ᠯᠦᠺ ᠬᠣᠷᠢᠨ ᠬᠣᠶᠠᠷ
ᠭᠡᠲᠦᠯᠭᠡᠭᠰᠡᠨ ᠦ ᠪᠠᠶᠠᠷ ᠲᠤ ᠪᠡᠯᠡᠳᠬᠡᠭᠰᠡᠨ ᠨᠢ
1 ᠭᠡᠲᠦᠯᠭᠡᠭᠰᠡᠨ ᠦ ᠪᠠᠶᠠᠷ᠂ ᠲᠤᠬᠠᠢᠯᠠᠪᠠᠯ ᠢᠰᠭᠡᠭᠡ ᠦᠭᠡᠢ ᠪᠣᠣᠪᠣ ᠶᠢᠨ ᠪᠠᠶᠠᠷ ᠭᠡᠭᠳᠡᠳᠡᠭ ᠡᠳᠦᠷ ᠤᠳ ᠳᠥᠭᠥᠵᠡᠢ᠃ 2 ᠠᠬᠠᠯᠠᠬᠤ ᠲᠠᠬᠢᠯᠴᠢᠳ ᠪᠠ ᠪᠢᠴᠢᠭᠲᠡᠳ ᠢᠰᠦ᠋ᠰ ᠢ ᠬᠣᠣᠷᠯᠠᠬᠤ ᠪᠠᠷ ᠠᠷᠭ᠎ᠠ ᠰᠦᠪᠡᠭᠴᠢᠯᠡᠵᠦ ᠪᠠᠢᠪᠠ᠃ ᠤᠴᠢᠷ ᠨᠢ ᠲᠡᠳᠡ ᠠᠷᠠᠳ ᠣᠯᠠᠨ ᠠᠴᠠ ᠠᠶᠤᠵᠤ ᠪᠠᠢᠭᠰᠠᠨ ᠶᠤᠮ᠃
3 ᠠᠷᠪᠠᠨ ᠬᠣᠶᠠᠷ ᠱᠠᠪᠢ ᠶᠢᠨ ᠬᠢᠨᠢ ᠨᠢᠭᠡ᠂ ᠢᠰᠺᠠᠷᠢᠣᠲ ᠤᠨ ᠭᠡᠭᠳᠡᠳᠡᠭ ᠶᠦᠳᠠ ᠳᠤ ᠰᠠᠲ᠋ᠠᠨ ᠣᠷᠣᠵᠠᠢ᠃ 4 ᠶᠦᠳᠠ ᠰᠠᠯᠤᠨ ᠶᠠᠪᠤᠵᠤ᠂ ᠠᠬᠠᠯᠠᠬᠤ ᠲᠠᠬᠢᠯᠴᠢᠳ ᠪᠠ ᠠᠷᠢᠭᠤᠨ ᠣᠷᠳᠣᠨ ᠤ ᠬᠠᠷᠠᠭᠤᠯ ᠤᠨ ᠠᠬᠠᠯᠠᠭᠴᠢ ᠨᠠᠷ ᠲᠠᠢ ᠠᠭᠤᠯᠵᠠᠨ ᠲᠡᠳᠡᠨ ᠳᠦ ᠢᠰᠦ᠋ᠰ ᠢ ᠶᠠᠭᠠᠬᠢᠵᠤ ᠲᠤᠰᠢᠶᠠᠬᠤ ᠲᠤᠬᠠᠢ ᠶᠠᠷᠢᠯᠴᠠᠬᠤ ᠳᠤ᠂ 5 ᠲᠡᠳᠡ ᠪᠠᠶᠠᠷᠯᠠᠵᠤ ᠲᠡᠭᠦᠨ ᠳᠦ ᠵᠣᠭᠣᠰ ᠥᠭᠬᠦ ᠪᠡᠷ ᠲᠣᠬᠢᠷᠠᠯᠴᠠᠵᠠᠢ᠃ 6 ᠶᠦᠳᠠ ᠡᠭᠦᠨ ᠢ ᠵᠥᠪᠰᠢᠶᠡᠷᠡᠵᠦ ᠠᠷᠠᠳ ᠣᠯᠠᠨ ᠢ ᠪᠠᠢᠬᠤ ᠦᠭᠡᠢ ᠦᠶ᠎ᠡ ᠳᠦ ᠢᠰᠦ᠋ᠰ ᠢ ᠲᠤᠰᠢᠶᠠᠬᠤ ᠪᠠᠷ ᠵᠠᠪᠰᠢᠶᠠᠨ ᠡᠷᠢᠵᠦ ᠪᠠᠢᠯ᠎ᠠ᠃
7 ᠢᠰᠭᠡᠭᠡ ᠦᠭᠡᠢ ᠪᠣᠣᠪᠣ ᠶᠢᠨ ᠪᠠᠶᠠᠷ ᠤᠨ ᠡᠳᠦᠷ ᠪᠣᠯᠣᠯ᠎ᠠ᠃ ᠡᠨᠡ ᠡᠳᠦᠷ ᠭᠡᠲᠦᠯᠭᠡᠭᠰᠡᠨ ᠦ ᠪᠠᠶᠠᠷ ᠤᠨ ᠬᠤᠷᠠᠭ᠎ᠠ ᠨᠢᠳᠤᠯᠤᠭᠳᠠᠨᠠ᠃ 8 ᠢᠰᠦ᠋ᠰ ᠫᠧᠲ᠋ᠧᠷ ᠪᠠ ᠶᠣᠬᠠᠨ ᠬᠣᠶᠠᠷ ᠢ ᠢᠯᠡᠭᠡᠬᠦ ᠭᠡᠵᠦ ᠲᠡᠳᠡᠨ ᠳᠦ᠄ 《ᠡ᠊ᠨᠳᠡ ᠡᠴᠡ ᠶᠠᠪᠤᠭᠠᠳ ᠭᠡᠲᠦᠯᠭᠡᠭᠰᠡᠨ ᠦ ᠪᠠᠶᠠᠷ ᠢᠶᠠᠷ ᠪᠢᠳᠡᠨ ᠦ ᠢᠳᠡᠬᠦ ᠬᠣᠭᠣᠯᠠ ᠶᠢ ᠪᠡᠯᠡᠳᠬᠡᠭᠡᠷᠡᠢ》 ᠭᠡᠵᠡᠢ᠃ 9 ᠲᠡᠳᠡ᠄ 《ᠲᠠ ᠬᠠᠮᠢᠭ᠎ᠠ ᠪᠡᠯᠡᠳᠬᠡᠭᠦᠯᠬᠦ ᠶᠢ ᠬᠦᠰᠡᠵᠦ ᠪᠠᠢᠨ᠎ᠠ ᠪᠤᠢ︖》 ᠭᠡᠵᠦ ᠠᠰᠠᠭᠤᠵᠠᠢ᠃ 10 ᠢᠰᠦ᠋ᠰ ᠲᠡᠳᠡᠨ ᠳᠦ᠄ 《ᠠᠩ᠋ᠬᠠᠷᠤᠭᠲᠤᠨ᠂ ᠲᠠ ᠨᠠᠷ ᠬᠣᠲᠠ ᠤᠷᠤᠭᠤ ᠣᠷᠣᠪᠠᠯ ᠤᠰᠤᠨ ᠤ ᠰᠠᠪᠠ ᠪᠠᠷᠢᠭᠰᠠᠨ ᠬᠥᠮᠦᠨ ᠲᠡᠢ ᠲᠠᠭᠠᠷᠠᠯᠳᠤᠨ᠎ᠠ᠃ ᠲᠡᠭᠦᠨ ᠦ ᠣᠷᠣᠬᠤ ᠭᠡᠷ ᠲᠦ ᠳᠠᠭᠠᠵᠤ ᠣᠴᠢᠭᠠᠳ᠂ 11 ᠲᠡᠷᠡ ᠭᠡᠷ ᠦᠨ ᠡᠵᠡᠨ ᠳᠦᠨᠢ᠄ 〈ᠱᠠᠪᠢ ᠨᠠᠷ ᠲᠠᠢ ᠪᠠᠨ ᠭᠡᠲᠦᠯᠭᠡᠭᠰᠡᠨ ᠦ ᠪᠠᠶᠠᠷ ᠤᠨ ᠬᠣᠭᠣᠯᠠ ᠶᠢ ᠢᠳᠡᠬᠦ ᠵᠣᠴᠢᠳ ᠤᠨ ᠥᠷᠥᠭᠡ ᠬᠠᠮᠢᠭ᠎ᠠ ᠪᠠᠢᠨ᠎ᠠ ᠪᠤᠢ ᠭᠡᠵᠦ ᠪᠠᠭᠰᠢ ᠮᠠᠨᠢ ᠲᠠᠨ ᠳᠤ ᠬᠡᠯᠡᠭᠦᠯᠦᠭᠰᠡᠨ〉 ᠭᠡᠵᠦ ᠬᠡᠯᠡ᠃ 12 ᠲᠡᠭᠡᠪᠡᠯ ᠲᠡᠷᠡ ᠳᠡᠭᠡᠳᠦ ᠳᠠᠪᠬᠤᠷ ᠲᠤ ᠲᠠ ᠨᠠᠷ ᠢ ᠭᠠᠷᠭᠠᠵᠤ᠂ ᠪᠠᠵᠠᠭᠠᠭᠰᠠᠨ ᠲᠣᠮᠣ ᠥᠷᠥᠭᠡ ᠶᠢ ᠦᠵᠡᠭᠦᠯᠬᠦ ᠶᠤᠮ᠃ ᠲᠡᠨᠳᠡ ᠪᠡᠯᠡᠳᠬᠡ》 ᠭᠡᠪᠡ᠃ 13 ᠲᠡᠳᠡ ᠶᠠᠪᠤᠵᠤ᠂ ᠢᠰᠦ᠋ᠰ ᠤᠨ ᠬᠡᠯᠡᠭᠰᠡᠨ ᠶᠣᠰᠣᠭᠠᠷ ᠪᠣᠯᠣᠭᠰᠠᠨ ᠢ ᠦᠵᠡᠭᠡᠳ ᠭᠡᠲᠦᠯᠭᠡᠭᠰᠡᠨ ᠦ ᠪᠠᠶᠠᠷ ᠲᠤ ᠪᠡᠯᠡᠳᠬᠡᠵᠡᠢ᠃
ᠡᠵᠡᠨ ᠦ ᠵᠣᠭᠣᠭ
14 ᠴᠠᠭ ᠪᠣᠯᠵᠤ᠂ ᠢᠰᠦ᠋ᠰ ᠰᠢᠳᠠᠷ ᠱᠠᠪᠢ ᠨᠠᠷ ᠲᠠᠢ ᠪᠠᠨ ᠬᠠᠮᠲᠤ ᠰᠢᠷᠡᠭᠡᠨ ᠳᠦ ᠲᠤᠬᠠᠯᠠᠨ ᠰᠠᠭᠤᠭᠠᠳ᠄ 15 《ᠵᠣᠪᠠᠯᠠᠩ ᠡᠳ᠋ᠯᠡᠬᠦ ᠡᠴᠡ ᠪᠡᠨ ᠡᠮᠦᠨ᠎ᠡ ᠪᠢ ᠡᠨᠡ ᠭᠡᠲᠦᠯᠭᠡᠭᠰᠡᠨ ᠦ ᠪᠠᠶᠠᠷ ᠤᠨ ᠬᠣᠭᠣᠯᠠ ᠶᠢ ᠲᠠ ᠨᠠᠷ ᠲᠠᠢ ᠬᠠᠮᠲᠤ ᠢᠳᠡᠬᠦ ᠭᠡᠵᠦ ᠶᠡᠬᠡᠳᠡ ᠬᠦᠰᠡᠭᠰᠡᠨ ᠪᠢᠯᠡ᠃ 16 ᠪᠢ ᠲᠠ ᠨᠠᠷ ᠲᠤ ᠬᠡᠯᠡᠶ᠎ᠡ᠃ ᠪᠤᠷᠬᠠᠨ ᠤ ᠬᠠᠭᠠᠨᠴᠢᠯᠠᠯ ᠳᠤ ᠭᠡᠲᠦᠯᠭᠡᠭᠰᠡᠨ ᠦ ᠪᠠᠶᠠᠷ ᠪᠡᠶᠡᠯᠡᠭᠳᠡᠬᠦ ᠪᠣᠯᠲᠠᠯ᠎ᠠ ᠪᠢ ᠡᠨᠡ ᠪᠠᠶᠠᠷ ᠤᠨ ᠬᠣᠭᠣᠯᠠ ᠶᠢ ᠳᠠᠬᠢᠵᠤ ᠢᠳᠡᠬᠦ ᠦᠭᠡᠢ ᠶᠤᠮ》 ᠭᠡᠵᠦ ᠬᠡᠯᠡᠭᠡᠳ 17 ᠴᠣᠮᠣ ᠠᠪᠴᠤ ᠲᠠᠯᠠᠷᠬᠠᠯ ᠡᠷᠭᠦᠨ᠄ 《ᠲᠠ ᠨᠠᠷ ᠡᠭᠦᠨ ᠢ ᠠᠪᠤᠭᠠᠳ ᠬᠤᠪᠢᠶᠠᠵᠤ ᠤᠤᠭᠤ᠃ 18 ᠲᠠ ᠨᠠᠷ ᠲᠤ ᠬᠡᠯᠡᠶ᠎ᠡ᠃ ᠪᠤᠷᠬᠠᠨ ᠤ ᠬᠠᠭᠠᠨᠴᠢᠯᠠᠯ ᠢᠷᠡᠬᠦ ᠪᠣᠯᠲᠠᠯ᠎ᠠ ᠡᠭᠦᠨ ᠡᠴᠡ ᠬᠣᠢᠰᠢ ᠪᠢ ᠦᠵᠦᠮ ᠦᠨ ᠮᠣᠳᠣᠨ ᠠᠴᠠ ᠭᠠᠷᠤᠭᠰᠠᠨ ᠢ ᠤᠤᠭᠤᠬᠤ ᠦᠭᠡᠢ》 ᠭᠡᠪᠡ᠃ 19 ᠲᠡᠭᠡᠭᠡᠳ ᠪᠣᠣᠪᠣ ᠠᠪᠴᠤ ᠲᠠᠯᠠᠷᠬᠠᠯ ᠡᠷᠭᠦᠭᠰᠡᠨ ᠦ ᠳᠠᠷᠠᠭ᠎ᠠ᠂ ᠲᠡᠳᠡᠨ ᠳᠦ ᠬᠤᠪᠢᠶᠠᠨ ᠥᠭᠴᠦ᠄ 《ᠡᠨᠡ ᠪᠣᠯ ᠲᠠ ᠨᠠᠷ ᠤᠨ ᠲᠥᠯᠥᠭᠡ ᠥᠭᠬᠦ ᠮᠢᠨᠦ ᠪᠡᠶ᠎ᠡ᠂ ᠡᠭᠦᠨ ᠢ ᠦᠢᠯᠡᠳᠴᠦ ᠨᠠᠮᠠᠶᠢ ᠳᠤᠷᠠᠰᠤᠭᠠᠷᠠᠢ》 ᠭᠡᠪᠡ᠃ 20 ᠬᠣᠭᠣᠯᠠᠨ ᠤ ᠳᠠᠷᠠᠭ᠎ᠠ᠂ ᠲᠡᠷᠡ ᠮᠥᠨ ᠲᠡᠭᠡᠵᠦ ᠴᠣᠮᠣ ᠠᠪᠤᠭᠠᠳ᠄ 《ᠡᠨᠡ ᠴᠣᠮᠣ ᠪᠣᠯ ᠲᠠ ᠨᠠᠷ ᠤᠨ ᠲᠥᠯᠥᠭᠡ ᠤᠷᠤᠰᠬᠠᠬᠤ ᠮᠢᠨᠦ ᠴᠢᠰᠤ ᠲᠠᠢ ᠰᠢᠨ᠎ᠡ ᠭᠡᠷ᠎ᠡ ᠮᠥᠨ᠃ 21 ᠬᠠᠷᠢᠨ ᠨᠠᠮᠠᠶᠢ ᠪᠠᠷᠢᠭᠤᠯᠤᠭᠴᠢ ᠶᠢᠨ ᠭᠠᠷ ᠮᠢᠨᠦ ᠭᠠᠷ ᠲᠠᠢ ᠬᠠᠮᠲᠤ ᠡᠨᠡ ᠰᠢᠷᠡᠭᠡᠨ ᠳᠡᠭᠡᠷ᠎ᠡ ᠪᠠᠢᠨ᠎ᠠ᠃ 22 ᠬᠥᠮᠦᠨ ᠦ ᠬᠦᠦ ᠲᠣᠭᠲᠠᠭᠠᠭᠳᠠᠭᠰᠠᠨ ᠶᠣᠰᠣᠭᠠᠷ ᠢᠶᠠᠨ ᠣᠳᠣᠨ᠎ᠠ᠂ ᠬᠠᠷᠢᠨ ᠲᠡᠭᠦᠨ ᠢ ᠪᠠᠷᠢᠭᠤᠯᠤᠭᠴᠢ ᠳᠤ ᠭᠠᠢ ᠪᠣᠯᠣᠨ᠎ᠠ》 ᠭᠡᠪᠡ᠃ 23 ᠪᠢᠳᠡᠨ ᠦ ᠬᠡᠨ ᠨᠢ ᠡᠢᠮᠦ ᠬᠡᠷᠡᠭ ᠢ ᠦᠢᠯᠡᠳᠬᠦ ᠪᠣᠯ ᠭᠡᠵᠦ ᠲᠡᠳᠡ ᠬᠣᠭᠣᠷᠣᠨᠳᠣ ᠪᠠᠨ ᠠᠰᠠᠭᠤᠯᠴᠠᠪᠠ᠃
ᠬᠡᠨ ᠨᠢ ᠬᠠᠮᠤᠭ ᠤᠨ ᠠᠭᠤᠤ ᠪᠤᠢ
24 ᠥᠪᠡᠷᠰᠡᠳ ᠦᠨ ᠬᠢᠨᠢ ᠳᠤᠮᠳᠠ ᠠᠴᠠ ᠬᠡᠨ ᠨᠢ ᠬᠠᠮᠤᠭ ᠤᠨ ᠠᠭᠤᠤ ᠪᠣᠯᠬᠤ ᠲᠤᠬᠠᠢ ᠮᠡᠳᠬᠡᠯᠴᠡᠭᠡᠨ ᠪᠣᠯᠵᠠᠢ᠃ 25 ᠢᠰᠦ᠋ᠰ᠄ 《ᠬᠠᠷᠢᠴᠤᠳ ᠤᠨ ᠬᠠᠭᠠᠨ ᠬᠥᠮᠦᠰ ᠢ ᠨᠣᠶᠠᠷᠬᠠᠳᠠᠭ ᠪᠥᠭᠡᠳ ᠡᠷᠬᠡ ᠪᠠᠷᠢᠭᠴᠢᠳ ᠨᠢ ᠢᠪᠡᠭᠡᠭᠴᠢᠳ ᠭᠡᠵᠦ ᠨᠡᠷᠡᠯᠡᠭᠦᠯᠳᠡᠭ᠌᠃ 26 ᠬᠠᠷᠢᠨ ᠲᠠ ᠨᠠᠷ ᠲᠡᠭᠡᠵᠦ ᠪᠣᠯᠬᠤ ᠦᠭᠡᠢ᠂ ᠲᠠ ᠨᠠᠷ ᠤᠨ ᠳᠤᠮᠳᠠ ᠬᠠᠮᠤᠭ ᠤᠨ ᠠᠭᠤᠤ ᠨᠢ ᠬᠠᠮᠤᠭ ᠤᠨ ᠪᠠᠯᠴᠢᠷ ᠨᠢ ᠮᠡᠲᠦ ᠪᠣᠯᠣᠭᠠᠷᠠᠢ᠂ ᠤᠳᠤᠷᠢᠳᠤᠭᠴᠢ ᠨᠢ ᠦᠢᠯᠡᠴᠢᠯᠡᠭᠴᠢ ᠮᠡᠲᠦ ᠪᠠᠶᠢᠭ᠃ 27 ᠬᠡᠨ ᠨᠢ ᠠᠭᠤᠤ ᠪᠤᠢ︖ ᠰᠢᠷᠡᠭᠡᠨ ᠳᠦ ᠰᠠᠭᠤᠭᠴᠢ ᠤᠤ︖ ᠡᠰᠡᠬᠦᠯ᠎ᠡ ᠦᠢᠯᠡᠴᠢᠯᠡᠭᠴᠢ ᠤᠤ︖ ᠰᠢᠷᠡᠭᠡᠨ ᠳᠦ ᠰᠠᠭᠤᠭᠴᠢ ᠨᠢ ᠠᠭᠤᠤ ᠪᠢᠰᠢ ᠤᠤ︖ ᠬᠠᠷᠢᠨ ᠪᠢ ᠲᠠ ᠨᠠᠷ ᠤᠨ ᠳᠤᠮᠳᠠ ᠦᠢᠯᠡᠴᠢᠯᠡᠭᠴᠢ ᠮᠡᠲᠦ ᠪᠠᠢᠳᠠᠭ᠃
28 ᠰᠣᠷᠢᠯᠲᠠ ᠳᠤ ᠪᠠᠢᠬᠤ ᠳᠤ ᠮᠢᠨᠢ ᠲᠠ ᠨᠠᠷ ᠦᠷᠭᠦᠯᠵᠢ ᠨᠠᠳᠠ ᠲᠠᠢ ᠬᠠᠮᠲᠤ ᠪᠠᠢᠭᠰᠠᠨ᠃ 29 ᠮᠢᠨᠦ ᠡᠴᠢᠭᠡ ᠬᠠᠭᠠᠨᠴᠢᠯᠠᠯ ᠢᠶᠠᠨ ᠨᠠᠳᠠ ᠳᠤ ᠳᠠᠭᠠᠭᠠᠯᠭᠠᠭᠰᠠᠨ ᠲᠠᠢ ᠠᠳᠠᠯᠢ ᠪᠠᠷ᠂ ᠪᠢ ᠪᠠᠰᠠ ᠲᠠ ᠨᠠᠷ ᠲᠤ ᠳᠠᠭᠠᠭᠠᠯᠭᠠᠶᠠ᠃ 30 ᠲᠡᠢᠨ ᠬᠦ ᠲᠠ ᠨᠠᠷ ᠮᠢᠨᠦ ᠬᠠᠭᠠᠨᠴᠢᠯᠠᠯ ᠳᠤ ᠪᠠᠢᠵᠤ᠂ ᠬᠣᠭᠣᠯᠠᠨ ᠤ ᠰᠢᠷᠡᠭᠡᠨ ᠳᠦ ᠮᠢᠨᠢ ᠢᠳᠡᠵᠦ ᠤᠤᠭᠤᠬᠤ ᠪᠥᠭᠡᠳ ᠰᠡᠨᠲᠢ ᠳᠤ ᠰᠠᠭᠤᠵᠤ ᠢᠰᠷᠧᠯ ᠤᠨ ᠠᠷᠪᠠᠨ ᠬᠣᠶᠠᠷ ᠣᠪᠣᠭ ᠢ ᠰᠢᠭᠦᠬᠦ ᠪᠣᠯᠣᠨ᠎ᠠ᠃
31 ᠰᠢᠮᠣᠨ᠂ ᠰᠢᠮᠣᠨ᠂ ᠠᠩ᠋ᠬᠠᠷᠤᠭᠲᠤᠨ︕ ᠰᠠᠲ᠋ᠠᠨ ᠲᠠ ᠨᠠᠷ ᠢ ᠪᠤᠭᠤᠳᠠᠢ ᠮᠡᠲᠦ ᠰᠢᠭᠰᠢᠬᠦ ᠪᠡᠷ ᠵᠥᠪᠰᠢᠶᠡᠷᠡᠯ ᠨᠡᠬᠡᠭᠰᠡᠨ᠃ 32 ᠬᠠᠷᠢᠨ ᠢᠲᠡᠭᠡᠯ ᠴᠢᠨᠢ ᠰᠠᠭᠠᠷᠠᠬᠤ ᠪᠣᠯᠣᠭᠤᠵᠠᠢ ᠭᠡᠵᠦ ᠪᠢ ᠴᠢᠨᠦ ᠲᠥᠯᠥᠭᠡ ᠳᠠᠭᠠᠳᠬᠠᠭᠰᠠᠨ᠃ ᠴᠢ ᠡᠷᠭᠢᠵᠦ ᠢᠷᠡᠭᠰᠡᠨ ᠦ ᠪᠠᠨ ᠳᠠᠷᠠᠭ᠎ᠠ ᠠᠬ᠎ᠠ ᠳᠡᠭᠦᠦ ᠨᠠᠷ ᠢᠶᠠᠨ ᠪᠡᠬᠢᠵᠢᠭᠦᠯ︕》 ᠭᠡᠪᠡ᠃ 33 ᠫᠧᠲ᠋ᠧᠷ᠄ 《ᠡᠵᠡᠨ ᠡ᠂ ᠪᠢ ᠲᠠᠨ ᠲᠠᠢ ᠬᠠᠮᠲᠤ ᠱᠣᠷᠣᠩ ᠳᠤ ᠣᠷᠣᠬᠤ ᠳᠤ ᠴᠤ᠂ ᠦᠬᠦᠬᠦ ᠳᠦ ᠴᠤ ᠪᠡᠯᠡᠬᠡᠨ ᠪᠠᠢᠨ᠎ᠠ》 ᠭᠡᠬᠦ ᠳᠦ᠂ 34 ᠢᠰᠦ᠋ᠰ᠄ 《ᠫᠧᠲ᠋ᠧᠷ ᠡ᠂ ᠪᠢ ᠴᠢᠮ᠎ᠠ ᠳᠤ ᠬᠡᠯᠡᠶ᠎ᠡ᠂ ᠥᠨᠥ ᠰᠥᠨᠢ ᠲᠠᠬᠢᠶ᠎ᠠ ᠳᠤᠤᠭᠠᠷᠬᠤ ᠠᠴᠠ ᠡᠮᠦᠨ᠎ᠡ ᠴᠢ ᠨᠠᠮᠠᠶᠢ ᠲᠠᠨᠢᠬᠤ ᠦᠭᠡᠢ ᠭᠡᠵᠦ ᠭᠤᠷᠪᠠᠨᠲᠠ ᠮᠡᠯᠵᠢᠬᠦ ᠶᠤᠮ》 ᠭᠡᠪᠡ᠃
35 ᠢᠰᠦ᠋ᠰ ᠲᠡᠳᠡᠨ ᠡᠴᠡ᠄ 《ᠪᠢ ᠲᠠ ᠨᠠᠷ ᠢ ᠲᠦᠷᠡᠢᠪᠴᠢ᠂ ᠪᠣᠭᠴᠣ᠂ ᠱᠠᠬᠠᠢ ᠦᠭᠡᠢ ᠶᠠᠪᠤᠭᠤᠯᠤᠭᠰᠠᠨ ᠦᠶ᠎ᠡ ᠳᠦ᠂ ᠲᠠ ᠨᠠᠷ ᠶᠠᠭᠤᠮ᠎ᠠ ᠪᠠᠷ ᠳᠤᠲᠠᠵᠤ ᠪᠠᠢᠭᠰᠠᠨ ᠤᠤ︖》 ᠭᠡᠰᠡᠨ ᠳᠦ᠂ ᠲᠡᠳᠡ᠄ 《ᠦᠭᠡᠢ》 ᠭᠡᠪᠡ᠃ 36 ᠢᠰᠦ᠋ᠰ᠄ 《ᠬᠠᠷᠢᠨ ᠣᠳᠣ ᠬᠡᠲᠡᠪᠴᠢ ᠲᠠᠢ ᠨᠢ ᠬᠡᠲᠡᠪᠴᠢ ᠪᠠᠨ ᠠᠪ᠂ ᠪᠣᠭᠴᠣ ᠪᠠᠨ ᠴᠤ ᠠᠪ᠂ ᠢᠯᠳᠦ ᠦᠭᠡᠢ ᠨᠢ ᠬᠤᠪᠴᠠᠰᠤ ᠪᠠᠨ ᠬᠤᠳᠠᠯᠳᠤᠭᠠᠳ ᠢᠯᠳᠦ ᠬᠤᠳᠠᠯᠳᠤᠵᠤ ᠠᠪ᠃ 37 ᠲᠠ ᠨᠠᠷ ᠲᠤ ᠬᠡᠯᠡᠶ᠎ᠡ᠃ 〈ᠲᠡᠷᠡ ᠪᠤᠷᠤᠭᠤᠲᠠᠨ ᠳᠤ ᠲᠣᠭᠠᠴᠠᠭᠳᠠᠭᠰᠠᠨ〉 ᠭᠡᠵᠦ ᠪᠢᠴᠢᠭᠳᠡᠭᠰᠡᠨ ᠨᠢ ᠨᠠᠳᠠ ᠳᠡᠭᠡᠷ᠎ᠡ ᠪᠡᠶᠡᠯᠡᠭᠳᠡᠬᠦ ᠶᠣᠰᠣᠲᠠᠢ᠂ ᠮᠢᠨᠦ ᠲᠤᠬᠠᠢ ᠪᠢᠴᠢᠭᠳᠡᠭᠰᠡᠨ ᠨᠢ ᠪᠡᠶᠡᠯᠡᠯ ᠢᠶᠡᠨ ᠣᠯᠵᠤ ᠪᠠᠢᠨ᠎ᠠ》 ᠭᠡᠵᠡᠢ᠃ 38 ᠲᠡᠳᠡ᠄ 《ᠡᠵᠡᠨ ᠡ᠂ ᠬᠠᠷ᠎ᠠ ᠳᠠ︕ ᠡ᠊ᠨᠳᠡ ᠬᠣᠶᠠᠷ ᠢᠯᠳᠦ ᠪᠠᠢᠨ᠎ᠠ》 ᠭᠡᠰᠡᠨ ᠳᠦ᠂ ᠢᠰᠦ᠋ᠰ᠄ 《ᠵᠠ᠂ ᠪᠣᠯᠣᠨ᠎ᠠ》 ᠭᠡᠪᠡ᠃
ᠭᠧᠲ᠋ᠰᠧᠮᠨᠧ ᠳᠠᠬᠢ ᠳᠠᠭᠠᠳᠬᠠᠯ
39 ᠢᠰᠦ᠋ᠰ ᠭᠠᠷᠴᠤ ᠵᠤᠷᠰᠢᠯ ᠶᠣᠰᠣᠭᠠᠷ ᠢᠶᠠᠨ ᠴᠢᠳᠦᠨ ᠠᠭᠤᠯᠠ ᠥᠭᠡᠳᠡ ᠶᠠᠪᠤᠬᠤ ᠳᠤ ᠱᠠᠪᠢ ᠨᠠᠷ ᠨᠢ ᠳᠠᠭᠠᠯ᠎ᠠ᠃ 40 ᠢᠰᠦ᠋ᠰ ᠲᠡᠨᠳᠡ ᠣᠴᠢᠭᠠᠳ᠄ 《ᠲᠡᠩᠰᠡᠯᠲᠡ ᠳᠦ ᠤᠴᠠᠷᠠᠬᠤ ᠦᠭᠡᠢ ᠶᠢᠨ ᠲᠤᠯᠠᠳᠠ ᠳᠠᠭᠠᠳᠬᠠᠵᠠᠭᠠ》 ᠭᠡᠵᠦ ᠬᠡᠯᠡᠭᠰᠡᠨ ᠢᠶᠡᠨ 41 ᠲᠡᠨᠳᠡ ᠡᠴᠡ ᠰᠠᠯᠵᠤ᠂ ᠴᠢᠯᠠᠭᠤ ᠰᠢᠳᠡᠬᠦ ᠶᠢᠨ ᠵᠠᠢᠲᠠᠢ ᠭᠠᠵᠠᠷ ᠲᠤ ᠬᠦᠷᠦᠭᠡᠳ ᠰᠥᠭᠥᠳᠴᠦ ᠳᠠᠭᠠᠳᠬᠠᠬᠤ ᠳᠠᠭᠠᠨ᠄ 42 《ᠠᠪᠤ ᠡ᠂ ᠬᠡᠷᠪᠡ ᠲᠠ ᠬᠦᠰᠡᠪᠡᠯ ᠡᠨᠡ ᠴᠣᠮᠣ ᠶᠢ ᠨᠠᠳᠠ ᠠᠴᠠ ᠵᠠᠢᠯᠠᠭᠤᠯᠤᠭᠠᠴᠢ᠂ ᠭᠡᠪᠡᠴᠦ ᠮᠢᠨᠦ ᠰᠠᠨᠠᠭ᠎ᠠ ᠪᠠᠷ ᠪᠢᠰᠢ᠂ ᠲᠠᠨ ᠤ ᠰᠠᠨᠠᠭ᠎ᠠ ᠪᠠᠷ ᠪᠣᠯᠲᠤᠭᠠᠢ︕》 ᠭᠡᠰᠡᠨ ᠳᠦ᠂ 43 〔ᠲᠩᠷᠢ ᠡᠯᠴᠢ ᠦᠵᠡᠭᠳᠡᠨ᠂ ᠢᠰᠦ᠋ᠰ ᠢ ᠲᠡᠩᠬᠡᠷᠡᠭᠦᠯᠪᠡ᠃ 44 ᠢᠰᠦ᠋ᠰ ᠭᠤᠨᠢᠭᠲᠠᠢ ᠪᠣᠯᠵᠤ᠂ ᠤᠯᠠᠮ ᠢᠯᠡᠭᠦᠦ ᠰᠢᠮᠳᠠᠨ ᠳᠠᠭᠠᠳᠬᠠᠬᠤ ᠳᠤ᠂ ᠬᠥᠯᠥᠰᠥ ᠨᠢ ᠴᠢᠰᠤᠨ ᠤ ᠳᠤᠰᠤᠯ ᠮᠡᠲᠦ ᠭᠠᠵᠠᠷ ᠲᠤ ᠳᠤᠰᠤᠯᠠᠵᠤ ᠪᠠᠢᠯ᠎ᠠ᠃〕 45 ᠳᠠᠭᠠᠳᠬᠠᠭᠰᠠᠨ ᠤ ᠳᠠᠷᠠᠭ᠎ᠠ ᠪᠣᠰᠣᠭᠠᠳ᠂ ᠱᠠᠪᠢ ᠨᠠᠷ ᠤᠨ ᠢᠶᠠᠨ ᠳᠡᠷᠭᠡᠳᠡ ᠢᠷᠡᠵᠦ᠂ ᠲᠡᠳᠡᠨ ᠦ ᠵᠣᠪᠠᠭᠰᠠᠭᠠᠷ ᠤᠨᠲᠠᠭᠰᠠᠨ ᠢ ᠦᠵᠡᠭᠡᠳ᠄ 46 《ᠶᠠᠭᠤᠨ ᠳᠤ ᠤᠨᠲᠠᠵᠤ ᠪᠠᠢᠨ᠎ᠠ ᠪᠤᠢ︖ ᠲᠡᠩᠰᠡᠯᠲᠡ ᠳᠦ ᠤᠴᠠᠷᠠᠬᠤ ᠦᠭᠡᠢ ᠶᠢᠨ ᠲᠤᠯᠠᠳᠠ ᠪᠣᠰᠴᠤ ᠳᠠᠭᠠᠳᠬᠠᠵᠠᠭᠠ》 ᠭᠡᠯᠡ᠃
ᠢᠰᠦ᠋ᠰ ᠪᠠᠷᠢᠪᠴᠢᠯᠠᠭᠳᠠᠪᠠ
47 ᠢᠩᠭᠢᠵᠦ ᠶᠠᠷᠢᠵᠤ ᠪᠠᠢᠲᠠᠯ᠎ᠠ ᠣᠯᠠᠨ ᠬᠥᠮᠦᠨ ᠢᠷᠡᠪᠡ᠃ ᠠᠷᠪᠠᠨ ᠬᠣᠶᠠᠷ ᠱᠠᠪᠢ ᠶᠢᠨ ᠨᠢᠭᠡ ᠪᠣᠯᠬᠤ ᠶᠦᠳᠠ ᠭᠡᠭᠴᠢ ᠲᠡᠷᠢᠭᠦᠨ ᠳᠦᠨᠢ ᠶᠠᠪᠤᠵᠤ᠂ ᠢᠰᠦ᠋ᠰ ᠢ ᠦᠨᠦᠰᠬᠦ ᠪᠡᠷ ᠣᠢᠷᠠᠲᠤᠵᠠᠢ᠃ 48 ᠢᠰᠦ᠋ᠰ ᠲᠡᠭᠦᠨ ᠳᠦ᠄ 《ᠶᠦᠳᠠ ᠡ᠂ ᠴᠢ ᠦᠨᠦᠰᠦᠯᠲᠡ ᠪᠡᠷ ᠬᠥᠮᠦᠨ ᠦ ᠬᠦᠦ ᠶᠢ ᠪᠠᠷᠢᠭᠤᠯᠬᠤ ᠤᠤ︖》 ᠭᠡᠰᠡᠨ ᠳᠦ᠂ 49 ᠢᠰᠦ᠋ᠰ ᠤᠨ ᠲᠣᠭᠣᠷᠢᠨ ᠳᠤ ᠪᠠᠢᠭᠰᠠᠨ ᠬᠥᠮᠦᠰ ᠶᠠᠭᠤ ᠪᠣᠯᠬᠤ ᠭᠡᠵᠦ ᠪᠠᠢᠭ᠎ᠠ ᠶᠢ ᠦᠵᠡᠭᠡᠳ᠄ 《ᠡᠵᠡᠨ ᠡ᠂ ᠪᠢᠳᠡ ᠢᠯᠳᠦ ᠪᠡᠷ ᠢᠶᠠᠨ ᠴᠠᠪᠴᠢᠬᠤ ᠤᠤ︖》 ᠬᠡᠮᠡᠬᠦ ᠳᠦ᠂ 50 ᠲᠡᠳᠡᠨ ᠦ ᠳᠤᠮᠳᠠ ᠠᠴᠠ ᠨᠢᠭᠡ ᠨᠢ ᠲᠡᠷᠢᠭᠦᠨ ᠲᠠᠬᠢᠯᠴᠢ ᠶᠢᠨ ᠵᠠᠷᠤᠴᠠ ᠶᠢᠨ ᠪᠠᠷᠠᠭᠤᠨ ᠴᠢᠬᠢ ᠶᠢ ᠲᠠᠰᠤ ᠴᠠᠪᠴᠢᠪᠠ᠃ 51 ᠢᠰᠦ᠋ᠰ᠄ 《ᠪᠣᠯᠢ᠂ ᠢᠩᠭᠢᠭᠡᠳ ᠪᠣᠯᠣᠭᠰᠠᠨ︕》 ᠭᠡᠳ ᠲᠡᠷᠡ ᠬᠥᠮᠦᠨ ᠦ ᠴᠢᠬᠢᠨ ᠳᠤ ᠭᠠᠷ ᠢᠶᠠᠨ ᠬᠦᠷᠭᠡᠵᠦ ᠡᠳᠡᠭᠡᠭᠡᠪᠡ᠃ 52 ᠢᠰᠦ᠋ᠰ ᠥᠪᠡᠷ ᠢ ᠨᠢ ᠪᠠᠷᠢᠬᠤ ᠪᠠᠷ ᠢᠷᠡᠭᠰᠡᠨ ᠠᠬᠠᠯᠠᠬᠤ ᠲᠠᠬᠢᠯᠴᠢᠳ᠂ ᠠᠷᠢᠭᠤᠨ ᠣᠷᠳᠣᠨ ᠤ ᠬᠠᠷᠠᠭᠤᠯ ᠤᠨ ᠠᠬᠠᠯᠠᠭᠴᠢ ᠪᠣᠯᠣᠨ ᠠᠬᠠᠯᠠᠭᠴᠢᠳ ᠲᠤ᠄ 《ᠲᠠ ᠨᠠᠷ ᠳᠡᠭᠡᠷᠡᠮ ᠪᠠᠷᠢᠬᠤ ᠰᠢᠭ᠋ ᠢᠯᠳᠦ ᠰᠢᠳᠠᠮ ᠠᠳᠬᠤᠵᠤ ᠢᠷᠡᠪᠡ ᠤᠤ︖ 53 ᠪᠢ ᠡᠳᠦᠷ ᠪᠦᠷᠢ ᠲᠠ ᠨᠠᠷ ᠲᠠᠢ ᠬᠠᠮᠲᠤ ᠠᠷᠢᠭᠤᠨ ᠣᠷᠳᠣᠨ ᠳᠤ ᠪᠠᠢᠬᠤ ᠳᠤ ᠨᠠᠳᠠ ᠳᠤ ᠭᠠᠷ ᠬᠦᠷᠦᠭᠰᠡᠨ ᠦᠭᠡᠢ᠂ ᠬᠠᠷᠢᠨ ᠡᠨᠡ ᠴᠠᠭ ᠪᠠ ᠬᠠᠷᠠᠩ᠋ᠭᠤᠢ ᠶᠢᠨ ᠡᠷᠬᠡ ᠮᠡᠳᠡᠯ ᠲᠠ ᠨᠠᠷ ᠤᠨ ᠬᠢ ᠪᠣᠯᠵᠠᠢ》 ᠭᠡᠪᠡ᠃
54 ᠲᠡᠳᠡ ᠢᠰᠦ᠋ᠰ ᠢ ᠪᠠᠷᠢᠪᠴᠢᠯᠠᠨ ᠲᠡᠷᠢᠭᠦᠨ ᠲᠠᠬᠢᠯᠴᠢ ᠶᠢᠨ ᠭᠡᠷ ᠲᠦ ᠬᠦᠷᠭᠡᠬᠦ ᠳᠦ᠂ ᠫᠧᠲ᠋ᠧᠷ ᠬᠣᠯᠠᠭᠤᠷ ᠳᠠᠭᠠᠭᠰᠠᠨ ᠪᠥᠭᠡᠳ 55 ᠬᠦᠷᠢᠶᠡᠨ ᠳᠦ ᠭᠠᠯ ᠲᠦᠯᠡᠭᠡᠳ ᠰᠠᠭᠤᠵᠤ ᠪᠠᠢᠭᠰᠠᠨ ᠬᠥᠮᠦᠰ ᠦᠨ ᠳᠤᠮᠳᠠ ᠣᠴᠢᠵᠤ ᠰᠠᠭᠤᠪᠠ᠃ 56 ᠨᠢᠭᠡᠨ ᠰᠢᠪᠡᠭᠴᠢᠨ ᠥᠬᠢᠨ ᠭᠠᠯ ᠤᠨ ᠭᠡᠷᠡᠯ ᠳᠦ ᠰᠠᠭᠤᠭ᠎ᠠ ᠫᠧᠲ᠋ᠧᠷ ᠢ ᠬᠠᠷᠠᠭᠰᠠᠨ ᠢᠶᠠᠨ ᠲᠡᠭᠦᠨ ᠢ ᠰᠢᠷᠲᠡᠵᠦ᠄ 《ᠡᠨᠡ ᠬᠥᠮᠦᠨ ᠴᠤ ᠲᠡᠭᠦᠨ ᠲᠡᠢ ᠬᠠᠮᠲᠤ ᠪᠠᠢᠭᠰᠠᠨ》 ᠭᠡᠬᠦ ᠳᠦ᠂ 57 ᠫᠧᠲ᠋ᠧᠷ ᠮᠡᠯᠵᠢᠨ᠄ 《ᠥᠬᠢᠨ ᠮᠢᠨᠢ᠂ ᠪᠢ ᠲᠡᠭᠦᠨ ᠢ ᠲᠠᠨᠢᠬᠤ ᠦᠭᠡᠢ》 ᠭᠡᠪᠡ᠃ 58 ᠤᠳᠠᠯ ᠦᠭᠡᠢ ᠥᠭᠡᠷ᠎ᠡ ᠨᠢᠭᠡ ᠨᠢ ᠲᠡᠭᠦᠨ ᠢ ᠠᠩ᠋ᠬᠠᠷᠴᠤ᠄ 《ᠴᠢ ᠪᠠᠰᠠ ᠲᠡᠳᠡᠨ ᠦ ᠨᠢᠭᠡ ᠨᠢ ᠰᠢᠦ ᠳᠠ》 ᠭᠡᠬᠦ ᠳᠦ᠂ ᠫᠧᠲ᠋ᠧᠷ᠄ 《ᠬᠥᠶᠶ ᠴᠢ᠂ ᠪᠢ ᠪᠢᠰᠢ ᠡ》 ᠭᠡᠵᠡᠢ᠃ 59 ᠪᠠᠷᠤᠭ ᠨᠢᠭᠡ ᠴᠠᠭ ᠤᠨ ᠳᠠᠷᠠᠭ᠎ᠠ᠂ ᠥᠭᠡᠷ᠎ᠡ ᠨᠢᠭᠡ ᠨᠢ᠄ 《ᠡᠨᠡ ᠬᠥᠮᠦᠨ ᠭᠠᠯᠢᠯᠠᠶ᠎ᠠ ᠶᠢᠨ ᠬᠢ ᠶᠤᠮ ᠴᠢᠨᠢ ᠯᠠᠪ ᠲᠡᠭᠦᠨ ᠲᠡᠢ ᠬᠠᠮᠲᠤ ᠪᠠᠢᠭᠰᠠᠨ》 ᠭᠡᠵᠦ ᠨᠣᠲᠠᠯᠠᠬᠤ ᠳᠤ᠂ 60 ᠫᠧᠲ᠋ᠧᠷ᠄ 《ᠬᠥᠶᠶ ᠴᠢ᠂ ᠶᠠᠭᠤ ᠶᠠᠷᠢᠵᠤ ᠪᠠᠢᠭ᠎ᠠ ᠶᠢ ᠴᠢᠨᠢ ᠪᠢ ᠣᠢᠯᠠᠭᠠᠬᠤ ᠦᠭᠡᠢ ᠪᠠᠢᠨ᠎ᠠ》 ᠭᠡᠵᠦ ᠶᠠᠷᠢᠵᠤ ᠪᠠᠢᠲᠠᠯ᠎ᠠ ᠲᠠᠬᠢᠶ᠎ᠠ ᠳᠤᠤᠭᠠᠷᠤᠯ᠎ᠠ᠃ 61 ᠡᠵᠡᠨ ᠡᠷᠭᠢᠵᠦ ᠫᠧᠲ᠋ᠧᠷ ᠤᠷᠤᠭᠤ ᠬᠠᠷᠠᠬᠤ ᠳᠤ᠂ 《ᠥᠨᠥ ᠰᠥᠨᠢ ᠲᠠᠬᠢᠶ᠎ᠠ ᠳᠤᠤᠭᠠᠷᠬᠤ ᠠᠴᠠ ᠡᠮᠦᠨ᠎ᠡ ᠴᠢ ᠨᠠᠮᠠᠶᠢ ᠲᠠᠨᠢᠬᠤ ᠦᠭᠡᠢ ᠭᠡᠵᠦ ᠭᠤᠷᠪᠠᠨᠲᠠ ᠮᠡᠯᠵᠢᠬᠦ ᠪᠣᠯᠣᠨ᠎ᠠ》 ᠭᠡᠵᠦ ᠥᠪᠡᠷ ᠲᠤᠨᠢ ᠬᠡᠯᠡᠭᠰᠡᠨ ᠡᠵᠡᠨ ᠦ ᠦᠭᠡ ᠶᠢ ᠲᠡᠷᠡ ᠰᠠᠨᠠᠭᠠᠳ 62 ᠭᠠᠳᠠᠨ᠎ᠠ ᠭᠠᠷᠴᠤ ᠭᠠᠰᠢᠭᠤᠳᠠᠨ ᠤᠬᠢᠯᠠᠪᠠ᠃
63 ᠢᠰᠦ᠋ᠰ ᠢ ᠰᠠᠬᠢᠵᠤ ᠪᠠᠢᠭ᠎ᠠ ᠬᠥᠮᠦᠰ ᠲᠡᠭᠦᠨ ᠢ ᠵᠣᠳᠣᠵᠤ ᠳᠣᠭᠣᠭᠢᠯᠠᠨ᠂ 64 ᠨᠢᠳᠦ ᠶᠢ ᠨᠢ ᠪᠦᠲᠡᠭᠡᠭᠡᠳ᠄ 《ᠡᠰᠢ ᠦᠵᠡᠭᠦᠯ ᠳᠠ᠂ ᠴᠢᠮᠠᠶᠢ ᠬᠡᠨ ᠴᠣᠬᠢᠪᠠ︖》 ᠭᠡᠪᠡ᠃ 65 ᠡᠭᠦᠨ ᠡᠴᠡ ᠭᠠᠳᠠᠨ᠎ᠠ᠂ ᠡᠯᠳᠡᠪ ᠦᠨ ᠦᠭᠡ ᠪᠡᠷ ᠲᠡᠭᠦᠨ ᠢ ᠳᠣᠷᠣᠮᠵᠢᠯᠠᠪᠠ᠃
ᠢᠰᠦ᠋ᠰ ᠶᠦᠳᠠᠢᠴᠤᠳ ᠲᠤ ᠰᠢᠭᠦᠭᠳᠡᠭᠰᠡᠨ ᠨᠢ
66 ᠦᠷ ᠴᠠᠢᠬᠤ ᠳᠤ᠂ ᠠᠷᠠᠳ ᠤᠨ ᠠᠬᠠᠯᠠᠭᠴᠢᠳ᠂ ᠲᠤᠬᠠᠢᠯᠠᠪᠠᠯ ᠠᠬᠠᠯᠠᠬᠤ ᠲᠠᠬᠢᠯᠴᠢᠳ ᠪᠠ ᠪᠢᠴᠢᠭᠲᠡᠳ ᠴᠤᠭᠯᠠᠷᠠᠨ᠂ ᠢᠰᠦ᠋ᠰ ᠢ ᠰᠢᠭᠦᠬᠦ ᠵᠥᠪᠯᠡᠯ ᠳᠦ ᠠᠪᠴᠢᠷᠠᠭᠠᠳ᠄ 67 《ᠴᠢ ᠾᠷᠢᠰᠲ᠋ᠣᠰ ᠮᠥᠨ ᠶᠤᠮ ᠪᠣᠯ ᠪᠢᠳᠡᠨ ᠳᠦ ᠬᠡᠯᠡ︕》 ᠭᠡᠬᠦ ᠳᠦ᠂ ᠢᠰᠦ᠋ᠰ᠄ 《ᠪᠢ ᠬᠡᠯᠡᠭᠰᠡᠨ ᠴᠤ ᠲᠠ ᠨᠠᠷ ᠯᠠᠪ ᠢᠲᠡᠭᠡᠬᠦ ᠦᠭᠡᠢ᠂ 68 ᠠᠰᠠᠭᠤᠭᠰᠠᠨ ᠴᠤ ᠯᠠᠪ ᠬᠠᠷᠢᠭᠤᠯᠬᠤ ᠦᠭᠡᠢ᠂ 69 ᠬᠠᠷᠢᠨ ᠡᠭᠦᠨ ᠡᠴᠡ ᠬᠣᠢᠰᠢ᠂ ᠬᠥᠮᠦᠨ ᠦ ᠬᠦᠦ ᠬᠦᠴᠦᠲᠦ ᠪᠤᠷᠬᠠᠨ ᠤ ᠪᠠᠷᠠᠭᠤᠨ ᠲᠠᠯ᠎ᠠ ᠳᠤ ᠰᠠᠭᠤᠬᠤ ᠪᠣᠯᠣᠨ᠎ᠠ》 ᠭᠡᠪᠡ᠃ 70 ᠲᠡᠳᠡ ᠪᠦᠭᠦᠳᠡᠭᠡᠷ ᠢᠶᠡᠨ᠄ 《ᠲᠡᠭᠡᠪᠡᠯ ᠴᠢ ᠪᠤᠷᠬᠠᠨ ᠤ ᠬᠦᠦ ᠮᠥᠨ ᠤᠤ︖》 ᠭᠡᠬᠦ ᠳᠦ᠂ ᠢᠰᠦ᠋ᠰ ᠲᠡᠳᠡᠨ ᠳᠦ᠄ 《ᠲᠠ ᠨᠠᠷ ᠵᠥᠪ ᠶᠠᠷᠢᠵᠤ ᠪᠠᠢᠨ᠎ᠠ᠂ ᠪᠢ ᠮᠥᠨ》 ᠭᠡᠵᠡᠢ᠃ 71 ᠲᠡᠳᠡ᠄ 《ᠪᠢᠳᠡᠨ ᠳᠦ ᠥᠭᠡᠷ᠎ᠡ ᠶᠠᠮᠠᠷ ᠭᠡᠷᠡᠴᠢᠯᠡᠯ ᠬᠡᠷᠡᠭ ᠲᠡᠢ ᠶᠤᠮ ᠪᠤᠢ︖ ᠪᠢᠳᠡ ᠠᠮᠠᠨ ᠠᠴᠠ ᠨᠢ ᠰᠣᠨᠣᠰᠣᠭᠰᠠᠨ ᠰᠢᠦ ᠳᠠ》 ᠭᠡᠵᠦ ᠬᠡᠯᠡᠪᠡ᠃