1 2 3 4 5 6 7 8 9 10 11 12 13 14 15 16 17 18 19 20 21 22 23 24


ᠯᠦᠺ ᠠᠷᠪᠠ
 ᠳᠠᠯᠠᠨ ᠬᠥᠮᠦᠨ ᠢ ᠢᠯᠡᠭᠡᠭᠰᠡᠨ ᠨᠢ

1 ᠡᠭᠦᠨ ᠦ ᠳᠠᠷᠠᠭ᠎ᠠ᠂ ᠡᠵᠡᠨ ᠥᠭᠡᠷ᠎ᠡ ᠳᠠᠯᠠᠨ 〔ᠬᠣᠶᠠᠷ〕 ᠬᠥᠮᠦᠨ ᠢ ᠰᠣᠩ᠋ᠭᠣᠵᠤ᠂ ᠥᠪᠡᠷ ᠦᠨ ᠣᠴᠢᠬᠤ ᠪᠠᠷ ᠪᠠᠢᠭᠰᠠᠨ ᠪᠦᠬᠦ ᠲᠣᠰᠬᠣᠨ ᠪᠠ ᠨᠤᠲᠤᠭ ᠢᠶᠠᠷ ᠲᠡᠳᠡᠨ ᠢ ᠬᠣᠶᠠᠷ ᠬᠣᠶᠠᠷ ᠢᠶᠠᠷ ᠨᠢ ᠤᠷᠢᠳᠠᠪᠠᠷ ᠢᠯᠡᠭᠡᠬᠦ ᠳᠡᠭᠡᠨ᠄ 2 《ᠬᠤᠷᠢᠶᠠᠯᠲᠠ ᠠᠷᠪᠢᠨ᠂ ᠠᠵᠢᠯᠴᠢᠨ ᠴᠥᠭᠡᠨ ᠪᠠᠢᠨ᠎ᠠ᠃ ᠲᠠ ᠨᠠᠷ ᠬᠤᠷᠢᠶᠠᠯᠲᠠ ᠶᠢᠨ ᠡᠵᠡᠨ ᠡᠴᠡ ᠬᠤᠷᠢᠶᠠᠯᠲᠠ ᠶᠢᠨ ᠲᠠᠯᠠᠪᠠᠢ ᠤᠷᠤᠭᠤ ᠪᠠᠨ ᠠᠵᠢᠯᠴᠢᠳ ᠶᠠᠪᠤᠭᠤᠯᠤᠭᠠᠴᠢ ᠭᠡᠵᠦ ᠭᠤᠶᠤᠵᠠᠭ᠎ᠠ᠃ 3 ᠶᠠᠪᠤᠵᠠᠭ᠎ᠠ᠂ ᠪᠢ ᠴᠢᠨᠣ᠎ᠠ ᠶᠢᠨ ᠳᠤᠮᠳᠠ ᠬᠤᠷᠠᠭ᠎ᠠ ᠪᠠᠨ ᠣᠷᠣᠭᠤᠯᠬᠤ ᠮᠡᠲᠦ ᠲᠠ ᠨᠠᠷ ᠢ ᠢᠯᠡᠭᠡᠵᠦ ᠪᠠᠢᠨ᠎ᠠ᠃ 4 ᠬᠡᠲᠡᠪᠴᠢ᠂ ᠪᠣᠭᠴᠣ᠂ ᠱᠠᠬᠠᠢ ᠴᠤ ᠪᠦᠦ ᠠᠪ᠃ ᠵᠠᠮ ᠳᠠᠭᠠᠨ ᠬᠡᠨ ᠲᠡᠢ ᠴᠤ ᠪᠦᠦ ᠮᠡᠨᠳᠦᠯᠡ᠃ 5 ᠶᠠᠮᠠᠷ ᠠᠢᠯ ᠳᠤ ᠣᠷᠣᠭᠰᠠᠨ ᠴᠤ ᠤᠷᠢᠳᠠᠪᠠᠷ᠄ 〈ᠡᠨᠡ ᠠᠢᠯ ᠳᠤ ᠠᠮᠤᠷ ᠲᠠᠢᠪᠤᠩ ᠪᠠᠢᠬᠤ ᠪᠣᠯᠲᠤᠭᠠᠢ︕〉 ᠭᠡᠵᠦ ᠬᠡᠯᠡ᠃ 6 ᠠᠮᠤᠷ ᠲᠠᠢᠪᠤᠩ ᠤᠨ ᠬᠦᠦ ᠲᠡᠨᠳᠡ ᠪᠠᠢᠪᠠᠯ᠂ ᠠᠮᠤᠷ ᠲᠠᠢᠪᠤᠩ ᠴᠢᠨᠢ ᠲᠡᠭᠦᠨ ᠳᠦ ᠣᠷᠣᠰᠢᠵᠤ᠂ ᠦᠭᠡᠢ ᠪᠣᠯ ᠲᠠ ᠨᠠᠷ ᠲᠤ ᠪᠤᠴᠠᠵᠤ ᠢᠷᠡᠨ᠎ᠡ᠃ 7 ᠲᠠ ᠨᠠᠷ ᠲᠡᠷᠡ ᠠᠢᠯ ᠳᠤ ᠪᠠᠢᠭᠰᠠᠭᠠᠷ ᠥᠭᠭᠥᠭᠰᠡᠨ ᠢ ᠨᠢ ᠢᠳᠡᠵᠦ ᠤᠤᠭᠤ᠃ ᠠᠵᠢᠯᠴᠢᠨ ᠬᠥᠯᠥᠰᠥ ᠪᠡᠨ ᠠᠪᠬᠤ ᠨᠢ ᠵᠦᠢᠲᠡᠢ ᠶᠤᠮ᠃ ᠠᠢᠯ ᠠᠴᠠ ᠠᠢᠯ ᠳᠤ ᠪᠦᠦ ᠬᠡᠰᠦᠭᠲᠦᠨ᠃ 8 ᠶᠠᠮᠠᠷ ᠨᠢᠭᠡ ᠲᠣᠰᠬᠣᠨ ᠳᠤ ᠬᠦᠷᠬᠦ ᠳᠦ ᠲᠡᠨᠳᠡᠬᠢ ᠶᠢᠨ ᠬᠢᠨ ᠲᠠ ᠨᠠᠷ ᠢ ᠬᠦᠯᠢᠶᠡᠨ ᠠᠪᠤᠪᠠᠯ᠂ ᠡᠮᠦᠨ᠎ᠡ ᠴᠢᠨᠢ ᠶᠠᠭᠤ ᠲᠠᠯᠪᠢᠭᠰᠠᠨ ᠴᠤ ᠲᠡᠭᠦᠨ ᠢ ᠨᠢ ᠢᠳᠡᠵᠦ᠂ 9 ᠲᠡᠨᠳᠡᠬᠢ ᠡᠪᠡᠳᠴᠢᠲᠡᠨ ᠢ ᠡᠳᠡᠭᠡᠭᠡᠭᠡᠳ ᠲᠡᠳᠡᠨ ᠳᠦ᠄ 〈ᠪᠤᠷᠬᠠᠨ ᠤ ᠬᠠᠭᠠᠨᠴᠢᠯᠠᠯ ᠲᠠ ᠨᠠᠷ ᠲᠤ ᠣᠢᠷᠠᠲᠤᠯ᠎ᠠ〉 ᠭᠡᠵᠦ ᠬᠡᠯᠡ᠃ 10 ᠶᠠᠮᠠᠷ ᠨᠢᠭᠡᠨ ᠲᠣᠰᠬᠣᠨ ᠳᠤ ᠬᠦᠷᠬᠦ ᠳᠦ᠂ ᠲᠡᠨᠳᠡᠬᠢ ᠶᠢᠨ ᠬᠢᠨ ᠲᠠ ᠨᠠᠷ ᠢ ᠬᠦᠯᠢᠶᠡᠨ ᠠᠪᠬᠤ ᠦᠭᠡᠢ ᠪᠣᠯ ᠭᠤᠳᠤᠮᠵᠢᠨ ᠳᠤ ᠭᠠᠷᠴᠤ᠄ 11 〈ᠪᠢᠳᠡᠨ ᠦ ᠬᠥᠯ ᠳᠤ ᠨᠠᠭᠠᠯᠳᠤᠭᠰᠠᠨ ᠲᠣᠰᠬᠣᠨ ᠤ ᠴᠢᠨᠢ ᠲᠣᠭᠣᠰᠣ ᠶᠢ ᠲᠠ ᠨᠠᠷ ᠤᠨ ᠥᠭᠡᠳᠡ ᠡᠴᠡ ᠭᠥᠪᠢᠶ᠎ᠡ᠃ ᠲᠡᠢᠮᠦ ᠪᠣᠯᠪᠠᠴᠤ ᠪᠤᠷᠬᠠᠨ ᠤ ᠬᠠᠭᠠᠨᠴᠢᠯᠠᠯ ᠣᠢᠷᠠᠲᠤᠭᠰᠠᠨ ᠢ ᠮᠡᠳᠡᠵᠡᠭᠡ〉 ᠭᠡᠵᠦ ᠬᠡᠯᠡ᠃ 12 ᠪᠢ ᠲᠠ ᠨᠠᠷ ᠲᠤ ᠬᠡᠯᠡᠶ᠎ᠡ᠃ ᠰᠢᠭᠦᠯᠲᠡ ᠶᠢᠨ ᠡᠳᠦᠷ ᠰᠣᠳᠣᠮᠴᠤᠳ ᠤᠨ ᠬᠦᠯᠢᠶᠡᠬᠦ ᠰᠢᠳᠬᠡᠯ ᠨᠢ ᠲᠡᠷᠡ ᠲᠣᠰᠬᠣᠨ ᠠᠴᠠ ᠠᠷᠠᠢ ᠲᠡᠰᠪᠦᠷᠢᠯᠡᠭᠦᠰᠢᠲᠡᠢ ᠶᠤᠮ᠃

13 ᠴᠢᠮ᠎ᠠ ᠳᠤ ᠭᠠᠢ ᠪᠣᠯᠣᠨ᠎ᠠ᠂ ᠬᠣᠷᠠᠽᠢᠨ ᠡ᠃ ᠴᠢᠮ᠎ᠠ ᠳᠤ ᠭᠠᠢ ᠪᠣᠯᠣᠨ᠎ᠠ᠂ ᠪᠧᠲ᠋ᠰᠠᠢᠳᠠ ᠡ᠃ ᠬᠡᠷᠪᠡ ᠲᠠ ᠨᠠᠷ ᠤᠨ ᠳᠤᠮᠳᠠ ᠲᠣᠬᠢᠶᠠᠯᠳᠤᠭᠰᠠᠨ ᠬᠦᠴᠦᠲᠦ ᠦᠢᠯᠡᠰ ᠲᠢᠷ ᠪᠣᠯᠣᠨ ᠰᠢᠢᠳᠣᠨ ᠳᠤ ᠲᠣᠬᠢᠶᠠᠯᠳᠤᠭᠰᠠᠨ ᠪᠣᠯ᠂ ᠲᠡᠳᠡ ᠬᠡᠳᠦᠢᠨᠡᠢ ᠥᠷᠮᠥᠭ ᠨᠥᠮᠥᠷᠴᠦ ᠦᠨᠡᠰᠦᠨ ᠳᠦ ᠰᠠᠭᠤᠵᠤ ᠭᠡᠮᠰᠢᠬᠦ ᠪᠠᠢᠭᠰᠠᠨ᠃ 14 ᠰᠢᠭᠦᠯᠲᠡ ᠶᠢᠨ ᠡᠳᠦᠷ᠂ ᠲᠢᠷ ᠪᠣᠯᠣᠨ ᠰᠢᠢᠳᠣᠨ ᠤ ᠬᠦᠯᠢᠶᠡᠬᠦ ᠰᠢᠳᠬᠡᠯ ᠨᠢ ᠲᠠ ᠨᠠᠷ ᠠᠴᠠ ᠠᠷᠠᠢ ᠲᠡᠰᠪᠦᠷᠢᠯᠡᠭᠦᠰᠢᠲᠡᠢ ᠶᠤᠮ᠃ 15 ᠺᠠᠹᠠᠷᠨᠠᠦ᠋ᠮ ᠡ᠂ ᠴᠢ ᠲᠩᠷᠢ ᠳᠤ ᠬᠦᠷᠲᠡᠯ᠎ᠡ ᠡᠷᠭᠦᠭᠳᠡᠨ᠎ᠡ ᠭᠡᠵᠢ ᠤᠤ︖ ᠴᠢ ᠦᠬᠦᠭᠰᠡᠳ ᠦᠨ ᠣᠷᠣᠨ ᠳᠤ ᠬᠦᠷᠲᠡᠯ᠎ᠡ ᠤᠨᠠᠭᠠᠭᠳᠠᠬᠤ ᠪᠣᠯᠣᠨ᠎ᠠ᠃

16 ᠲᠠ ᠨᠠᠷ ᠤᠨ ᠬᠢ ᠶᠢ ᠰᠣᠨᠣᠰᠣᠭᠴᠢ ᠨᠢ ᠮᠢᠨᠦᠬᠢ ᠶᠢ ᠰᠣᠨᠣᠰᠣᠨ᠎ᠠ᠂ ᠲᠠ ᠨᠠᠷ ᠢ ᠭᠣᠯᠣᠭᠴᠢ ᠨᠢ ᠨᠠᠮᠠᠶᠢ ᠭᠣᠯᠣᠨ᠎ᠠ᠂ ᠨᠠᠮᠠᠶᠢ ᠭᠣᠯᠣᠭᠴᠢ ᠨᠢ ᠨᠠᠮᠠᠶᠢ ᠢᠯᠡᠭᠡᠭᠰᠡᠨ ᠨᠢᠭᠡᠨ ᠢ ᠭᠣᠯᠣᠵᠤ ᠪᠠᠢᠭ᠎ᠠ ᠶᠤᠮ》 ᠭᠡᠵᠡᠢ᠃
 ᠪᠠᠶᠠᠰᠬᠤᠯᠠᠩ ᠲᠠᠢ ᠦᠷ᠎ᠡ ᠳ᠋ᠦᠩ

17 ᠨᠥᠭᠥᠭᠡ ᠳᠠᠯᠠᠨ 〔ᠬᠣᠶᠠᠷ〕 ᠬᠥᠮᠦᠨ ᠪᠠᠶᠠᠷ ᠲᠠᠢ ᠪᠠᠷ ᠪᠤᠴᠠᠨ ᠢᠷᠡᠭᠡᠳ᠄ 《ᠡᠵᠡᠨ ᠡ᠂ ᠲᠠᠨ ᠤ ᠨᠡᠷ᠎ᠡ ᠪᠡᠷ ᠴᠢᠳᠬᠥᠷ ᠤᠳ ᠴᠤ ᠪᠢᠳᠡᠨ ᠳᠦ ᠵᠠᠬᠢᠷᠤᠭᠳᠠᠵᠤ ᠪᠠᠢᠨ᠎ᠠ》 ᠭᠡᠬᠦ ᠳᠦ᠂ 18 ᠢᠰᠦ᠋ᠰ᠄ 《ᠲᠩᠷᠢ ᠳᠡᠭᠡᠷ᠎ᠡ ᠡᠴᠡ ᠰᠠᠲ᠋ᠠᠨ ᠠᠶᠤᠩ᠋ᠭ᠎ᠠ ᠮᠡᠲᠦ ᠤᠨᠠᠬᠤ ᠶᠢ ᠪᠢ ᠬᠠᠷᠠᠵᠤ ᠪᠠᠢᠭᠰᠠᠨ᠃ 19 ᠮᠣᠭᠠᠢ ᠪᠠ ᠬᠢᠯᠢᠨᠴᠡᠲᠦ ᠬᠣᠷᠣᠬᠠᠢ ᠶᠢ ᠭᠢᠰᠬᠢᠵᠦ᠂ ᠳᠠᠢᠰᠤᠨ ᠤ ᠬᠠᠮᠤᠭ ᠬᠦᠴᠦ ᠡᠴᠡ ᠳᠠᠪᠠᠬᠤ ᠡᠷᠬᠡ ᠮᠡᠳᠡᠯ ᠢ ᠪᠢ ᠲᠠ ᠨᠠᠷ ᠲᠤ ᠥᠭᠭᠥᠭᠰᠡᠨ᠂ ᠶᠠᠮᠠᠷᠪᠠ ᠶᠠᠭᠤᠮ᠎ᠠ ᠴᠤ ᠲᠠ ᠨᠠᠷ ᠲᠤ ᠬᠣᠣᠷ ᠬᠦᠷᠭᠡᠬᠦ ᠦᠭᠡᠢ ᠶᠤᠮ᠃ 20 ᠲᠡᠢᠮᠦ ᠪᠣᠯᠪᠠᠴᠤ ᠴᠢᠳᠬᠥᠷ ᠤᠳ ᠵᠠᠬᠢᠷᠤᠭᠳᠠᠵᠤ ᠪᠠᠢᠭ᠎ᠠ ᠭᠡᠵᠦ ᠪᠦᠦ ᠪᠠᠶᠠᠷᠯᠠᠵᠠᠭ᠎ᠠ᠃ ᠬᠠᠷᠢᠨ ᠲᠠ ᠨᠠᠷ ᠤᠨ ᠨᠡᠷ᠎ᠡ ᠲᠩᠷᠢ ᠳᠤ ᠪᠢᠴᠢᠭᠳᠡᠭᠰᠡᠨ ᠳᠦ ᠪᠠᠶᠠᠷᠯᠠ》 ᠭᠡᠪᠡ᠃

21 ᠶᠠᠭ ᠲᠡᠷᠡ ᠴᠠᠭ ᠲᠤ᠂ ᠢᠰᠦ᠋ᠰ ᠠᠷᠢᠭᠤᠨ ᠰᠦᠨᠡᠰᠦ ᠪᠡᠷ ᠪᠠᠶᠠᠰᠴᠤ᠄ 《ᠲᠠᠨ ᠢ ᠮᠠᠭᠲᠠᠶ᠎ᠠ᠂ ᠠᠪᠤ ᠡ᠂ ᠲᠩᠷᠢ ᠭᠠᠵᠠᠷ ᠤᠨ ᠡᠵᠡᠨ᠂ ᠲᠠ ᠡᠳᠡᠭᠡᠷ ᠢ ᠰᠡᠴᠡᠨ ᠤᠬᠠᠭᠠᠨᠲᠠᠳ ᠠᠴᠠ ᠨᠢᠭᠤᠵᠤ ᠨᠢᠯᠬ᠎ᠠ ᠬᠡᠦᠬᠡᠳ ᠤᠳ ᠲᠤ ᠢᠯᠡᠷᠬᠡᠶᠢᠯᠡᠭᠰᠡᠨ ᠪᠢᠯᠡ᠃ ᠲᠡᠢᠮᠦ ᠡ᠂ ᠠᠪᠤ ᠡ᠂ ᠲᠠᠨ ᠤ ᠲᠠᠭᠠᠯᠠᠯ ᠡᠨᠡ ᠪᠠᠢᠵᠠᠢ᠃ 22 ᠡᠴᠢᠭᠡ ᠮᠢᠨᠢ ᠠᠯᠢᠪᠠ ᠶᠢ ᠨᠠᠳᠠ ᠳᠤ ᠲᠤᠰᠢᠶᠠᠭᠰᠠᠨ᠃ ᠬᠦᠦ ᠶᠢᠨ ᠬᠡᠨ ᠪᠣᠯᠬᠤ ᠶᠢ ᠡᠴᠢᠭᠡ ᠡᠴᠡ ᠨᠢ ᠥᠭᠡᠷ᠎ᠡ ᠬᠡᠨ ᠴᠤ ᠮᠡᠳᠡᠳᠡᠭ ᠦᠭᠡᠢ᠃ ᠡᠴᠢᠭᠡ ᠶᠢᠨ ᠬᠡᠨ ᠪᠣᠯᠬᠤ ᠶᠢ ᠬᠦᠦ ᠪᠣᠯᠣᠨ ᠡᠴᠢᠭᠡ ᠪᠡᠨ ᠲᠡᠳᠡᠨ ᠳᠦ ᠢᠯᠡᠷᠬᠡᠶᠢᠯᠡᠶ᠎ᠡ ᠭᠡᠵᠦ ᠬᠦᠦ ᠶᠢᠨ ᠰᠣᠩ᠋ᠭᠣᠭᠰᠠᠨ ᠬᠥᠮᠦᠰ ᠡᠴᠡ ᠥᠭᠡᠷ᠎ᠡ ᠬᠡᠨ ᠴᠤ ᠮᠡᠳᠡᠳᠡᠭ ᠦᠭᠡᠢ》 ᠭᠡᠳ 23 ᠱᠠᠪᠢ ᠨᠠᠷ ᠤᠷᠤᠭᠤ ᠪᠠᠨ ᠡᠷᠭᠢᠵᠦ ᠠᠰ ᠲᠤᠨᠢ᠄ 《ᠲᠠ ᠨᠠᠷ ᠤᠨ ᠬᠠᠷᠠᠵᠤ ᠪᠤᠢ ᠶᠢ ᠬᠠᠷᠠᠵᠤ ᠪᠠᠢᠭ᠎ᠠ ᠨᠢᠳᠦ ᠪᠤᠶᠠᠨ ᠲᠠᠢ᠃ 24 ᠪᠢ ᠲᠠ ᠨᠠᠷ ᠲᠤ ᠬᠡᠯᠡᠶ᠎ᠡ᠃ ᠣᠯᠠᠨ ᠡᠰᠢ ᠦᠵᠡᠭᠦᠯᠦᠭᠴᠢ ᠪᠣᠯᠣᠨ ᠬᠠᠭᠠᠳ ᠲᠠ ᠨᠠᠷ ᠤᠨ ᠬᠠᠷᠠᠵᠤ ᠪᠠᠢᠭ᠎ᠠ ᠶᠢ ᠬᠠᠷᠠᠶ᠎ᠠ ᠭᠡᠰᠡᠨ ᠪᠣᠯᠪᠠᠴᠤ ᠬᠠᠷᠠᠭᠰᠠᠨ ᠦᠭᠡᠢ᠂ ᠲᠠ ᠨᠠᠷ ᠤᠨ ᠰᠣᠨᠣᠰᠴᠤ ᠪᠠᠢᠭ᠎ᠠ ᠶᠢ ᠰᠣᠨᠣᠰᠣᠶ᠎ᠠ ᠭᠡᠰᠡᠨ ᠪᠣᠯᠪᠠᠴᠤ ᠰᠣᠨᠣᠰᠣᠭᠰᠠᠨ ᠦᠭᠡᠢ》 ᠭᠡᠵᠦ ᠶᠠᠷᠢᠪᠠ᠃
 ᠰᠠᠢᠨ ᠰᠠᠨᠠᠭᠠᠲᠤ ᠰᠠᠮᠠᠷᠢᠶ᠎ᠠ ᠬᠥᠮᠦᠨ

25 ᠨᠢᠭᠡᠨ ᠬᠠᠤᠯᠢ ᠶᠢᠨ ᠪᠠᠭᠰᠢ ᠪᠣᠰᠣᠭᠠᠳ ᠢᠰᠦ᠋ᠰ ᠢ ᠰᠣᠷᠢᠵᠤ᠄ 《ᠪᠠᠭᠰᠢ ᠡ᠂ ᠪᠢ ᠶᠠᠭᠤ ᠬᠢᠪᠡᠯ ᠮᠥᠩᠬᠡ ᠠᠮᠢ ᠶᠢ ᠥᠪᠯᠡᠨ ᠠᠪᠬᠤ ᠪᠢᠯᠡ︖》 ᠭᠡᠬᠦ ᠳᠦ᠂ 26 ᠢᠰᠦ᠋ᠰ᠄ 《ᠬᠠᠤᠯᠢ ᠳᠤ ᠶᠠᠭᠤ ᠭᠡᠵᠦ ᠪᠢᠴᠢᠭᠳᠡᠭᠰᠡᠨ ᠪᠤᠢ︖ ᠴᠢ ᠶᠠᠭᠠᠬᠢᠵᠤ ᠤᠩ᠋ᠰᠢᠳᠠᠭ ᠪᠤᠢ︖》 ᠭᠡᠪᠡ᠃ 27 ᠲᠡᠷᠡ ᠬᠠᠷᠢᠭᠤ ᠳᠤᠨᠢ᠄ 《〈ᠴᠢ ᠡᠵᠡᠨ ᠪᠤᠷᠬᠠᠨ ᠢᠶᠠᠨ ᠪᠦᠬᠦ ᠵᠢᠷᠦᠬᠡ᠂ ᠪᠦᠬᠦ ᠠᠮᠢ᠂ ᠪᠦᠬᠦ ᠬᠦᠴᠦ᠂ ᠪᠦᠬᠦ ᠣᠶᠤᠨ ᠢᠶᠠᠷ ᠢᠶᠠᠨ ᠬᠠᠢᠷᠠᠯᠠ᠂ ᠪᠠᠰᠠ ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ〉 ᠭᠡᠰᠡᠨ》 ᠭᠡᠵᠡᠢ᠃ 28 ᠢᠰᠦ᠋ᠰ᠄ 《ᠴᠢ ᠵᠥᠪ ᠬᠠᠷᠢᠭᠤᠯᠤᠯ᠎ᠠ᠃ ᠡᠭᠦᠨᠴᠢᠯᠡᠨ ᠦᠢᠯᠡᠳ᠂ ᠲᠡᠭᠡᠪᠡᠯ ᠴᠢ ᠠᠮᠢᠳᠤᠷᠠᠨ᠎ᠠ》 ᠭᠡᠪᠡ᠃

29 ᠲᠡᠷᠡ ᠬᠥᠮᠦᠨ ᠥᠪᠡᠷ ᠢ ᠪᠠᠨ ᠵᠥᠪᠲᠥᠭᠡᠬᠦ ᠭᠡᠵᠦ᠄ 《ᠲᠡᠭᠡᠪᠡᠯ ᠮᠢᠨᠦ ᠬᠥᠷᠰᠢ ᠬᠡᠨ ᠪᠤᠢ︖》 ᠭᠡᠵᠦ ᠠᠰᠠᠭᠤᠬᠤ ᠳᠤ᠂ 30 ᠢᠰᠦ᠋ᠰ᠄ 《ᠨᠢᠭᠡᠨ ᠬᠥᠮᠦᠨ ᠶᠧᠷᠦ᠋ᠰᠠᠯᠧᠮ ᠡᠴᠡ ᠶᠧᠷᠢᠺᠣ ᠤᠷᠤᠭᠤ ᠶᠠᠪᠤᠵᠤ ᠪᠠᠢᠭᠠᠳ ᠳᠡᠭᠡᠷᠡᠮᠴᠢᠳ ᠤᠨ ᠭᠠᠷ ᠲᠤ ᠥᠷᠲᠥᠵᠡᠢ᠃ ᠳᠡᠭᠡᠷᠡᠮᠴᠢᠳ ᠲᠡᠭᠦᠨ ᠦ ᠬᠤᠪᠴᠠᠰᠤ ᠶᠢ ᠲᠠᠢᠯᠵᠤ ᠵᠣᠳᠣᠭᠠᠳ ᠠᠮᠢ ᠲᠠᠢ ᠯᠠ ᠣᠷᠬᠢᠭᠠᠳ ᠶᠠᠪᠤᠵᠠᠢ᠃ 31 ᠢᠩᠭᠢᠲᠡᠯ᠎ᠡ ᠨᠢᠭᠡᠨ ᠲᠠᠬᠢᠯᠴᠢ ᠲᠡᠷᠡ ᠵᠠᠮ ᠢᠶᠠᠷ ᠶᠠᠪᠤᠵᠤ ᠪᠠᠢᠭᠠᠳ ᠲᠡᠭᠦᠨ ᠢ ᠦᠵᠡᠭᠡᠳ ᠳᠡᠷᠭᠡᠳᠡᠭᠦᠷ ᠨᠢ ᠥᠩᠭᠡᠷᠡᠭᠡᠳ ᠶᠠᠪᠤᠴᠢᠬᠠᠪᠠ᠃ 32 ᠪᠠᠰᠠ ᠨᠢᠭᠡ ᠯᠧᠸᠢ ᠬᠥᠮᠦᠨ ᠲᠡᠨᠳᠡ ᠬᠦᠷᠴᠦ ᠢᠷᠡᠭᠡᠳ ᠲᠡᠭᠦᠨ ᠢ ᠦᠵᠡᠭᠡᠳ ᠥᠩᠭᠡᠷᠡᠭᠡᠳ ᠶᠠᠪᠤᠴᠢᠬᠠᠪᠠ᠃ 33 ᠬᠠᠷᠢᠨ ᠨᠢᠭᠡ ᠰᠠᠮᠠᠷᠢᠶ᠎ᠠ ᠬᠥᠮᠦᠨ ᠠᠶᠠᠨ ᠵᠠᠮ ᠳᠠᠭᠠᠨ ᠲᠡᠭᠦᠨ ᠦ ᠲᠡᠨᠳᠡ ᠢᠷᠡᠵᠦ᠂ ᠲᠡᠭᠦᠨ ᠢ ᠦᠵᠡᠭᠡᠳ ᠥᠷᠥ ᠡᠪᠡᠳᠦᠨ 34 ᠳᠡᠷᠭᠡᠳᠡ ᠨᠢ ᠬᠦᠷᠴᠦ ᠰᠢᠷᠬᠠᠨ ᠳᠤᠨᠢ ᠲᠣᠰᠣ ᠪᠣᠯᠣᠨ ᠦᠵᠦᠮ ᠦᠨ ᠳᠠᠷᠠᠰᠤ ᠲᠦᠷᠬᠢᠵᠦ ᠪᠣᠭᠣᠭᠠᠳ ᠤᠨᠤᠭ᠎ᠠ ᠳᠠᠭᠠᠨ ᠤᠨᠤᠭᠤᠯᠵᠤ᠂ ᠪᠠᠭᠤᠳᠠᠯ ᠳᠤ ᠠᠪᠠᠴᠢᠨ ᠠᠰᠠᠷᠠᠵᠠᠢ᠃ 35 ᠳᠠᠷᠠᠭ᠎ᠠ ᠡᠳᠦᠷ ᠨᠢ ᠲᠡᠷᠡ ᠪᠠᠭᠤᠳᠠᠯ ᠤᠨ ᠡᠵᠡᠨ ᠳᠦ ᠬᠣᠶᠠᠷ ᠳ᠋ᠧᠨᠠᠷ 13 ᠥᠭᠭᠥᠭᠡᠳ᠄ 〈ᠲᠡᠭᠦᠨ ᠢ ᠠᠰᠠᠷᠠ᠂ ᠢᠯᠡᠭᠦᠦ ᠵᠠᠷᠤᠳᠠᠯ ᠭᠠᠷᠪᠠᠯ ᠪᠢ ᠪᠤᠴᠠᠵᠤ ᠢᠷᠡᠬᠦ ᠳᠡᠭᠡᠨ ᠥᠭᠭᠥᠶ᠎ᠡ〉 ᠭᠡᠵᠦ ᠬᠡᠯᠡᠵᠡᠢ᠃ 36 ᠡᠨᠡ ᠭᠤᠷᠪᠠ ᠶᠢᠨ ᠬᠡᠨ ᠨᠢ ᠳᠡᠭᠡᠷᠡᠮᠴᠢᠳ ᠤᠨ ᠭᠠᠷ ᠲᠤ ᠥᠷᠲᠥᠭᠰᠡᠨ ᠬᠥᠮᠦᠨ ᠦ ᠬᠥᠷᠰᠢ ᠪᠣᠯᠣᠨ᠎ᠠ ᠭᠡᠵᠦ ᠴᠢ ᠪᠣᠳᠣᠵᠤ ᠪᠠᠢᠨ᠎ᠠ ᠪᠤᠢ︖》 ᠭᠡᠬᠦ ᠳᠦ᠂ 37 ᠲᠡᠷᠡ᠄ 《ᠲᠡᠭᠦᠨ ᠳᠦ ᠥᠷᠥᠰᠢᠶᠡᠯ ᠦᠵᠡᠭᠦᠯᠦᠭᠰᠡᠨ ᠬᠥᠮᠦᠨ ᠨᠢ ᠰᠢᠳᠡ》 ᠭᠡᠪᠡ᠃ ᠢᠰᠦ᠋ᠰ ᠲᠡᠭᠦᠨ ᠳᠦ᠄ 《ᠴᠢ ᠪᠠᠰᠠ ᠶᠠᠪᠤᠵᠤ ᠲᠡᠭᠦᠨ ᠲᠡᠢ ᠠᠳᠠᠯᠢ ᠦᠢᠯᠡᠳᠦᠭᠲᠦᠨ》 ᠭᠡᠵᠦ ᠬᠡᠯᠡᠵᠡᠢ᠃
 ᠮᠠᠷᠲ᠋ᠠ ᠮᠠᠷᠢᠶᠠ ᠬᠣᠶᠠᠷ

38 ᠢᠰᠦ᠋ᠰ ᠱᠠᠪᠢ ᠨᠠᠷ ᠲᠠᠢ ᠪᠠᠨ ᠠᠶᠠᠯᠠᠵᠤ ᠪᠠᠢᠬᠤ ᠳᠠᠭᠠᠨ ᠨᠢᠭᠡ ᠲᠣᠰᠬᠣᠨ ᠳᠤ ᠣᠷᠣᠬᠤ ᠳᠤ᠂ ᠮᠠᠷᠲ᠋ᠠ ᠭᠡᠳᠡᠭ ᠨᠢᠭᠡ ᠡᠮᠡᠭᠲᠡᠢ ᠲᠡᠭᠦᠨ ᠢ ᠭᠡᠷ ᠲᠡᠭᠡᠨ ᠤᠭᠲᠤᠨ ᠠᠪᠤᠪᠠ᠃ 39 ᠲᠡᠭᠦᠨ ᠳᠦ ᠮᠠᠷᠢᠶᠠ ᠭᠡᠳᠡᠭ ᠥᠬᠢᠨ ᠳᠡᠭᠦᠦ ᠪᠠᠢᠪᠠ᠃ ᠲᠡᠷᠡ ᠡᠵᠡᠨ ᠦ ᠬᠥᠯ ᠦᠨ ᠳᠡᠷᠭᠡᠳᠡ ᠰᠠᠭᠤᠭᠠᠳ ᠦᠭᠡ ᠶᠢ ᠨᠢ ᠰᠣᠨᠣᠰᠴᠤ ᠪᠠᠢᠯ᠎ᠠ᠃ 40 ᠬᠠᠷᠢᠨ ᠮᠠᠷᠲ᠋ᠠ ᠦᠢᠯᠡᠴᠢᠯᠡᠬᠦ ᠠᠵᠢᠯ ᠶᠡᠬᠡ ᠲᠠᠢ ᠪᠣᠯᠬᠣᠷ ᠮᠤᠩ᠋ᠭᠠᠨᠢᠨ ᠢᠰᠦ᠋ᠰ ᠤᠷᠤᠭᠤ ᠣᠴᠢᠵᠤ᠄ 《ᠡᠵᠡᠨ ᠡ᠂ ᠮᠢᠨᠦ ᠳᠡᠭᠦᠦ ᠨᠠᠮᠠᠶᠢ ᠭᠠᠭᠴᠠᠭᠠᠷ ᠠᠵᠢᠯ ᠬᠢᠯᠭᠡᠵᠦ ᠣᠷᠬᠢᠭᠰᠠᠨ ᠢ ᠲᠠ ᠣᠢᠰᠢᠶᠠᠬᠤ ᠦᠭᠡᠢ ᠤᠤ︖ ᠲᠡᠭᠦᠨ ᠢ ᠨᠠᠳᠠ ᠳᠤ ᠲᠤᠰᠠᠯᠠ ᠭᠡᠵᠦ ᠬᠡᠯᠡᠭᠡᠴᠢ》 ᠭᠡᠰᠡᠨ ᠳᠦ᠂ 41 ᠡᠵᠡᠨ ᠬᠠᠷᠢᠭᠤ ᠳᠤᠨᠢ᠄ 《ᠮᠠᠷᠲ᠋ᠠ ᠡ᠂ ᠮᠠᠷᠲ᠋ᠠ ᠡ᠂ ᠴᠢ ᠣᠯᠠᠨ ᠶᠠᠭᠤᠮᠠᠨ ᠳᠤ ᠰᠠᠨᠠᠭ᠎ᠠ ᠲᠠᠯᠪᠢᠵᠤ ᠵᠣᠪᠠᠬᠤ ᠶᠤᠮ ᠳᠠ᠂ 42 ᠬᠠᠷᠢᠨ ᠭᠠᠭᠴᠠ ᠵᠦᠢᠯ ᠯᠠ ᠬᠡᠷᠡᠭ ᠲᠡᠢ᠂ ᠮᠠᠷᠢᠶᠠ ᠲᠡᠷᠡ ᠰᠠᠢᠨ ᠢ ᠰᠣᠩ᠋ᠭᠣᠭᠰᠠᠨ ᠪᠣᠯᠬᠣᠷ ᠬᠡᠨ ᠴᠤ ᠲᠡᠭᠦᠨ ᠡᠴᠡ ᠪᠤᠯᠢᠶᠠᠵᠤ ᠴᠢᠳᠠᠬᠤ ᠦᠭᠡᠢ ᠶᠤᠮ》 ᠭᠡᠪᠡ᠃