭᠡᠳ ᠶᠠᠳᠠᠭᠤ ᠯᠠᠽᠠᠷᠠ

19 ᠨᠢᠭᠡᠨ ᠪᠠᠶᠠᠨ ᠬᠥᠮᠦᠨ ᠪᠠᠢᠵᠠᠢ᠃ ᠲᠡᠷᠡ ᠳᠠᠩᠳᠠ ᠨᠢᠯ ᠶᠠᠭᠠᠨ ᠥᠩᠭᠡ ᠶᠢᠨ ᠳᠡᠪᠡᠯ ᠪᠠ ᠨᠠᠷᠢᠨ ᠥᠷᠮᠥᠭ ᠬᠤᠪᠴᠠᠰᠤ ᠡᠮᠦᠰᠴᠦ᠂ ᠡᠳᠦᠷ ᠪᠦᠷᠢ ᠲᠠᠩᠰᠤᠭᠯᠠᠨ ᠴᠡᠩᠭᠡᠳᠡᠭ ᠪᠠᠢᠬᠤ ᠳᠤ᠂ 20 ᠡᠭᠦᠳᠡᠨ ᠳᠦᠨᠢ ᠶᠠᠷ᠎ᠠ ᠰᠢᠷᠬᠠᠨ ᠳᠤ ᠪᠠᠷᠢᠭᠳᠠᠭᠰᠠᠨ ᠯᠠᠽᠠᠷᠠ ᠭᠡᠳᠡᠭ ᠶᠠᠳᠠᠭᠤ ᠬᠥᠮᠦᠨ ᠬᠡᠪᠲᠡᠭᠡᠳ 21 ᠡᠨᠡ ᠪᠠᠶᠠᠨ ᠤ ᠰᠢᠷᠡᠭᠡᠨ ᠡᠴᠡ ᠤᠨᠠᠭᠰᠠᠨ ᠵᠦᠢᠯ ᠢᠶᠠᠷ ᠥᠯ ᠵᠠᠯᠭᠠᠬᠤ ᠶᠢ ᠬᠦᠰᠡᠳᠡᠭ ᠪᠠᠢᠵᠠᠢ᠃ ᠪᠠᠰᠠ ᠨᠣᠬᠠᠳ ᠲᠡᠭᠦᠨ ᠳᠡᠭᠡᠷ᠎ᠡ ᠢᠷᠡᠵᠦ ᠶᠠᠷ᠎ᠠ ᠰᠢᠷᠬ᠎ᠠ ᠶᠢ ᠨᠢ ᠳᠣᠯᠢᠶᠠᠳᠠᠭ ᠪᠠᠢᠵᠠᠢ᠃ 22 ᠲᠡᠷᠡ ᠶᠠᠳᠠᠭᠤ ᠬᠥᠮᠦᠨ ᠨᠠᠰᠤ ᠪᠠᠷᠠᠭᠰᠠᠨ ᠳᠤ᠂ ᠲᠩᠷᠢ ᠡᠯᠴᠢᠳ ᠲᠡᠭᠦᠨ ᠢ ᠠᠪᠷᠠᠬᠠᠮ ᠤᠨ ᠡᠪᠦᠷ ᠲᠦ ᠬᠦᠷᠭᠡᠵᠡᠢ᠃ ᠪᠠᠶᠠᠨ ᠴᠤ ᠨᠠᠰᠤ ᠪᠠᠷᠠᠵᠤ ᠪᠤᠯᠠᠰᠢᠯᠠᠭᠳᠠᠵᠠᠢ᠃ 23 ᠲᠡᠷᠡ ᠪᠡᠷ ᠲᠠᠮᠤ ᠶᠢᠨ ᠣᠷᠣᠨ ᠳᠤ ᠲᠠᠷᠴᠢᠯᠠᠵᠤ ᠪᠠᠢᠬᠤ ᠳᠠᠭᠠᠨ᠂ ᠨᠢᠳᠦ ᠡᠷᠭᠦᠨ ᠬᠣᠯᠠ ᠠᠴᠠ ᠠᠪᠷᠠᠬᠠᠮ ᠪᠠ ᠡᠪᠦᠷ ᠲᠤᠨᠢ ᠪᠠᠢᠭ᠎ᠠ ᠯᠠᠽᠠᠷᠠ ᠶᠢ ᠬᠠᠷᠠᠭᠠᠳ 24 ᠳᠠᠭᠤᠳᠠᠵᠤ᠄ 〈ᠡᠪᠦᠭᠡ ᠠᠪᠷᠠᠬᠠᠮ ᠡ᠂ ᠨᠠᠮᠠᠶᠢ ᠡᠨᠡᠷᠢᠭᠡᠴᠢ ᠳᠠ᠂ ᠯᠠᠽᠠᠷᠠ ᠶᠢ ᠨᠠᠰᠢ ᠶᠠᠪᠤᠭᠤᠯᠵᠤ ᠬᠤᠷᠤᠭᠤᠨ ᠤ ᠬᠢᠨᠢ ᠦᠵᠦᠭᠦᠷ ᠢ ᠤᠰᠤᠨ ᠳᠤ ᠲᠥᠷᠥᠭᠦᠯᠵᠦ᠂ ᠬᠡᠯᠡ ᠶᠢ ᠮᠢᠨᠢ ᠰᠡᠷᠢᠭᠦᠴᠡᠭᠦᠯᠵᠦ ᠥᠭᠭᠥᠭᠡᠴᠢ᠃ ᠪᠢ ᠡᠨᠡ ᠳᠥᠯᠥ ᠳᠣᠲᠣᠷ᠎ᠠ ᠵᠣᠪᠠᠵᠤ ᠪᠠᠢᠨ᠎ᠠ〉 ᠭᠡᠰᠡᠨ ᠳᠦ᠂ 25 ᠠᠪᠷᠠᠬᠠᠮ᠄ 〈ᠬᠦᠦ ᠮᠢᠨᠢ ᠰᠠᠨᠠᠭᠲᠤᠨ᠂ ᠴᠢ ᠠᠮᠢᠳᠤ ᠪᠠᠢᠬᠤ ᠳᠠᠭᠠᠨ ᠰᠠᠢᠨ ᠢ ᠬᠦᠷᠲᠡᠵᠦ᠂ ᠯᠠᠽᠠᠷᠠ ᠮᠠᠭᠤ ᠶᠢ ᠬᠦᠷᠲᠡᠭᠰᠡᠨ ᠪᠢᠯᠡ᠃ ᠣᠳᠣ ᠲᠡᠷᠡ ᠡ᠊ᠨᠳᠡ ᠲᠠᠢᠪᠤᠰᠢᠷᠠᠵᠤ᠂ ᠴᠢ ᠵᠣᠪᠠᠵᠤ ᠪᠠᠢᠨ᠎ᠠ᠃ 26 ᠡᠭᠦᠨ ᠢᠶᠡᠷ ᠦᠯᠦ ᠪᠠᠷᠠᠮ ᠪᠢᠳᠡ ᠨᠠᠷ ᠪᠠ ᠲᠠ ᠨᠠᠷ ᠤᠨ ᠬᠣᠭᠣᠷᠣᠨᠳᠣ ᠶᠡᠬᠡ ᠵᠢᠯᠠᠭ᠎ᠠ ᠲᠣᠭᠲᠠᠭᠰᠠᠨ ᠲᠤᠯᠠ ᠡ᠊ᠨᠳᠡ ᠡᠴᠡ ᠲᠠᠨ ᠤ ᠲᠡᠨᠳᠡ ᠬᠦᠷᠬᠦ ᠭᠡᠰᠡᠨ ᠴᠤ ᠬᠦᠷᠬᠦ ᠪᠣᠯᠣᠮᠵᠢ ᠦᠭᠡᠢ᠂ ᠲᠡᠨᠳᠡ ᠡᠴᠡ ᠪᠢᠳᠡᠨ ᠦ ᠤᠷᠤᠭᠤ ᠢᠷᠡᠬᠦ ᠪᠣᠯᠣᠮᠵᠢ ᠴᠤ ᠦᠭᠡᠢ〉 ᠭᠡᠵᠡᠢ᠃ 27 ᠪᠠᠶᠠᠨ᠄ 〈ᠡᠪᠦᠭᠡ ᠮᠢᠨᠢ᠂ ᠪᠢ ᠲᠠᠨ ᠠᠴᠠ ᠭᠤᠶᠤᠶ᠎ᠠ᠃ ᠯᠠᠽᠠᠷᠠ ᠶᠢ ᠮᠢᠨᠦ ᠠᠪᠤ ᠶᠢᠨ ᠭᠡᠷ ᠲᠦ ᠶᠠᠪᠤᠭᠤᠯᠤᠭᠠᠴᠢ᠂ 28 ᠨᠠᠳᠠ ᠳᠤ ᠲᠠᠪᠤᠨ ᠳᠡᠭᠦᠦ ᠪᠤᠢ᠃ ᠯᠠᠽᠠᠷᠠ ᠪᠠᠷ ᠭᠡᠷᠡᠴᠢᠯᠡᠭᠦᠯ᠂ ᠲᠡᠭᠡᠪᠡᠯ ᠲᠡᠳᠡ ᠡᠨᠡ ᠬᠦ ᠵᠣᠪᠠᠯᠠᠩ ᠤᠨ ᠣᠷᠣᠨ ᠳᠤ ᠢᠷᠡᠬᠦ ᠦᠭᠡᠢ ᠪᠣᠯᠣᠨ᠎ᠠ〉 ᠭᠡᠬᠦ ᠳᠦ᠂ 29 ᠠᠪᠷᠠᠬᠠᠮ᠄ 〈ᠲᠡᠳᠡᠨ ᠳᠦ ᠮᠣᠰᠧ ᠪᠣᠯᠣᠨ ᠡᠰᠢ ᠦᠵᠡᠭᠦᠯᠦᠭᠴᠢᠳ ᠪᠤᠢ᠃ ᠳᠡᠭᠦᠦ ᠨᠠᠷ ᠴᠢᠨᠢ ᠲᠡᠳᠡᠨ ᠦ ᠬᠢ ᠶᠢ ᠰᠣᠨᠣᠰᠪᠠᠯ ᠪᠣᠯᠣᠨ᠎ᠠ〉 ᠭᠡᠵᠡᠢ᠃ 30 ᠲᠡᠷᠡ᠄ 〈ᠦᠭᠡᠢ᠂ ᠡᠪᠦᠭᠡ ᠠᠪᠷᠠᠬᠠᠮ ᠡ᠂ ᠬᠡᠷᠪᠡ ᠦᠬᠦᠭᠰᠡᠳ ᠡᠴᠡ ᠨᠢᠭᠡ ᠨᠢ ᠲᠡᠳᠡᠨ ᠤᠷᠤᠭᠤ ᠶᠠᠪᠤᠪᠠᠯ ᠲᠡᠳᠡ ᠭᠡᠮᠰᠢᠬᠦ ᠪᠣᠯᠣᠨ᠎ᠠ〉 ᠭᠡᠰᠡᠨ ᠪᠣᠯᠪᠠᠴᠤ 31 ᠠᠪᠷᠠᠬᠠᠮ᠄ 〈ᠮᠣᠰᠧ ᠪᠣᠯᠣᠨ ᠡᠰᠢ ᠦᠵᠡᠭᠦᠯᠦᠭᠴᠢᠳ ᠤᠨ ᠬᠢ ᠶᠢ ᠰᠣᠨᠣᠰᠬᠤ ᠦᠭᠡᠢ ᠶᠤᠮ ᠪᠣᠯ᠂ ᠦᠬᠦᠭᠰᠡᠳ ᠦᠨ ᠳᠤᠮᠳᠠ ᠠᠴᠠ ᠬᠡᠨ ᠨᠢᠭᠡ ᠨᠢ ᠠᠮᠢᠯᠠᠭᠰᠠᠨ ᠴᠤ ᠲᠡᠳᠡ ᠢᠳᠬᠠᠭᠳᠠᠬᠤ ᠦᠭᠡᠢ ᠶᠤᠮ〉》 ᠭᠡᠵᠡᠢ᠃